ᠬᠠᠭᠤᠴᠢᠨ ᠬᠦᠦ

ᠭᠦᠳᠡᠭᠡ ᠶᠢᠨ ᠪᠠᠢ᠌ᠳᠠᠯ ᠢᠯᠤᠮ ᠵᠢᠯᠤᠮ᠂ ᠴᠠᠭ ᠤᠨ ᠣᠯᠠᠷᠢᠯ ᠣᠷᠤᠭ᠎ᠠ ᠪᠣᠰᠬᠠᠭ᠎ᠠ᠃

ᠮᠠᠩᠬᠠᠨ ᠤ ᠣᠷᠤᠢ᠂ ᠳᠠᠴᠢᠷ ᠪᠠᠯᠴᠢᠭᠡᠷ ᠤᠨ ᠳᠤᠮᠳᠠᠭᠢ ᠬᠠᠶᠠ ᠨᠢᠭᠡ ᠰᠢᠪᠠᠷ ᠪᠠᠢ᠌ᠰᠢᠩ ᠡᠴᠡ ᠣᠳᠤᠭ᠎ᠠ ᠰᠤᠭᠤᠨᠠᠭᠯᠠᠨ᠎ᠠ᠂ ᠠᠢ᠌ᠯ ᠤᠨ ᠬᠠᠶᠠᠭ᠎ᠠ ᠪᠠᠷ ᠰᠦᠯᠢᠶᠤᠤ ᠣᠭᠤᠳᠠ ᠭᠦᠭ᠍ᠯᠡᠷᠡᠨ ᠭᠡᠢ᠌ᠰᠦᠨ᠎ᠡ᠃ ᠡᠭᠦᠪᠠᠷ ᠳᠡᠭᠦᠪᠠᠷ ᠭᠠᠵᠠᠷ ᠤᠨ ᠪᠠᠶᠠᠯᠢᠭ ᠢ ᠰᠢᠭᠰᠢᠰᠡᠨ ᠮᠠᠰᠢᠨ ᠳᠡᠷᠭᠡ ᠨᠡᠭᠦᠷᠡᠰᠤ᠂ ᠳᠤᠰᠤ ᠳᠡᠬᠡᠬᠡᠪᠤᠷᠢᠯᠡᠨ ᠭᠦᠡᠳᠡᠯᠡᠨ ᠭᠤᠯᠳᠤ ᠦᠭᠡᠶ ᠳᠠᠪᠭᠢᠨ᠎ᠠ᠃ ᠬᠠᠪᠣᠷ ᠤᠨ ᠠᠭᠤᠷ ᠣᠷᠤᠬᠤ ᠡᠴᠡ ᠨᠠᠮᠤᠷ ᠤᠨ ᠰᠡᠬᠦᠯ ᠬᠤᠷᠢᠶᠡᠬᠤ ᠪᠣᠯᠳᠠᠯ᠎ᠠ ᠳᠤᠤᠷ ᠤᠨ ᠵᠡᠭᠦᠨ ᠵᠠᠬ᠎ᠠ ᠡᠴᠡ ᠪᠠᠷᠠᠭᠤᠨ ᠵᠠᠬ᠎ᠠ ᠣᠷᠤᠭᠤ ᠥᠭ᠍ᠰᠤᠨ ᠣᠷᠤᠭᠤᠳᠠᠨ ᠨᠡᠭᠦᠵᠤ᠂ ᠨᠢᠬᠡᠨ ᠮᠡᠰᠢᠨ ᠬᠤᠤᠠᠳᠤᠭ ᠤᠨ ᠡᠷᠭᠢᠨ ᠳᠤᠭᠤᠷᠢᠨ ᠳᠤ ᠭᠡᠳᠤᠨ ᠬᠤᠨᠢ ᠪᠠᠨ ᠪᠠᠯᠴᠢᠭᠡᠷᠯᠡᠭᠦᠯᠦᠭ᠍ᠰᠡᠭᠡᠷ ᠡᠳᠦᠷ ᠰᠠᠷ᠎ᠠ ᠶᠢ ᠣᠯᠠᠷᠢᠭᠤᠯᠤᠨ᠎ᠠ᠃ ᠭᠠᠴᠠᠭᠠᠨ ᠳᠠᠷᠤᠭ᠎ᠠ ᠰᠤᠮᠤᠨ ᠡᠴᠡ ᠢᠷᠠᠵᠤ ᠮᠠᠯ ᠶᠢᠡᠨ ᠬᠠᠰᠢᠶᠠᠯᠠ ᠭᠡᠵᠤ ᠬᠠᠳᠠᠭᠤ ᠴᠢᠩᠭ᠋᠎ᠠ ᠵᠠᠩᠨᠠᠬᠤ ᠪᠠ ᠬᠤᠰᠢᠭᠤᠨ ᠳᠠᠷᠤᠭ᠎ᠠ ᠳᠡᠭᠡᠷ᠎ᠡ ᠡᠴᠡ ᠢᠷᠠᠵᠤ ᠨᠤᠳᠤᠭ ᠪᠠᠯᠴᠢᠭᠡᠷ ᠳᠠᠳᠠᠪᠣᠷᠢᠯᠠᠨ᠎ᠠ᠂ ᠨᠡᠭᠦᠵᠤ ᠭᠠᠷ ︕ ᠭᠡᠵᠤ ᠡᠡᠶ‍ᠦᠯᠭᠠᠨ ᠰᠥᠷᠳᠡᠭᠦᠯᠬᠦ ᠳᠤ ᠳᠠᠭᠵᠢᠡ ᠴᠡᠴᠡᠷᠬᠢᠯᠡᠭᠰᠡᠬᠡᠷ ᠨᠢᠭᠡ ᠡᠳᠦᠷ ᠢ ᠥᠩᠭᠡᠷᠡᠭᠡᠨ᠎ᠡ᠃

ᠤᠯᠡᠮᠵᠢᠯᠡᠯᠳᠤ ᠪᠦᠳᠦᠭᠦᠯᠢᠭ᠌ ᠭᠡᠯᠪᠠᠷᠢ ᠵᠢᠨ ᠥᠢᠯᠡᠳᠪᠤᠷᠢᠯᠡᠯ ᠡᠴᠡ ᠪᠠᠨ ᠡᠭᠦᠷᠢᠳᠡ ᠠᠩᠭᠢᠵᠢᠷᠠᠨ ᠰᠢᠡᠵᠢᠯᠡᠭᠦ ᠣᠬᠠᠭᠠᠠᠴᠢ ᠬᠠᠰᠢᠶᠠᠯᠠᠵᠤ ᠳᠡᠵᠢᠭᠡᠭᠦ ᠣᠳᠤᠭᠢᠴᠢᠯᠠᠭᠰᠠᠨ ᠠᠷᠭ᠎ᠠ ᠳᠤ ᠰᠢᠭᠤᠳ ᠰᠢᠯᠵᠢᠨ ᠣᠷᠤᠭᠰᠠᠨ ᠣᠳᠤ ᠦᠶ᠎ᠡ ᠶᠢᠨ ᠰᠢᠨ᠎ᠠ ᠮᠠᠯᠴᠢᠨ ᠤ ᠵᠤᠯ ᠵᠢᠷᠭᠠᠯᠳᠤ ᠠᠮᠢᠳᠤᠷᠠᠯ ᠢ ᠬᠠᠷᠠᠭᠤᠯᠤᠭᠰᠠᠨ ᠲᠸᠯᠸᠢᠰ ᠰᠤᠨᠢᠨ ᠮᠡᠳᠡᠭᠡ ᠪᠠᠨ ᠬᠠᠷᠠᠨ ᠨᠢᠭᠡ ᠦᠳᠡᠰᠢ ᠵᠢ ᠳᠠᠭᠤᠰᠬᠠᠨ᠎ᠠ᠃ ᠬᠤᠰᠢᠭᠤᠨ ᠵᠠᠬ᠎ᠠ ᠶᠢᠨ ᠵᠢᠵᠢᠭ᠌ ᠬᠤᠭᠤᠯᠡᠨ ᠬᠡᠷ ᠳᠦ ᠨᠢᠭᠡ ᠬᠤᠨᠢ ᠪᠠᠨ ᠳᠠᠷᠤᠵᠤ ᠭᠡᠳᠤᠭᠦᠯᠡ ᠪᠠᠨ ᠠᠷᠢᠭᠢᠳᠠᠨ ᠨᠢᠭᠡ ᠰᠦᠨᠢ ᠶᠢ ᠥᠩᠭᠡᠷᠡᠭᠦᠯᠵᠤ᠂ ᠮᠠᠢ᠌ᠮᠠᠢ᠌ᠴᠢᠨ ᠤ ᠥᠭ᠍ᠴᠡᠭᠡ ᠦᠭ‍ᠭᠦ ᠭᠡᠵᠤ ᠬᠤᠳᠠᠨ ᠤ ᠬᠤᠨᠢ ᠪᠠᠨ ᠵᠢᠭᠠᠨ ᠬᠠᠷᠠᠰᠬᠤ ᠵᠠᠪ ᠦᠭᠡᠶ ᠰᠢᠷ᠎ᠠ ᠲᠡᠶ ᠭᠡᠪᠳᠡᠨ ᠨᠢᠭᠡ ᠡᠳᠦᠷ ᠵᠢᠡᠨ ᠳᠠᠭᠤᠰᠬᠠᠨ᠎ᠠ᠃

ᠬᠠᠭᠤᠴᠢᠨ ᠭᠦᠤ ᠪᠠᠯᠪᠠᠷᠬᠠᠢ ᠮᠤᠲ᠋ᠤᠷ ᠶᠢᠡᠨ ᠫᠠᠷᠴᠢᠭᠢᠨᠠᠭᠤᠯᠤᠭᠰᠠᠭᠠᠷ ᠭᠦᠷᠴᠤ ᠢᠷᠠᠯ᠎ᠠ᠃ ᠳᠡᠷᠡ᠂ ᠭᠬᠢᠷᠳᠦᠡ ᠥᠩᠭᠡ ᠨᠢ ᠢᠯᠡᠭᠠᠬᠳᠡᠬᠤ ᠥᠬᠡᠢ ᠪᠤᠯᠤᠬᠰᠡᠨ ᠭᠦᠷᠮ᠎ᠡ ᠶᠢᠨ ᠬᠠᠠᠴᠤᠢ ᠪᠠᠷ ᠶᠢᠡᠨ ᠮᠠᠩᠨᠠᠢ ᠶᠢᠨ ᠭᠦᠯᠦᠰᠤ ᠪᠠᠨ ᠠᠷᠴᠢᠭᠰᠠᠭᠠᠷ ᠠᠢ᠌ᠯ ᠤᠨ ᠭᠠᠳᠠᠨ᠎ᠠ ᠪᠠᠭᠤᠪᠠ᠃ ᠪᠠᠯᠳᠠᠨ ᠤ ᠭᠢ ᠡᠴᠡ ᠨᠡᠭᠦᠷᠡᠰᠤ ᠭᠠᠷᠬᠤ ᠭᠡᠵᠤ ᠪᠠᠢ᠌ᠨ᠎ᠠ ᠭᠡᠨ᠎ᠡ᠂ ᠳᠠᠮᠪᠠ ᠶᠢᠨ ᠭᠢ ᠶᠢ ᠰᠠᠭᠠᠯᠢ ᠶᠢᠨ ᠦᠨᠢᠶ᠎ᠡ ᠶᠢᠨ ᠳᠠᠯᠠᠪᠠᠢ ᠣᠷᠤᠭᠤ ᠨᠡᠭᠦᠯᠭᠡᠭ᠍ᠰᠡᠨ ᠂ ᠰᠤᠮᠤᠨ ᠤ ᠰᠤᠷᠭᠠᠭᠤᠯᠢ ᠶᠢ ᠬᠤᠰᠢᠭᠤ ᠣᠷᠤᠭᠤ ᠰᠢᠯᠵᠢᠭᠦᠯᠦᠭ᠍ᠰᠡᠨ ᠂ ᠴᠠᠩᠳᠠ ᠶᠢᠨ ᠭᠢ ᠳᠡᠮᠡᠭᠡ ᠪᠠᠨ ᠵᠠᠷᠤᠭᠰᠠᠨ ᠭᠡᠭᠦ ᠵᠡᠷᠭᠡ ᠶᠠᠷᠤ ᠶᠢᠨ ᠭᠡᠳᠤᠨ ᠥᠭᠡ ᠪᠠᠷ ᠠᠬ᠎ᠠ ᠵᠠᠬ᠎ᠠ ᠭᠦᠮᠦᠰ ᠲᠤ ᠪᠠᠨ ᠰᠤᠨᠢᠨ ᠪᠣᠯᠭᠠᠨ ᠶᠠᠷᠢᠵᠤ᠂ ᠰᠦᠨᠢ ᠬᠤᠨᠢ ᠪᠠᠨ ᠭᠠᠷᠭᠠᠬᠤ ᠦᠦ ︖ ᠮᠠᠷᠭᠠᠰᠢ ᠬᠠᠮᠢᠭᠠᠰᠢ ᠣᠳᠤᠷᠯᠠᠬᠤ ᠪᠣᠯ︖ ᠭᠡᠵᠤ ᠳᠤᠷᠤᠢ ᠳᠤᠤᠭᠠᠷᠤᠭᠰᠠᠭᠠᠷ ᠬᠠᠠᠵᠤᠨ ᠤ ᠢᠷᠮᠡᠭ᠌ ᠲᠤ ᠰᠠᠭᠤᠨ᠎ᠠ᠃

ᠬᠡᠳᠦᠢ᠌ᠪᠡᠷ ᠨᠠᠰᠤ ᠵᠠᠯᠠᠭᠤ ᠣᠬᠠᠭᠠᠨ ᠰᠡᠷᠭᠦᠯᠡᠩ ᠪᠣᠯᠪᠠᠴᠤ《ᠬᠤᠶᠠᠷ ᠦᠨᠳᠦᠰᠦᠨ》‍ ᠢ ᠪᠠᠷᠢᠮᠵᠢᠶᠠᠨ ᠳᠤ ᠭᠦᠷᠭᠡᠭᠦ ᠳᠠᠢ᠌ᠴᠢᠯᠠᠭ᠎ᠠ ᠪᠠᠷ ᠰᠤᠶᠤᠯ ᠤᠨ ᠪᠠᠯᠠᠢ ᠪᠠᠨ ᠬᠠᠶᠠᠭᠰᠠᠨ ᠨᠠᠷ᠎ᠠ ᠲᠡᠶ ᠴᠤ ᠦᠨᠦᠴᠢᠨ ᠥᠷᠦᠭᠡᠰᠤᠨ ᠥᠰᠦᠭ᠍ᠰᠡᠨ ᠳᠤᠯᠠ ᠨᠠᠮ ᠤᠨ ᠰᠤᠳᠤ ᠮᠡᠷᠭᠡᠨ ᠣᠷᠢᠶᠠᠯᠭ᠎ᠠ ᠪᠠᠷ ᠮᠠᠯ ᠵᠢᠡᠨ ᠴᠥᠭᠡᠤᠨᠭᠡᠭ᠍ᠰᠡᠨ ᠠᠢ᠌ᠯ ᠤᠨ ᠭᠡᠳᠤᠨ ᠬᠤᠨᠢ ᠶᠢ ᠰᠦᠨᠢ ᠳᠤᠮᠳᠠ ᠬᠤᠯᠠᠭᠠᠢ᠌ᠯᠠᠨ ᠪᠤᠷᠤᠯᠡᠭᠤᠯᠵᠤ᠂ ᠥᠷᠯᠦᠭᠡ ᠠᠢ᠌ᠯ ᠤᠨ ᠴᠠᠢ ᠡᠴᠡ ᠠᠮᠰᠡᠵᠤ᠂ ᠰᠠᠭᠠᠯᠢ ᠶᠢᠨ ᠠᠯᠠᠭ ᠦᠨᠢᠶᠠᠨ ᠤ ᠰᠢᠷᠭᠢᠭᠦ ᠰᠢᠬᠠᠭᠰᠠᠨ ᠳᠠᠯᠠᠩ ᠰᠢᠪᠳᠤᠷᠤᠨ ᠦᠳᠡᠰᠢ ᠶᠢᠨ ᠴᠠᠪ ᠣᠯᠳᠠᠭ ᠳᠤᠯᠠ ᠣᠯᠢᠭᠳᠠᠢ ᠠᠮᠢᠳᠤᠷᠠᠯ ᠤᠨ ᠵᠠᠮ ᠶᠢᠡᠨ ᠨᠢᠭᠡᠡᠳᠡ ᠠᠯᠳᠠᠵᠠᠢ ᠃

ᠭᠡᠪᠠᠴᠤ ᠬᠠᠭᠤᠴᠢᠨ ᠭᠦᠤ ᠶᠢᠨ ᠨᠢᠭᠡ ᠨᠠᠢ᠌ᠵᠠ ᠨᠢ ᠨᠠᠮ ᠤᠨ ᠺᠠᠳ᠋ᠷ ᠪᠣᠯᠤᠭᠰᠠᠨ ᠡᠴᠡ ᠬᠣᠢ᠌ᠰᠢ ᠨᠢᠭᠡ ᠠᠢ᠌ᠮᠠᠭ ᠰᠠᠷᠢᠪᠠ᠃

ᠣᠯᠠᠮᠵᠢᠯᠠᠯᠳᠤ ᠮᠠᠯᠵᠢᠯ ᠤᠨ ᠬᠤᠴᠤᠷᠤᠩᠭ᠋ᠤᠢ ᠳᠠᠯ᠎ᠠ ᠪᠣᠯᠤᠨ ᠳᠠᠪᠤᠨ ᠬᠤᠰᠢᠭᠤ ᠮᠠᠯ ᠤᠨ ᠶᠠᠯ᠎ᠠ ᠭᠢᠯᠢᠠᠴᠠ ᠶᠢ ᠭᠦᠢᠴᠡᠳ ᠳᠠᠨᠢᠪᠠ᠃ ᠬᠠᠭᠤᠴᠢᠨ ᠭᠦᠤ ᠰᠢᠨ᠎ᠡ ᠭᠦᠳᠡᠭᠡ ᠳᠤᠰᠬᠤᠨ ᠤ ᠰᠢᠪᠠᠷᠴᠢᠨ ᠤ ᠨᠡᠢ᠌ᠭᠡᠮᠯᠢᠭ᠌ ᠲᠤ ᠣᠷᠤᠬᠤ ᠪᠠᠷ ᠪᠣᠯᠪᠠ᠂ ᠲᠦᠷᠦ ᠶᠢᠨ ᠪᠣᠳᠤᠯᠭ᠎ᠠ ᠶᠢᠨ ᠳᠤᠶᠠᠭᠠᠯᠠᠯ ᠶᠢᠡᠷ ᠬᠠᠭᠤᠴᠢᠨ ᠭᠦᠤ ᠬᠤᠳᠠ ᠶᠢᠨ ᠭᠦᠤ ᠪᠣᠯᠪᠠ ︕

ᠶᠠᠭᠤᠳᠠᠢ ᠵᠢᠷᠭᠠᠯ ᠲᠡᠶ ᠰᠢᠨ᠎ᠠ ᠠᠮᠢᠳᠤᠷᠠᠯ ᠂ ᠶᠠᠭᠤᠳᠠᠢ ᠡᠶ᠎ᠡ ᠵᠤᠭᠢᠴᠠᠯᠳᠤ ᠰᠢᠨ᠎ᠠ ᠨᠡᠢ᠌ᠭᠡᠮ ᠪᠣᠢ⁈

ᠬᠠᠭᠤᠴᠢᠨ ᠭᠦᠤ ᠰᠢᠨ᠎ᠠ ᠭᠦᠤ ᠪᠣᠯᠪᠠ ᠂ ᠭᠦᠳᠡᠭᠡ ᠶᠢᠨ ᠮᠤᠩᠭ᠋ᠤᠯ ᠬᠤᠳᠠ ᠶᠢᠨ ᠮᠤᠩᠭ᠋ᠤᠯ ᠪᠣᠯᠪᠠ ᠂ ᠶᠠᠭᠤᠳᠠᠢ ᠪᠠᠶᠠᠷ ᠶᠠᠭᠤᠳᠠᠢ ᠵᠠᠪᠰᠢᠶᠠᠨ⁈

ᠵᠤᠬᠢᠶᠠᠭᠴᠢ᠄ ᠨᠤᠮᠢᠨᠭᠡᠷᠡᠯ
ᠬᠠᠷᠢᠶ᠎ᠠ᠄ ᠨᠠᠢᠷᠠᠭᠤᠯᠤᠯ
ᠳᠠᠷᠤᠮ᠄ 20316
ᠴᠠᠭ᠄ 2007 ᠤᠨ ᠤ 09 ᠰᠠᠷ᠎ᠠ ᠶᠢᠨ 22