ᠨᠠᠭᠠᠳᠤᠮ ᠤᠨ ᠭᠤᠸᠠᠩᠭ᠋ᠠᠨ

ᠮᠡᠷᠭᠡᠨ ᠭᠡᠳᠡᠭ᠌ ᠨᠠᠷ᠎ᠠ ᠲᠡᠶ ᠳᠠᠷᠠ ᠭᠦᠮᠤᠨ ᠤ ᠭᠡᠯᠡᠭᠦ ᠨᠢ ᠮᠡᠷᠭᠡᠨ ᠭᠢᠭᠦ ᠨᠢ ᠬᠤᠳᠤᠤ ᠪᠣᠯᠬᠤᠷ ᠭᠦᠮᠦᠰ ᠳᠡᠭᠦᠨ ᠢ ᠭᠡᠢ ᠮᠡᠷᠭᠡᠨ ᠭᠡᠵᠤ ᠳᠠᠭᠤᠳᠠᠬᠤ ᠪᠣᠯᠵᠠᠢ᠃ ᠳᠡᠭᠦᠨ ᠤ ᠠᠮᠠ ᠨᠢ ᠪᠠᠷᠳᠠᠮ ᠪᠣᠯᠬᠤᠷ ᠵᠤᠭᠤᠰ ᠶᠢᠡᠷ ᠫᠠᠢ ᠨᠠᠭᠠᠳᠬᠤ ᠳᠠᠭᠠᠨ ᠭᠡᠨ ᠢ ᠴᠤ ᠨᠢᠳᠤᠨ ᠳᠡᠭᠡᠨ ᠬᠠᠪᠴᠢᠬᠤ ᠦᠭᠡᠶ ᠪᠠᠢ᠌ᠳᠠᠭ᠃ ᠣᠳᠤ ᠳᠠᠷᠠ ᠮᠢᠨᠢ ᠵᠤᠭᠤᠰ ᠨᠠᠭᠠᠳᠬᠤ ᠳᠠᠯᠠᠪᠠᠢ ᠳᠠᠭᠠᠨ ᠣᠴᠢᠬᠤ ᠪᠠᠷ ᠪᠠᠢ᠌ᠨ᠎ᠠ᠃

ᠳᠡᠭᠦᠨ ᠲᠡᠶ ᠨᠢᠭᠡ ᠳᠤᠰᠬᠤᠨ ᠳᠤ ᠪᠠᠢ᠌ᠭ᠎ᠠ ᠸᠠᠩ ᠪᠠᠭᠰᠢ ᠪᠠᠰᠠ ᠨᠢᠭᠡ ᠶᠠᠭᠤᠮ᠎ᠠ ᠶᠢ ᠭᠦᠯᠢᠶᠡᠨ ᠪᠣᠢ᠃ ᠳᠡᠭᠡᠭᠡᠳ ᠳᠠᠷᠠ ᠭᠠᠷᠠᠭ ᠤᠨ ᠳᠠᠪᠤᠨ ᠢ ᠭᠠᠷᠠᠭ ᠤᠨ ᠵᠢᠷᠭᠤᠭᠠᠨ ᠶᠢᠡᠷ ᠪᠣᠳᠤᠵᠤ᠂ ᠭᠢᠴᠢᠶᠠᠯ ᠡᠴᠠ ᠪᠠᠭᠤᠵᠤ᠂ ᠰᠤᠷᠤᠭᠴᠢᠳ ᠶᠢᠡᠨ ᠳᠠᠷᠬᠠᠭᠠᠤᠨ᠂ ᠠᠯᠪᠠᠨ ᠭᠡᠷ ᠤᠨ ᠴᠤᠩᠬᠤ ᠪᠠᠷ ᠨᠢᠭᠡ ᠶᠠᠭᠤᠮ᠎ᠠ ᠶᠢ ᠠᠵᠢᠭᠯᠠᠨ ᠪᠣᠢ᠃ ᠦᠵᠡᠵᠤ ᠪᠠᠢ᠌ᠳᠠᠯ᠎ᠠ ᠪᠠᠯᠭᠠᠰᠤᠨ ᠤ ᠳᠠᠠᠳᠠ ᠡᠴᠠ ᠨᠢᠭᠡ ᠮᠢᠶᠠᠠᠪᠣᠤ ᠮᠠᠰᠢᠨ ᠳᠠᠪᠰᠢᠭᠤᠯᠤᠨ ᠭᠦᠷᠴᠤ ᠢᠷᠡᠭ᠍ᠰᠡᠨ ᠳᠤ ᠸᠠᠩ ᠪᠠᠭᠰᠢ ᠠᠯᠠᠰᠭᠢᠨ ᠪᠠᠶᠠᠷᠯᠠᠪᠠ᠃

ᠡᠨᠡ ᠮᠠᠰᠢᠨ ᠵᠢᠭᠠᠬᠠᠨ ᠵᠤᠭᠰᠤᠵᠤ ᠭᠦᠯᠢᠶᠡᠭᠡᠳ ᠨᠠᠭᠠᠳᠤᠮ ᠤᠨ ᠭᠤᠸᠠᠩᠭ᠋ᠠᠠᠴᠤᠳ ᠢ ᠳᠠᠭᠠᠭᠠᠵᠤ ᠶᠠᠳᠠᠳᠠᠯ᠎ᠠ ᠠᠴᠢᠭᠠᠤᠨ ᠳᠤᠭᠤᠰᠤ ᠪᠣᠳᠠᠷᠠᠭᠤᠯᠤᠨ ᠪᠣᠴᠠᠯ᠎ᠠ᠃ ᠶᠠᠭ ᠡᠭᠦᠨ ᠢ ᠭᠦᠯᠢᠶᠡᠵᠤ ᠪᠠᠢ᠌ᠭᠰᠠᠨ ᠸᠠᠩ ᠪᠠᠭᠰᠢ ᠭᠦᠳᠡᠯᠦᠭᠡᠳ᠂ ᠴᠡᠭᠡᠵᠢ ᠳᠡᠨᠡᠢ᠌ᠯᠭᠡᠨ᠂ ᠬᠤᠯᠠ ᠬᠤᠯᠠ ᠠᠯᠬᠤᠯᠠᠨ ᠭᠡᠢ ᠮᠡᠷᠭᠡᠨ ᠤ ᠭᠡᠷ ᠳᠠᠰᠢ ᠶᠠᠪᠣᠨ᠎ᠠ᠂ ᠵᠠᠮ ᠳᠠᠭᠠᠤ ᠣᠴᠠᠷᠠᠭᠰᠠᠨ ᠭᠦᠮᠦᠰ ᠲᠤ ᠄

᠊᠊᠊᠊᠊᠊᠊᠊᠊᠊᠊᠊᠊᠊᠊ ᠰᠤᠷᠤᠭᠴᠢ ᠳᠤ ᠭᠢᠴᠢᠶᠠᠯ ᠵᠢᠯᠤᠭᠤᠳᠬᠤ ᠪᠠᠷ ᠣᠴᠢᠨ᠎ᠡ ᠭᠡᠵᠤ ᠭᠡᠯᠡᠨ᠎ᠡ᠃

ᠭᠡᠢ ᠮᠡᠷᠭᠡᠨ ᠤ ᠭᠡᠷ ᠲᠤ ᠮᠠᠰᠢ ᠰᠤᠷᠤᠩᠭ᠋ᠤᠢ ᠪᠠᠷ ᠣᠷᠤᠵᠤ ᠣᠴᠢᠭᠠᠤᠨ ᠸᠠᠩ ᠪᠠᠭᠰᠢ ᠭᠡᠷ ᠤᠨ ᠡᠵᠡᠭ᠍ᠳᠡᠢ ᠰᠠᠩᠵᠢᠮ᠎ᠠ ᠶᠢᠨ ᠪᠢᠴᠢᠬᠠᠨ ᠦᠬᠢᠨ ᠳᠤ ᠭᠢᠴᠢᠶᠠᠯ ᠵᠢᠯᠤᠭᠤᠳᠴᠤ ᠡᠭᠢᠯᠡᠪᠡ᠃ ᠭᠡᠪᠠᠴᠤ ᠳᠡᠭᠦᠨ ᠤ ᠰᠡᠳᠭᠢᠯ ᠨᠢ ᠭᠤᠪᠣᠷ ᠭᠤᠪᠣᠷ ᠪᠣᠵᠢᠭᠢᠨᠠᠭᠠᠤᠨ ᠠᠮᠠᠷ ᠪᠠᠢ᠌ᠵᠤ ᠳᠡᠢ᠌ᠯᠭᠦ ᠦᠭᠡᠶ᠂ ᠶᠠᠭᠤᠨ ᠤ ᠭᠢᠨᠢ ᠭᠢᠴᠢᠶᠠᠯ ᠵᠢᠯᠤᠭᠤᠳᠬᠤ ᠰᠡᠳᠭᠢᠯ ᠪᠣᠢ ︕ ᠬᠤᠶᠠᠷ ᠨᠢᠳᠤᠨ ᠬᠠᠷᠠᠴᠠ ᠨᠢ ᠰᠠᠩᠵᠢᠮ᠎ᠠ ᠶᠢᠨ ᠴᠢᠷᠠᠢ ᠳᠡᠭᠡᠷ᠎ᠡ ᠡᠷᠭᠢᠯᠳᠦᠭᠡᠳ ᠰᠠᠯᠬᠤ ᠦᠭᠡᠶ᠃ ᠰᠠᠩᠵᠢᠮ᠎ᠠ ᠰᠠᠢ᠌ᠬᠠᠨ ᠳᠦᠷᠦᠭ᠍ᠰᠡᠨ ᠡᠮᠡᠭ᠍ᠳᠡᠢ ᠰᠢᠤ᠃ ᠭᠣᠢ᠌ᠪᠢᠷᠬᠠᠨ ᠭᠤᠶᠤ ᠪᠠᠶ᠎ᠠ ᠶᠢᠨ ᠭᠦᠳᠡᠯᠵᠤ ᠪᠠᠷᠢᠬᠤ ᠨᠢ ᠡᠶ᠎ᠡ ᠲᠡᠶ ᠡᠪ ᠲᠡᠶ ᠪᠦᠭᠡᠳ ᠠᠢ᠌ᠵᠢᠮᠳᠤ ᠪᠦᠵᠢᠭ᠌ ᠤᠨ ᠨᠠᠮᠢᠶᠠᠰ ᠲᠡᠶ᠂ ᠸᠠᠩ ᠪᠠᠭᠰᠢ ᠶᠢᠨ ᠨᠢᠳᠤᠨ ᠳᠤ ᠳᠠᠷᠠ ᠨᠢ ᠨᠠᠭᠤᠷ ᠤᠨ ᠭᠦᠪᠠᠭᠡᠨ ᠤ ᠣᠳᠠᠨ ᠰᠠᠯᠠᠭ᠎ᠠ ᠨᠠᠮᠢᠯᠵᠠᠵᠤ ᠬᠠᠷᠠᠭᠳᠠᠨ᠂ ᠳᠡᠭᠦᠨ ᠤ ᠰᠡᠳᠭᠢᠯ ᠢ ᠣᠷᠬᠠᠳᠠᠵᠤ ᠪᠠᠢ᠌ᠭ᠎ᠠ ᠠᠳᠠᠯᠢ᠃ ᠮᠣᠢ᠌ᠯ ᠬᠠᠷ᠎ᠠ ᠣᠷᠳᠤ ᠭᠡᠵᠢᠭᠡ ᠨᠢ ᠮᠦᠷᠤ ᠣᠷᠤᠭᠤ ᠭᠦᠷᠭᠢᠷ᠎ᠡ ᠪᠠᠭᠤᠭᠠᠤᠨ ᠮᠠᠠᠳᠠᠷᠸ᠎ᠠ ᠴᠡᠴᠡᠭ᠌ ᠰᠢᠭ᠌ ᠥᠩᠭᠡ ᠵᠢᠰᠤ ᠨᠢ ᠢᠯᠠ ᠲᠡᠶ ᠬᠠᠷᠠᠭᠳᠠᠵᠤ᠂ ᠳᠤᠭᠤᠷ ᠤᠨ ᠥᠩᠭᠡ ᠪᠠᠷ ᠭᠡᠷᠡᠯ ᠰᠠᠴᠤᠷᠠᠨ᠂ ᠬᠠᠢ᠌ᠷ᠎ᠠ ᠰᠡᠳᠭᠢᠯ ᠢ ᠠᠭᠤᠯᠤᠭᠰᠠᠨ ᠬᠤᠶᠠᠷ ᠨᠢᠳᠤᠨ ᠳ᠋ᠤᠨᠢ ᠢᠴᠢᠵᠤ ᠵᠤᠪᠠᠭᠰᠠᠨ ᠪᠠᠢ᠌ᠳᠠᠯ ᠢᠯᠠᠷᠠᠨ᠎ᠡ᠃ ᠸᠠᠩ ᠪᠠᠭᠰᠢ ᠶᠢᠨ ᠨᠢᠳᠤ ᠰᠠᠩᠵᠢᠮ᠎ᠠ ᠶᠢᠨ ᠬᠠᠷᠠᠴᠠ ᠲᠡᠶ ᠬᠠᠷᠭᠤᠭᠰᠠᠨ ᠳᠤ ᠰᠠᠩᠵᠢᠮ᠎ᠠ ᠶᠢᠨ ᠳᠤᠳᠤᠷ᠎ᠠ ᠨᠢᠯ ᠭᠡᠵᠤ ᠠᠪᠣᠭᠠᠤᠨ᠂ ᠳᠤᠯᠤᠭᠠᠢ ᠪᠦᠭᠦᠢᠨ ᠭᠠᠳᠠᠨ᠎ᠠ ᠭᠡᠷ ᠲᠤ ᠣᠴᠢᠭᠠᠤᠨ ᠴᠠᠢ ᠪᠣᠴᠠᠯᠭᠠᠨ᠎ᠠ᠃

᠁ ᠁

ᠬᠠᠯᠠᠭᠤᠨ ᠰᠡᠳᠭᠢᠯ ᠲᠡᠶ ᠸᠠᠩ ᠪᠠᠭᠰᠢ ᠬᠠᠯᠰᠢᠷᠠᠯ ᠦᠭᠡᠶ ᠪᠠᠷ᠂ ᠰᠦᠨᠢ ᠶᠢᠨ ᠭᠦᠨ ᠪᠣᠯᠳᠠᠯ᠎ᠠ ᠭᠢᠴᠢᠶᠠᠯ ᠵᠢᠯᠤᠭᠤᠳᠴᠠᠢ᠂ ᠳᠡᠭᠡᠭᠡᠳ ᠭᠠᠷ ᠶᠢᠡᠨ ᠡᠷᠭᠦᠵᠤ ᠴᠠᠭ ᠢ ᠬᠠᠷᠠᠭᠰᠠᠨ ᠳᠤ ᠰᠠᠩᠵᠢᠮ᠎ᠠ ᠰᠠᠨᠠᠭ᠎ᠠ ᠶᠢ ᠨᠢ ᠣᠬᠠᠭᠠᠷᠠᠵᠤ᠂ ᠱᠠᠹᠠ᠎ ᠳᠠᠭᠠᠨ ᠣᠷᠤ ᠳᠠᠪᠢᠰᠴᠤ ᠦᠭ‍ᠭᠦᠭᠡᠳ ᠄

᠊᠊᠊᠊᠊᠊᠊᠊᠊᠊᠊᠊᠊᠊᠊ ᠸᠠᠩ ᠪᠠᠭᠰᠢ ᠡ᠂ ᠶᠠᠳᠠᠷᠠᠭᠰᠠᠨ ᠪᠠᠢ᠌ᠯᠭᠦᠢ᠂ ᠡ᠊ᠨᠳᠡ ᠭᠡᠪᠳᠡᠵᠤ ᠠᠮᠠᠷᠠᠭᠠᠷᠠᠢ ᠭᠡᠪᠡ᠃

ᠡᠨᠡ ᠣᠳᠤ ᠸᠠᠩ ᠪᠠᠭᠰᠢ ᠳᠤ ᠬᠠᠮᠢᠭ᠎ᠠ ᠡᠴᠠ ᠣᠯᠳᠠᠬᠤ ᠰᠠᠢ᠌ᠨ ᠣᠴᠢᠷ ᠪᠣᠢ ︖ ᠳᠡᠭᠡᠭᠡᠳ ᠳᠠᠷᠠ ᠳᠠᠷᠠᠭ᠎ᠠ ᠡᠳᠦᠷ ᠤᠨ ᠨᠠᠷᠠ ᠭᠠᠷᠳᠠᠯ᠎ᠠ ᠣᠠᠳᠠᠵᠤ ᠠᠮᠠᠷᠠᠪᠠ᠃ ᠡᠨᠡ ᠦᠶ᠎ᠡ ᠳᠤ ᠰᠠᠩᠵᠢᠮ᠎ᠠ ᠰᠢᠷᠡᠭᠡᠨ ᠳᠤ ᠭᠡᠳᠤᠨ ᠫᠢᠯᠠ ᠨᠤᠭᠤᠭ᠎ᠠ ᠵᠠᠭᠤᠰᠢ ᠵᠡᠷᠭᠡᠯᠡᠵᠤ ᠳᠠᠯᠪᠢᠪᠠ᠃ ᠨᠢᠭᠡ ᠰᠦᠨᠢ ᠣᠠᠳᠠᠭᠠᠤᠨ ᠶᠡᠭᠡᠯ᠎ᠡ ᠵᠦᠳᠡᠷᠡᠭ᠍ᠰᠡᠨ ᠸᠠᠩ ᠪᠠᠭᠰᠢ ᠦᠨᠳᠣᠢ᠌ᠨ ᠪᠣᠰᠳᠠᠯ᠎ᠠ᠂ ᠭᠠᠳᠠᠨ᠎ᠠ ᠡᠴᠠ ᠭᠡᠢ ᠮᠡᠷᠭᠡᠨ ᠭᠡᠢ ᠬᠤᠢ ᠲᠡᠶ ᠳᠠᠯᠪᠢᠭᠠᠤᠨ ᠣᠷᠤᠭᠠᠤᠨ ᠢᠷᠠᠪᠠ᠃ ᠸᠠᠩ ᠪᠠᠭᠰᠢ ᠰᠤᠴᠢᠨ ᠡᠮᠢᠶᠡᠵᠤ ᠶᠠᠭᠠᠭᠢᠬᠤ ᠪᠠᠨ ᠣᠯᠬᠤ ᠦᠭᠡᠶ ᠪᠠᠢ᠌ᠳᠠᠯ᠎ᠠ ᠰᠠᠩᠵᠢᠮ᠎ᠠ ᠠᠷᠭ᠎ᠠ ᠭᠠᠷᠭᠠᠨ ᠠᠪᠣᠷᠠᠪᠠ᠃ ᠰᠠᠩᠵᠢᠮ᠎ᠠ ᠦᠪᠡᠷ ᠤᠨ ᠡᠷ᠎ᠡ ᠶᠢᠨ ᠶᠢᠡᠨ ᠠᠷᠢᠭᠢ ᠭᠡᠪᠠᠯ ᠠᠮᠢ ᠪᠠᠨ ᠠᠪᠬᠤ ᠦᠭᠡᠶ ᠶᠢ ᠮᠠᠳᠠᠵᠤ ᠪᠠᠢ᠌ᠭ᠎ᠠ ᠪᠣᠯᠬᠤᠷ ᠰᠠᠠᠳᠤᠷᠤᠭᠰᠠᠨ ᠦᠭᠡᠶ ᠪᠠᠷ ᠳᠡᠭᠦᠨ ᠢ ᠰᠢᠷᠡᠭᠡ ᠳᠠᠰᠢ ᠭᠦᠳᠦᠯᠪᠡ᠃ ᠭᠡᠢ ᠮᠡᠷᠭᠡᠨ ᠴᠤ ᠳᠠᠷᠠ ᠠᠷᠢᠭᠢ ᠵᠠᠭᠤᠰᠢᠨ ᠤ ᠠᠮᠳᠠᠳᠤ ᠦᠨᠦᠷ ᠲᠤ ᠳᠠᠳᠠᠭᠳᠠᠭᠠᠤᠨ᠂ ᠶᠠᠭᠤ ᠴᠤ ᠠᠩᠵᠠᠭᠠᠷᠠᠯ ᠦᠭᠡᠶ ᠠᠷᠢᠭᠢᠨ ᠰᠢᠷᠡᠭᠡᠨ ᠳᠤ ᠭᠦᠷᠴᠤ᠂ ᠣᠷᠢᠳᠠᠪᠠᠷ ᠨᠢᠭᠡ ᠬᠤᠠᠳᠠᠭ᠎ᠠ ᠭᠦᠡᠳᠦᠷᠡᠪᠡ᠃ ᠢᠩᠭᠢᠵᠤ ᠪᠠᠢ᠌ᠳᠠᠯ᠎ᠠ ᠰᠠᠩᠵᠢᠮ᠎ᠠ ᠳᠤᠳᠤᠷ ᠦᠷᠦᠭᠡᠨ ᠡᠴᠠ ᠸᠠᠩ ᠪᠠᠭᠰᠢ ᠶᠢ ᠳᠠᠭᠠᠭᠤᠯᠤᠨ ᠣᠷᠤᠵᠤ ᠢᠷᠡᠭᠡᠳ᠄

᠊᠊᠊᠊᠊᠊᠊᠊᠊᠊᠊᠊᠊᠊᠊ ᠸᠠᠩ ᠪᠠᠭᠰᠢ ᠦᠴᠦᠭᠡᠳᠦᠷ ᠦᠬᠢᠨ ᠳᠤ ᠴᠢᠨᠢ ᠭᠢᠴᠢᠶᠠᠯ ᠵᠢᠯᠤᠭᠤᠳᠤᠨ ᠦᠭ‍ᠭᠦᠭᠡᠳ ᠶᠠᠳᠠᠷᠠᠯ᠎ᠠ᠂ ᠣᠳᠤ ᠠᠷᠢᠭᠢ ᠪᠠᠷ ᠳᠡᠭᠦᠨ ᠤ ᠠᠯᠵᠢᠶᠠᠯ ᠢ ᠳᠠᠢ᠌ᠯᠠᠶ᠎ᠠ ᠭᠡᠪᠡ᠃ ᠭᠡᠢ ᠮᠡᠷᠭᠡᠨ ᠤ ᠠᠷᠢᠭᠢᠨ ᠬᠤᠷᠤᠬᠠᠢ ᠨᠢ ᠭᠤᠪᠣᠭᠠᠨᠠᠭᠠᠤᠨ ᠣᠠᠳᠤᠤ ᠶᠠᠭᠤ ᠪᠣᠯᠤᠭᠰᠠᠨ ᠢ ᠴᠤ ᠰᠡᠳᠭᠢᠭᠦ ᠵᠠᠪ ᠦᠭᠡᠶ ᠪᠣᠯᠵᠤ᠄

᠊᠊᠊᠊᠊᠊᠊᠊᠊᠊᠊᠊᠊᠊᠊ ᠯᠠᠢ ︕ ᠣᠤᠭᠤ ︕ ᠭᠡᠵᠤ ᠶᠠᠩᠨᠠᠭᠠᠤᠨ ᠸᠠᠩ ᠪᠠᠭᠰᠢ ᠲᠡᠶ ᠰᠢᠷᠡᠭᠡ ᠬᠠᠪᠴᠢᠨ ᠰᠠᠭᠤᠭᠠᠤᠨ ᠬᠤᠠᠳᠤᠭ᠎ᠠ ᠮᠦᠷᠭᠦᠭᠦᠯᠤᠨ᠂ ᠳᠡᠭᠡᠷ᠎ᠡ ᠳᠠᠭᠤᠨ ᠶᠢᠡᠷ ᠮᠠᠵᠢᠶᠠᠩ ᠤᠨ ᠳᠤᠬᠠᠢ ᠶᠠᠷᠢᠵᠤ ᠡᠭᠢᠯᠡᠪᠡ᠃

ᠠᠷᠢᠭᠢᠨ ᠤ ᠬᠠᠯᠠᠭᠤᠨ ᠳᠤᠳᠤᠭᠰᠢ ᠪᠠᠨ ᠠᠮᠠᠨ ᠤ ᠬᠠᠯᠠᠭᠤᠨ ᠭᠠᠳᠠᠭᠰᠢ ᠪᠠᠨ ᠭᠡᠭ᠍ᠴᠢ ᠪᠠᠷ ᠠᠷᠢᠭᠢᠨ ᠤ ᠭᠦᠴᠤᠨ ᠳᠤ ᠬᠤᠶᠠᠭᠤᠯᠠ ᠭᠡᠨ ᠭᠡᠨ ᠳᠡᠭᠡᠨ ᠠᠪᠳᠠᠬᠤ ᠦᠭᠡᠶ ᠮᠡᠷᠭᠡᠯᠡᠨ ᠣᠩᠭᠢᠷᠠᠵᠤ ᠪᠠᠢ᠌ᠪᠠ᠃

ᠸᠠᠩ ᠪᠠᠭᠰᠢ ᠭᠡᠢ ᠮᠡᠷᠭᠡᠨ ᠤ ᠰᠠᠭᠰᠠᠭᠤᠷᠠᠭᠰᠠᠨ ᠪᠠᠢ᠌ᠳᠠᠯ ᠡᠴᠠ ᠡᠰᠢ ᠠᠪᠴᠤ ᠳᠡᠭᠦᠨ ᠳᠤ᠄

᠊᠊᠊᠊᠊᠊᠊᠊᠊᠊᠊᠊᠊᠊᠊ ᠮᠡᠷᠭᠡᠨ ᠭᠤᠸᠠᠢ᠂ ᠳᠠ ᠴᠢᠨᠢ ᠶᠠᠭᠤ ᠶᠢ ᠴᠤ ᠨᠠᠪᠳᠠ ᠮᠡᠳᠡᠭᠦ ᠭᠦᠮᠤᠨ᠂ ᠪᠠᠰᠠ ᠡᠢ᠌ᠮᠤ ᠭᠤᠶᠤ ᠭᠡᠷᠭᠡᠢ ᠲᠡᠶ᠂ ᠠᠯᠢ ᠳᠠᠯ᠎ᠠ ᠪᠠᠷ ᠪᠦᠷ ᠰᠠᠢ᠌ᠨ ᠪᠣᠯᠪᠠᠴᠤ ᠵᠤᠭᠤᠰ ᠨᠠᠭᠠᠳᠬᠤ ᠴᠢᠨᠢ ᠪᠠᠬᠠᠨ ᠮᠠᠭᠤ ᠪᠢᠰᠢᠤ ᠭᠡᠪᠡ᠃

ᠭᠡᠢ ᠮᠡᠷᠭᠡᠨ ᠶᠡᠭᠡᠯ᠎ᠡ ᠰᠤᠷᠳᠤᠭᠤᠯᠤᠨ ᠄

᠊᠊᠊᠊᠊᠊᠊᠊᠊᠊᠊᠊᠊᠊᠊ ᠫᠠᠢ ᠨᠠᠭᠠᠳᠬᠤ ᠦᠭᠡᠶ ᠴᠢᠩᠭᠢᠭᠡᠳ ᠡᠳᠦᠷ ᠢ ᠶᠠᠭᠠᠭᠢᠵᠤ ᠥᠩᠭᠡᠷᠡᠭᠡᠨ᠎ᠡ ᠳ᠋ᠠ ︕ ᠣᠳᠤ ᠳᠠᠷᠢᠶ᠎ᠠ ᠳᠠᠷᠢᠵᠤ᠂ ᠦᠷ᠎ᠡ ᠬᠠᠶᠠᠬᠤ᠂ ᠠᠷᠴᠢᠵᠤ ᠳᠠᠩᠨᠠᠬᠤ ᠪᠠ ᠬᠠᠳᠤᠵᠤ ᠬᠤᠷᠢᠶᠠᠬᠤ ᠳᠤ ᠭᠦᠷᠳᠡᠯ᠎ᠡ ᠪᠦᠷ ᠮᠠᠰᠢᠨ ᠶᠢᠡᠷ ᠣᠩᠭ᠋ᠤᠰ ᠠᠯᠳᠠᠬᠤ ᠵᠠᠪ ᠲᠤ ᠭᠢᠭᠡᠳ ᠳᠠᠭᠤᠰᠬᠠᠨ᠎ᠠ᠃ ᠥᠯᠡᠳᠡᠭ᠍ᠰᠡᠨ ᠴᠠᠭ ᠶᠢᠡᠷ ᠨᠢ ᠭᠤᠶᠠ ᠪᠠᠨ ᠰᠢᠪᠳᠤᠷᠤᠨ᠎ᠠ ᠦᠦ ︖

ᠸᠠᠩ ᠪᠠᠭᠰᠢ ᠳᠡᠭᠦᠨ ᠤ ᠥᠭᠡ ᠶᠢ ᠡᠯᠭᠦᠵᠤ ᠠᠪᠣᠭᠠᠤᠨ᠄

᠊᠊᠊᠊᠊᠊᠊᠊᠊᠊᠊᠊᠊᠊᠊ ᠡᠷᠦᠭᠡ ᠨᠡᠭᠡᠭᠡᠵᠤ ᠠᠮᠢᠳᠤᠷᠠᠬᠤ ᠳᠤ ᠭᠢᠭᠦ ᠠᠵᠢᠯ ᠮᠤᠩ ᠲᠡᠶ ᠦᠦ ︖ ᠭᠠᠬᠠᠢ ᠳᠡᠵᠢᠭᠡᠵᠤ᠂ ᠬᠤᠨᠢ ᠢᠮᠠᠭ᠎ᠠ ᠠᠳᠤᠭᠤᠯᠬᠤ᠂ ᠨᠤᠭᠤᠭ᠎ᠠ ᠳᠠᠷᠢᠬᠤ ᠪᠦᠷ ᠠᠵᠢᠯ ᠰᠢᠤ ᠭᠡᠪᠡ᠃

ᠭᠡᠢ ᠮᠡᠷᠭᠡᠨ ᠭᠡᠢ ᠭᠦᠷᠴᠤ ᠄

᠊᠊᠊᠊᠊᠊᠊᠊᠊᠊᠊᠊᠊᠊᠊ ᠡᠳᠡᠭᠡᠷ ᠴᠢᠨᠢ ᠡᠮᠡᠰ ᠤᠨ ᠭᠢᠭᠦ ᠠᠵᠢᠯ ᠭᠡᠪᠡ᠃

ᠸᠠᠩ ᠪᠠᠭᠰᠢ᠄

᠊᠊᠊᠊᠊᠊᠊᠊᠊᠊᠊᠊᠊᠊᠊ ᠴᠢᠯᠦᠭᠡ ᠴᠠᠭ ᠶᠢᠡᠷ ᠶᠢᠡᠨ ᠨᠤᠮ ᠦᠵᠡᠪᠠᠯ ᠶᠠᠭᠠᠭᠢᠭᠰᠠᠨ ᠰᠠᠢ᠌ᠨ ᠪᠣᠢ ᠭᠡᠰᠡᠨ ᠳᠤ ᠭᠡᠢ ᠮᠡᠷᠭᠡᠨ ᠪᠦᠳᠦᠭᠦᠯᠢᠭ᠌ ᠥᠭᠡ ᠪᠠᠷ᠄

᠊᠊᠊᠊᠊᠊᠊᠊᠊᠊᠊᠊᠊᠊᠊ ᠪᠢᠴᠢᠭ᠌ ᠦᠵᠡᠵᠤ᠂ ᠪᠢᠷ ᠤᠨ ᠥᠵᠦᠭᠦᠷ ᠳᠤᠯᠢᠶᠠᠬᠤ ᠪᠠᠷ ᠪᠦᠭ᠍ᠰᠡ ᠪᠠᠨ ᠮᠠᠭᠠᠵᠢᠪᠠᠯ ᠳᠡᠭᠡᠷ᠎ᠡ ᠭᠡᠨ᠎ᠡ᠃ ᠳᠠᠳᠠᠨ ᠤ ᠳᠡᠷᠭᠡᠳᠡ ᠵᠤᠭᠰᠤᠵᠤ ᠪᠠᠢ᠌ᠭᠰᠠᠨ ᠰᠠᠩᠵᠢᠮ᠎ᠠ᠄

᠊᠊᠊᠊᠊᠊᠊᠊᠊᠊᠊᠊᠊᠊᠊ ᠡᠨᠡ ᠭᠠᠢ᠌ᠬᠠᠯ ᠴᠢᠨᠢ ᠪᠠᠭ᠎ᠠ ᠨᠠᠰᠤᠨ ᠳᠠᠭᠠᠨ ᠰᠤᠷᠤᠭᠰᠠᠨ ᠦᠰᠦᠭ᠌ ᠤᠨ ᠶᠢᠡᠨ ᠬᠠᠭᠠᠰ ᠢ ᠮᠠᠷᠳᠠᠵᠤ ᠣᠷᠭᠢᠵᠠᠢ ᠭᠡᠪᠡ᠃ ᠭᠡᠢ ᠮᠡᠷᠭᠡᠨ ᠠᠷᠢᠭᠢ ᠭᠦᠳᠦᠷᠡᠭᠡᠳ᠂ ᠶᠡᠭᠡᠯ᠎ᠡ ᠪᠠᠬ᠎ᠠ ᠬᠠᠨᠤᠭᠰᠠᠨ ᠪᠠᠢ᠌ᠳᠠᠯ ᠥᠵᠡᠭᠦᠯᠤᠨ᠄

᠊᠊᠊᠊᠊᠊᠊᠊᠊᠊᠊᠊᠊᠊᠊ ᠳᠠᠢ᠌ᠮᠤ ᠣᠯᠠᠨ ᠦᠰᠦᠭ᠌ ᠢ ᠴᠡᠭᠡᠵᠢᠯᠡᠭᠡᠳ ᠱᠠᠯ ᠳᠠᠮᠠᠢ᠂ ᠮᠠᠵᠢᠶᠠᠩ ᠫᠠᠢ ᠶᠢᠨ ᠭᠡᠳᠤᠨ ᠦᠰᠦᠭ᠌ ᠢ ᠮᠠᠷᠳᠠᠬᠤ ᠦᠭᠡᠶ ᠪᠣᠯ ᠪᠣᠯᠴᠢᠬᠠᠨ᠎ᠠ ᠭᠡᠪᠡ᠃

ᠸᠠᠩ ᠪᠠᠭᠰᠢ ᠳᠡᠭᠦᠨ ᠢ ᠢᠳᠬᠠᠨ᠄

᠊᠊᠊᠊᠊᠊᠊᠊᠊᠊᠊᠊᠊᠊᠊ ᠮᠠᠵᠢᠶᠠᠩ ᠨᠠᠭᠠᠳᠤᠭᠠᠤᠨ ᠠᠮᠳᠠᠨ ᠳ᠋ᠤᠨᠢ ᠣᠷᠤᠪᠠᠯ ᠬᠠᠷ᠎ᠠ ᠳᠠᠮᠠᠭᠢᠨ ᠳᠤ ᠣᠷᠤᠭᠰᠠᠨ ᠲᠡᠶ ᠠᠳᠠᠯᠢ ᠰᠠᠯᠵᠤ ᠴᠢᠳᠠᠬᠤ ᠦᠭᠡᠶ ᠪᠣᠯᠤᠭᠠᠤᠨ ᠠᠮᠢ ᠨᠠᠰᠤ ᠪᠠᠨ ᠳᠠᠯᠠᠭᠠᠷ ᠬᠤᠷᠤᠭᠠᠬᠤ ᠳᠤ ᠭᠦᠷᠤᠨ᠎ᠡ ᠰᠢᠤ ᠭᠡᠪᠡ᠃ ᠭᠡᠢ ᠮᠡᠷᠭᠡᠨ ᠴᠡᠭᠡᠵᠢ ᠪᠠᠨ ᠭᠦᠴᠦᠳᠡᠢ ᠳᠠᠯᠠᠳᠤᠨ ᠡᠷᠡᠮᠰᠢᠵᠤ᠄

᠊᠊᠊᠊᠊᠊᠊᠊᠊᠊᠊᠊᠊᠊᠊ ᠪᠢ ᠨᠢᠭᠡ ᠯᠠ ᠶᠠᠩᠵᠤ ᠪᠠᠷ ᠠᠮᠢᠳᠤᠷᠠᠵᠤ ᠪᠠᠢ᠌ᠭ᠎ᠠ ᠪᠢᠰᠢᠤ ᠭᠡᠪᠡ᠃ ᠸᠠᠩ ᠪᠠᠭᠰᠢ ᠬᠠᠷᠢᠭᠤ ᠳ᠋ᠤᠨᠢ᠄

᠊᠊᠊᠊᠊᠊᠊᠊᠊᠊᠊᠊᠊᠊᠊ ᠫᠠᠢ ᠶᠢᠨ ᠰᠢᠷᠡᠭᠡᠨ ᠳᠤ ᠨᠢᠭᠡ ᠨᠠᠰᠤ ᠪᠠᠨ ᠥᠩᠭᠡᠷᠡᠭᠦᠯᠭᠦ ᠴᠢᠨᠢ ᠠᠮᠢᠳᠤ ᠪᠠᠢ᠌ᠪᠠᠴᠤ ᠥᠭᠦᠭ᠍ᠰᠡᠨ ᠪᠠᠶ᠎ᠠ ᠭᠡᠪᠡ᠃ ᠭᠡᠢ ᠮᠡᠷᠭᠡᠨ ᠵᠢᠭᠠᠬᠠᠨ ᠭᠡᠢ ᠳᠦᠷᠤᠵᠤ᠄

᠊᠊᠊᠊᠊᠊᠊᠊᠊᠊᠊᠊᠊᠊᠊ ᠡᠨᠡ ᠴᠢᠨᠢ ᠶᠠᠭᠤ ᠭᠡᠰᠡᠨ ᠥᠭᠡ ᠪᠣᠢ ︖ ᠭᠡᠪᠡ᠃

ᠸᠠᠩ ᠪᠠᠭᠰᠢ ᠬᠠᠷᠢᠭᠤ ᠳ᠋ᠤᠨᠢ ᠥᠯᠢᠭᠡᠷ ᠶᠠᠷᠢᠭᠰᠠᠨ ᠨᠢ᠄

᠊᠊᠊᠊᠊᠊᠊᠊᠊᠊᠊᠊᠊᠊᠊ ᠡᠷᠳᠡ ᠴᠠᠭ ᠲᠤ ᠨᠢᠭᠡᠨ ᠸᠠᠩ ᡁᠢ ᠭᠡᠳᠡᠭ᠌ ᠭᠦᠮᠤᠨ ᠠᠭᠤᠯᠠᠨ ᠳᠤ ᠭᠠᠷᠤᠭᠠᠤᠨ ᠮᠤᠳᠤᠨ ᠰᠡᠭᠦᠳᠡᠷ ᠲᠤ ᠬᠤᠶᠠᠷ ᠪᠣᠭᠤᠷᠤᠯ ᠰᠢᠳᠠᠷ᠎ᠠ ᠳᠠᠯᠪᠢᠵᠤ ᠪᠠᠢ᠌ᠭ᠎ᠠ ᠶᠢ ᠦᠵᠡᠯ᠎ᠠ᠂ ᠳᠡᠭᠡᠭᠡᠳ ᠳᠠᠷᠠ ᠲᠦᠯᠡᠭᠡ ᠠᠪᠬᠤ ᠪᠠᠨ ᠪᠠᠢ᠌ᠵᠤ᠂ ᠰᠢᠳᠠᠷ᠎ᠠ ᠳᠠᠯᠪᠢᠬᠤ ᠶᠢ ᠠᠮᠳᠠᠷᠬᠠᠨ ᠥᠵᠡᠭ᠍ᠰᠡᠭᠡᠷ ᠪᠠᠢ᠌ᠵᠤ ᠭᠡᠴᠢᠨᠡᠨ ᠴᠠᠭ ᠥᠩᠭᠡᠷᠡᠭ᠍ᠰᠡᠨ ᠢ ᠮᠡᠳᠡᠭ᠍ᠰᠡᠨ ᠦᠭᠡᠶ᠂ ᠭᠡᠨᠡᠳᠲᠡ ᠬᠠᠷᠠᠪᠠᠯ ᠭᠠᠷ ᠳᠠᠭᠢ ᠰᠥᠭᠡ ᠨᠢ ᠮᠤᠯᠳᠤᠷᠠᠵᠤ ᠣᠨᠠᠭᠠᠤᠨ ᠰᠥᠭᠡ ᠶᠢᠨ ᠡᠰᠢ ᠨᠢ ᠢᠯᠵᠠᠷᠠᠴᠢᠬᠠᠭᠰᠠᠨ ᠪᠠᠢ᠌ᠪᠠ᠃ ᠶᠠᠭᠠᠷᠠᠨ ᠳᠤᠰᠬᠤᠨ ᠳᠠᠭᠠᠨ ᠪᠣᠴᠠᠭᠰᠠᠨ ᠳᠤ ᠣᠴᠠᠷᠠᠭᠰᠠᠨ ᠭᠦᠮᠤᠨ ᠪᠦᠷ ᠳᠠᠨᠢᠭᠳᠠᠬᠤ ᠦᠭᠡᠶ ᠪᠣᠯᠤᠭᠠᠤᠨ ᠳᠤᠤᠷ᠎ᠠ ᠭᠡᠳᠤᠨ ᠦᠶ᠎ᠡ ᠶᠢᠨ ᠣᠮᠪᠣᠯ ᠳᠤᠮᠪᠣᠯ ᠪᠣᠯᠴᠢᠬᠠᠭᠰᠠᠨ ᠭᠡᠨ᠎ᠡ᠃ ᠢᠩᠭᠢᠭᠡᠳ ᠳᠠᠷᠠ ᠸᠠᠩ ᡁᠢ ᠨᠢᠭᠡ ᠨᠠᠰᠤ ᠪᠠᠨ ᠳᠠᠯᠠᠭᠠᠷ ᠥᠩᠭᠡᠷᠡᠭᠦᠯᠦᠭ᠍ᠰᠡᠨ ᠶᠢᠡᠨ ᠮᠠᠳᠠᠵᠤ ᠶᠡᠭᠡᠯ᠎ᠡ ᠭᠡᠮᠰᠢᠯ᠎ᠡ᠃ ᠡᠨᠡ ᠥᠯᠢᠭᠡᠷ ᠢ ᠰᠤᠨᠤᠰᠤᠭᠠᠤᠨ ᠭᠡᠢ ᠮᠡᠷᠭᠡᠨ ᠦᠯᠦ ᠣᠢ᠌ᠰᠢᠶᠠᠨ᠄

᠊᠊᠊᠊᠊᠊᠊᠊᠊᠊᠊᠊᠊᠊᠊ ᠮᠠᠳᠠᠵᠤ ᠪᠠᠢ᠌ᠨ᠎ᠠ᠂ ᠪᠢ ᠪᠦᠷ ᠮᠠᠳᠠᠵᠤ ᠪᠠᠢ᠌ᠨ᠎ᠠ ᠭᠡᠪᠡ᠃

ᠳᠠᠷᠠᠭ᠎ᠠ ᠪᠠᠷ ᠸᠠᠩ ᠪᠠᠭᠰᠢ ᠳᠡᠭᠦᠨ ᠳᠤ᠄

᠊᠊᠊᠊᠊᠊᠊᠊᠊᠊᠊᠊᠊᠊᠊ ᠥᠭᠡᠷ᠎ᠡ ᠶᠢ ᠪᠣᠤ ᠪᠣᠳᠤ᠂ ᠦᠷ᠎ᠡ ᠬᠡᠦᠬᠡᠳ ᠶᠢᠡᠨ ᠭᠦᠮᠤᠨ ᠪᠣᠯᠭᠠᠬᠤ ᠶᠢ ᠪᠣᠳᠤᠬᠤ ᠴᠢᠬᠤᠯᠠ ᠲᠡᠶ ᠭᠡᠪᠡ᠃

ᠭᠡᠢ ᠮᠡᠷᠭᠡᠨ ᠪᠠᠰᠠ ᠄

᠊᠊᠊᠊᠊᠊᠊᠊᠊᠊᠊᠊᠊᠊᠊ ᠮᠠᠳᠠᠵᠤ ᠪᠠᠢ᠌ᠨ᠎ᠠ᠂ ᠪᠢ ᠪᠦᠷ ᠮᠠᠳᠠᠨ᠎ᠡ᠃ ᠵᠥᠪᠭᠡᠨ ᠮᠠᠵᠢᠶᠠᠩ ᠤᠨ ᠢᠳᠠ ᠳᠡᠭᠡᠷ᠎ᠡ ᠶᠠᠭᠤ ᠶᠢ ᠴᠤ ᠬᠠᠮᠢᠶᠠᠷᠬᠤ ᠦᠭᠡᠶ ᠪᠣᠯᠤᠨ᠎ᠠ ᠭᠡᠪᠡ᠃

ᠡᠨᠡ ᠨᠡᠭᠡᠷᠡᠨ ᠡᠯᠵᠢᠭᠡᠨ ᠴᠢᠭᠢᠨ ᠳᠤ ᠠᠯᠳᠠ ᠭᠢᠪᠠᠴᠤ ᠰᠠᠵᠢᠨ᠎ᠠ᠂ ᠠᠷᠭᠠᠯ ᠭᠢᠪᠠᠴᠤ ᠰᠠᠵᠢᠨ᠎ᠠ ᠭᠡᠭ᠍ᠴᠢ ᠪᠠᠷ ᠭᠡᠢ ᠮᠡᠷᠭᠡᠨ ᠳᠤ ᠶᠠᠮᠠᠷ ᠳᠤᠰᠠ ᠲᠡᠶ ᠥᠭᠡ ᠴᠤ ᠳᠤᠰᠠ ᠪᠣᠯᠬᠤ ᠦᠭᠡᠶ ᠶᠤᠮ ᠪᠠᠢ᠌ᠨ᠎ᠠ᠃ ᠭᠡᠢ ᠮᠡᠷᠭᠡᠨ ᠵᠢᠯᠤᠭᠤ ᠪᠠᠨ ᠳᠠᠳᠠᠵᠤ ᠳᠡᠢ᠌ᠯᠭᠦ ᠦᠭᠡᠶ᠂ ᠵᠤᠷᠢᠭ ᠶᠢᠡᠷ ᠶᠢᠡᠨ ᠶᠠᠪᠣᠵᠤ᠂ ᠦᠳᠡᠰᠢ ᠪᠦᠷᠢ ᠰᠦᠨᠢ ᠳᠤᠷᠰᠢ ᠪᠠᠯᠭᠠᠰᠤᠨ ᠳᠤ ᠵᠤᠭᠤᠰ ᠨᠠᠭᠠᠳᠴᠤ ᠪᠠᠢ᠌ᠪᠠ᠃ ᠭᠡᠷ ᠲᠡᠭᠡᠨ ᠪᠣᠴᠠᠵᠤ ᠢᠷᠠᠪᠠᠯ ᠬᠠᠷ᠎ᠠ ᠡᠳᠦᠷ ᠶᠢᠡᠷ ᠬᠠᠮᠠᠷ ᠳᠠᠳᠠᠨ ᠣᠠᠳᠠᠵᠤ ᠪᠠᠢ᠌ᠬᠤ ᠦᠶ᠎ᠡ ᠪᠠᠷ ᠸᠠᠩ ᠪᠠᠭᠰᠢ ᠮᠦᠨ ᠰᠦᠨᠢ ᠪᠦᠷᠢ ᠭᠡᠦᠭᠡᠨ ᠳ᠋ᠤᠨᠢ ᠭᠢᠴᠢᠶᠠᠯ ᠵᠢᠯᠤᠭᠤᠳᠴᠤ᠂ ᠭᠡᠷᠭᠡᠢ ᠲᠡᠶ ᠨᠢ ᠭᠡᠯᠡᠯᠴᠡᠵᠤ ᠰᠠᠭᠤᠳᠠᠭ ᠪᠣᠯᠵᠠᠢ᠃ ᠪᠠᠰᠠ ᠵᠠᠷᠢᠮ ᠡᠳᠦᠷ ᠸᠠᠩ ᠪᠠᠭᠰᠢ ᠰᠠᠩᠵᠢᠮ᠎ᠠ ᠳᠤ ᠬᠠᠮᠵᠢᠵᠤ ᠮᠠᠯ ᠢ ᠨᠢ ᠭᠠᠷᠭᠠᠵᠤ ᠦᠭ‍ᠭᠦᠨ᠂ ᠡᠪᠠᠰᠤ ᠲᠦᠯᠡᠭᠡ ᠠᠪᠬᠤ ᠳ᠋ᠤᠨᠢ ᠳᠤᠰᠠ ᠪᠣᠯᠵᠤ ᠪᠠᠢ᠌ᠵᠠᠢ᠃ ᠪᠠᠰᠠ ᠵᠠᠷᠢᠮ ᠳᠠᠭᠠᠨ ᠪᠠᠯᠴᠢᠭᠡᠷ ᠤᠨ ᠵᠠᠬ᠎ᠠ ᠳ᠋ᠠᠭᠢ ᠡᠪᠠᠰᠤᠨ ᠣᠪᠣᠬᠠᠢ ᠳᠤ ᠵᠠᠪᠠᠷ ᠳᠠᠯᠳᠠᠯᠠᠨ ᠬᠠᠮᠳᠤ ᠰᠠᠭᠤᠵᠤ᠂ ᠰᠠᠩᠵᠢᠮ᠎ᠠ ᠳᠤ ᠥᠯᠢᠭᠡᠷ ᠭᠡᠯᠡᠵᠤ ᠦᠰᠦᠭ᠌ ᠵᠢᠭᠠᠨ᠎ᠠ᠃ ᠳᠡᠭᠡᠭᠡᠳ ᠥᠯᠢᠭᠡᠷ ᠤᠨ ᠠᠶᠤᠯ ᠳᠦᠭ᠍ᠰᠢᠭᠦᠷᠢ ᠲᠡᠶ ᠣᠢ᠌ᠯᠠ ᠶᠠᠪᠣᠳᠠᠯ ᠢ ᠰᠤᠨᠤᠰᠪᠠᠯ ᠰᠠᠩᠵᠢᠮ᠎ᠠ ᠬᠡᠦᠬᠡᠳ ᠰᠢᠭ᠌ ᠡᠷᠭᠡᠯᠡᠨ ᠠᠭᠠᠰᠢᠯᠠᠵᠤ ᠸᠠᠩ ᠪᠠᠭᠰᠢ ᠶᠢ ᠴᠢᠩᠭ᠎ᠠ ᠨᠠᠭᠠᠯᠳᠤᠨ ᠰᠠᠭᠤᠨ᠎ᠠ᠃ ᠥᠯᠢᠭᠡᠷ ᠤᠨ ᠳᠤᠳᠤᠷᠠᠭᠢ ᠭᠠᠰᠢᠭᠤᠨ ᠵᠤᠪᠠᠭᠤᠷᠢ ᠲᠡᠶ ᠣᠢ᠌ᠯᠠ ᠶᠠᠪᠣᠳᠠᠯ ᠳᠤ ᠢᠭ᠍ᠳᠦᠯᠤᠨ᠂ ᠨᠢᠳᠤᠨ ᠡᠴᠠ ᠪᠠᠨ ᠨᠢᠯᠪᠣᠰᠤ ᠠᠰᠬᠠᠷᠠᠭᠤᠯᠳᠠᠭ᠃ ᠢᠩᠭᠢᠵᠤ ᠪᠠᠢ᠌ᠭᠰᠠᠭᠠᠷ ᠴᠠᠭ ᠥᠩᠭᠡᠷᠡᠭᠦ ᠳᠤᠳᠤᠮ ᠰᠠᠩᠵᠢᠮ᠎ᠠ ᠸᠠᠩ ᠪᠠᠭᠰᠢ ᠳᠤ ᠬᠠᠢ᠌ᠷ᠎ᠠ ᠰᠡᠳᠬᠢᠯᠭᠡ ᠲᠡᠶ ᠪᠣᠯᠵᠤ ᠰᠠᠯᠵᠤ ᠶᠠᠳᠠᠮᠠᠷ ᠪᠣᠯᠪᠠ᠃

ᠶᠠᠭᠠᠭᠢᠶ᠎ᠠ ᠭᠡᠵᠤ ᠪᠠᠢ᠌ᠳᠠᠯ᠎ᠠ ᠨᠢᠭᠡᠨ ᠡᠳᠦᠷ ᠭᠡᠢ ᠮᠡᠷᠭᠡᠨ ᠭᠠᠢ᠌ᠬᠠᠯ ᠭᠡᠳᠤᠨ ᠭᠦᠮᠤᠨ ᠢ ᠳᠠᠭᠠᠭᠤᠯᠤᠨ ᠭᠡᠢ ᠬᠤᠢ ᠲᠡᠶ ᠪᠠᠷ ᠭᠦᠷᠴᠤ ᠢᠷᠠᠪᠠ᠃ ᠶᠠᠩᠵᠤ ᠶᠢ ᠨᠢ ᠦᠵᠡᠪᠠᠯ ᠵᠤᠳᠤᠯᠳᠤᠬᠤ ᠪᠠᠢ᠌ᠳᠠᠯ ᠲᠡᠶ ᠪᠣᠯᠬᠤᠷ ᠰᠠᠩᠵᠢᠮ᠎ᠠ ᠰᠠᠠᠳᠤᠷᠴᠤ᠂ ᠸᠠᠩ ᠪᠠᠭᠰᠢ ᠳᠤ ᠪᠣᠤ ᠯᠠ ᠭᠠᠷ ᠭᠦᠷᠭᠡᠶ᠎ᠡ ᠭᠡᠵᠤ ᠪᠣᠳᠤᠭᠠᠤᠨ ᠣᠭᠳᠤᠵᠤ ᠭᠠᠷᠪᠠ᠃ ᠳᠡᠭᠡᠭᠡᠳ ᠶᠠᠮᠠᠷ ᠣᠴᠢᠷ ᠪᠣᠯᠤᠭᠰᠠᠨ ᠶᠤᠮ ᠳ᠋ᠠ ᠭᠡᠵᠤ ᠠᠰᠠᠭᠤᠭᠰᠠᠨ ᠳᠤ ᠭᠡᠢ ᠮᠡᠷᠭᠡᠨ ᠭᠤᠪᠰᠣᠢ᠌ᠵᠤ ᠭᠡᠯᠡᠭ᠍ᠰᠡᠨ ᠨᠢ ᠄

᠊᠊᠊᠊᠊᠊᠊᠊᠊᠊᠊᠊᠊᠊᠊ ᠲᠦᠮᠡᠨ ᠳᠦᠭᠦᠷᠢᠭ᠌ ᠱᠥᠭᠦᠭ᠍ᠳᠡᠵᠡᠢ ᠭᠡᠪᠡ᠃

ᠰᠠᠩᠵᠢᠮ᠎ᠠ ᠰᠠᠠᠳᠤᠷᠴᠤ ᠄

᠊᠊᠊᠊᠊᠊᠊᠊᠊᠊᠊᠊᠊᠊᠊ ᠭᠡᠷ ᠲᠤ ᠶᠠᠭᠤᠨ ᠤ ᠳᠠᠢ᠌ᠮᠤ ᠣᠯᠠᠨ ᠵᠤᠭᠤᠰ ᠪᠠᠢ᠌ᠬᠤ ᠪᠣᠢ ᠭᠡᠪᠡ᠃ ᠳᠠᠷᠠ ᠭᠡᠳᠤᠨ ᠪᠠᠷᠳᠡᠭ᠍ᠴᠢᠨ ᠡᠷ᠎ᠡ ᠭᠡᠯᠡᠭ᠍ᠰᠡᠨ ᠨᠢ᠄

᠊᠊᠊᠊᠊᠊᠊᠊᠊᠊᠊᠊᠊᠊᠊ ᠵᠤᠭᠤᠰ ᠦᠭᠡᠶ ᠪᠣᠯ ᠦᠨᠢᠶ᠎ᠡ ᠶᠢ ᠴᠢᠨᠢ ᠭᠦᠳᠦᠯᠵᠤ ᠠᠪᠠᠴᠢᠨ᠎ᠠ᠃

᠊᠊᠊᠊᠊᠊᠊᠊᠊᠊᠊᠊᠊᠊᠊ ᠪᠣᠯᠬᠤ ᠦᠭᠡᠶ ᠭᠡᠵᠤ ᠰᠠᠩᠵᠢᠮ᠎ᠠ ᠦᠨᠢᠶ᠎ᠡ ᠡᠴᠠ ᠪᠠᠨ ᠥᠭᠦᠨ ᠵᠢᠭᠤᠷᠪᠠ᠃ ᠳᠠᠷᠠ ᠭᠡᠳᠦᠭᠦᠯᠡ᠄

᠊᠊᠊᠊᠊᠊᠊᠊᠊᠊᠊᠊᠊᠊᠊ ᠦᠷᠢ ᠲᠡᠶ ᠭᠦᠮᠤᠨ ᠳᠠᠪᠠᠭᠠᠨ ᠳᠡᠭᠡᠷ᠎ᠡ᠂ ᠡᠡᠮᠢ ᠲᠡᠶ ᠴᠢᠨᠢ ᠭᠡᠯᠡᠯᠴᠡᠨ᠎ᠡ ᠭᠡᠪᠡ᠃ ᠰᠠᠩᠵᠢᠮ᠎ᠠ ᠰᠠᠠᠳᠤᠷᠴᠤ ᠭᠠᠷᠴᠤ ᠣᠴᠢᠭᠠᠤᠨ ᠤᠳᠡᠰᠭᠢᠵᠤ᠂ ᠨᠢᠭᠡ ᠠᠳᠬᠤ ᠵᠤᠭᠤᠰ ᠠᠪᠴᠤ ᠢᠷᠠᠨ᠄

᠊᠊᠊᠊᠊᠊᠊᠊᠊᠊᠊᠊᠊᠊᠊ ᠮᠠ ︕ ᠭᠡᠵᠤ ᠳᠤᠰᠢᠶᠠᠯ᠎ᠠ᠃ ᠡᠷᠡᠭ᠍ᠳᠡᠢ ᠨᠢ᠄

᠊᠊᠊᠊᠊᠊᠊᠊᠊᠊᠊᠊᠊᠊᠊ ᠬᠠᠮᠢᠭ᠎ᠠ ᠡᠴᠠ ᠣᠯᠤᠭᠰᠠᠨ ᠵᠤᠭᠤᠰ ᠪᠣᠢ ︖ ᠭᠡᠰᠡᠨ ᠳᠤ ᠄

᠊᠊᠊᠊᠊᠊᠊᠊᠊᠊᠊᠊᠊᠊᠊ ᠸᠠᠩ ᠪᠠᠭᠰᠢ ᠶᠢᠨ ᠳᠠᠠᠳᠠ ᠡᠴᠠ ᠠᠪᠴᠢᠷᠠᠵᠠᠢ ᠭᠡᠵᠤ ᠰᠠᠩᠵᠢᠮ᠎ᠠ ᠠᠵᠢᠭ ᠦᠭᠡᠶ ᠬᠠᠷᠢᠭᠤᠯᠪᠠ᠃ ᠳᠡᠭᠡᠭᠡᠳ ᠦᠷ᠎ᠡ ᠨᠡᠭᠡᠭ᠍ᠴᠢᠳ ᠢ ᠠᠷᠭᠠᠴᠠᠨ ᠶᠠᠪᠣᠭᠤᠯᠤᠭᠠᠤᠨ ᠡᠷᠡᠭ᠍ᠳᠡᠢ ᠨᠢ ᠭᠡᠷ ᠲᠡᠭᠡᠨ ᠣᠷᠤᠵᠤ᠂ ᠳᠠᠮᠢᠷ ᠶᠢᠡᠨ ᠪᠠᠷᠠᠭᠰᠠᠨ ᠪᠠᠢ᠌ᠳᠠᠯ ᠲᠡᠶ ᠪᠠᠷ ᠬᠠᠠᠵᠤᠨ ᠳᠤ ᠭᠡᠪᠳᠡᠵᠤ ᠣᠨᠠᠭᠠᠤᠨ ᠬᠤᠷᠴᠢᠭᠢᠨᠠᠭᠤᠯᠤᠨ ᠣᠠᠳᠠᠯ᠎ᠠ᠃

᠁ ᠁

ᠪᠣᠰᠤᠳ ᠤᠨ ᠪᠣᠳᠠᠭ᠎ᠠ ᠶᠢ ᠢᠳᠡᠭ᠍ᠰᠡᠨ ᠭᠦᠮᠤᠨ ᠤ ᠠᠮᠠᠨ ᠨᠢ ᠵᠥᠭᠡᠯᠡᠨ ᠭᠡᠭ᠍ᠴᠢ ᠪᠠᠷ ᠸᠠᠩ ᠪᠠᠭᠰᠢ ᠶᠢᠨ ᠵᠤᠭᠤᠰ ᠶᠢᠡᠷ ᠦᠷᠢ ᠪᠠᠨ ᠲᠦᠯᠦᠭ᠍ᠰᠡᠨ ᠭᠡᠢ ᠮᠡᠷᠭᠡᠨ ᠶᠠᠮᠠᠷ ᠴᠤ ᠠᠷᠭ᠎ᠠ ᠦᠭᠡᠶ ᠪᠣᠯᠵᠤ ᠨᠤᠮᠤᠬᠠᠷᠠᠯ᠎ᠠ᠃ ᠭᠡᠷᠭᠡᠢ ᠨᠢ ᠸᠠᠩ ᠪᠠᠭᠰᠢ ᠲᠡᠶ ᠳᠤᠳᠤᠨᠤ ᠪᠠᠷ ᠶᠠᠪᠣᠯᠴᠠᠵᠤ ᠪᠠᠢ᠌ᠭ᠎ᠠ ᠶᠢ ᠦᠵᠡᠵᠤ ᠪᠠᠢ᠌ᠭᠠᠤᠨ ᠦᠯᠦ ᠮᠡᠳᠡᠭ᠍ᠴᠢ ᠪᠣᠯᠵᠠᠢ᠃ ᠮᠤᠠᠳᠠᠱᠠᠨ ᠦᠨᠢᠶ᠎ᠡ ᠶᠢ ᠨᠢ ᠭᠦᠳᠦᠯᠵᠤ ᠠᠪᠠᠴᠢᠭᠰᠠᠨ ᠦᠭᠡᠶ᠂ ᠰᠥ᠋ ᠰᠠᠭᠠᠵᠤ᠂ ᠰᠦ᠋ ᠲᠡᠶ ᠴᠠᠢ ᠣᠤᠭᠤᠬᠤ ᠳᠤ ᠰᠠᠭᠠᠤᠨ ᠪᠣᠯᠤᠭᠰᠠᠨ ᠦᠭᠡᠶ ᠭᠡᠵᠤ ᠠᠯᠠᠰᠭᠢᠨ ᠪᠠᠶᠠᠷᠯᠠᠨ᠎ᠠ᠃

ᠸᠠᠩ ᠪᠠᠭᠰᠢ ᠳᠠᠭᠠᠨ ᠭᠦᠨ ᠳᠠᠯᠠᠷᠬᠠᠯ ᠢᠯᠡᠳᠭᠡᠨ᠎ᠡ ᠭᠡᠳ ᠰᠠᠩᠵᠢᠮ᠎ᠠ ᠪᠦᠰᠡᠭᠦᠢ ᠦᠪᠡᠷ ᠤᠨ ᠭᠢᠭ᠍ᠰᠡᠨ ᠦᠷᠤᠮ᠎ᠠ᠂ ᠳᠤᠰᠤ᠂ ᠡᠭᠡᠵᠡᠭᠡᠢ᠂ ᠬᠤᠷᠤᠳ ᠶᠢᠡᠷ ᠳᠡᠭᠦᠨ ᠢ ᠭᠦᠡᠳᠦᠯᠡᠨ ᠳᠠᠢ᠌ᠯᠵᠠᠢ᠃ ᠳᠡᠭᠦᠨ ᠤ ᠭᠢᠴᠢᠶᠡᠩᠭᠦᠢᠯᠡᠨ ᠵᠢᠭᠤᠷᠠᠵᠤ ᠦᠭ‍ᠭᠦᠭ᠍ᠰᠡᠨ ᠦᠷᠤᠮ᠎ᠠ ᠲᠡᠶ ᠬᠤᠭᠤᠯᠠ ᠶᠢ ᠠᠮᠳᠠᠯᠠᠨ᠂ ᠰᠦ᠋ ᠲᠡᠶ ᠴᠠᠢ ᠶᠢ ᠨᠢ ᠳᠠᠮᠰᠢᠶᠠᠯᠠᠨ ᠰᠠᠭᠤᠬᠤ ᠵᠠᠭᠤᠷ᠎ᠠ ᠰᠠᠩᠵᠢᠮ᠎ᠠ ᠶᠢᠨ ᠣᠯᠠᠭ᠎ᠠ ᠪᠣᠳᠠᠷᠠᠭᠰᠠᠨ ᠥᠩᠭᠡ ᠵᠢᠰᠤ ᠶᠢ ᠰᠢᠨᠤᠠᠬᠠᠢ᠌ᠷᠠᠨ ᠰᠢᠠᠵᠢᠵᠤ᠂ ᠠᠮᠳᠠᠨ ᠳ᠋ᠤᠨᠢ ᠣᠷᠤᠭᠠᠤᠨ᠂ ᠬᠠᠯᠠᠭᠤᠨ ᠣᠷᠭᠢᠨ᠂ ᠭᠦᠶᠤᠨ ᠪᠣᠰᠤᠭᠠᠤᠨ ᠳᠠᠪᠠᠷᠢᠶ᠎ᠠ ᠭᠡᠵᠤ ᠰᠠᠨᠠᠪᠠ᠃ ᠭᠡᠨᠡᠳᠲᠡ ᠭᠠᠳᠠᠨ᠎ᠠ ᠳᠦᠱ ᠳᠦᠱ ᠳᠠᠭᠤᠨ ᠭᠠᠷᠤᠭᠰᠠᠨ᠎ᠠ ᠰᠠᠩᠵᠢᠮ᠎ᠠ ᠰᠠᠠᠳᠤᠷᠤᠨ ᠭᠠᠷᠴᠤ ᠦᠵᠡᠪᠠᠯ᠂ ᠭᠡᠢ ᠮᠡᠷᠭᠡᠨ ᠨᠠᠭᠠᠳᠤᠮ ᠡᠴᠠ ᠪᠠᠨ ᠬᠠᠷᠢᠵᠤ ᠢᠷᠡᠭᠦ ᠬᠠᠷᠠᠭᠳᠠᠪᠠ᠃ ᠦᠵᠡᠪᠠᠯ ᠪᠠᠰᠠ ᠭᠡᠳᠤᠨ ᠪᠣᠵᠠᠭᠠᠢ ᠡᠷ᠎ᠡ ᠳᠠᠭᠠᠭᠤᠯᠤᠨ ᠢᠷᠠᠨ᠎ᠡ᠃ ᠪᠠᠷᠠᠯ᠎ᠠ ᠰᠢᠤ ︕ ᠣᠳᠤ ᠸᠠᠩ ᠪᠠᠭᠰᠢ ᠶᠢ ᠪᠠᠷᠢᠪᠴᠢᠯᠠᠬᠤ ᠭᠡᠵᠤ ᠪᠠᠢ᠌ᠭ᠎ᠠ ᠪᠢᠰᠢᠤ ᠭᠡᠵᠤ ᠪᠣᠳᠤᠭᠠᠤᠨ ᠠᠷᠤ ᠨᠢᠷᠤᠭᠤᠨ ᠳ᠋ᠤᠨᠢ ᠭᠦᠢᠳᠡᠨ ᠭᠦᠯᠦᠰᠤ ᠨᠠᠪᠳᠠᠷᠠᠪᠠ᠃ ᠶᠠᠭᠤᠨ ᠤ ᠭᠢᠨᠢ ᠡ ︕ ᠭᠡᠢ ᠮᠡᠷᠭᠡᠨ ᠪᠠᠰᠠ ᠨᠠᠭᠠᠳᠴᠤ ᠱᠥᠭᠦᠭ᠍ᠳᠡᠭᠡᠳ ᠳᠠᠷᠠ ᠭᠡᠳᠤᠨ ᠭᠦᠮᠤᠨ ᠳᠤ ᠪᠠᠢ᠌ᠷᠢ ᠪᠠᠢ᠌ᠰᠢᠩ ᠶᠢᠡᠨ ᠲᠦᠯᠦᠭᠡᠰᠤ ᠪᠣᠯᠭᠠᠭᠠᠤᠨ᠂ ᠣᠳᠤ ᠭᠡᠷ ᠶᠢᠡᠨ ᠶᠡᠭᠦᠯᠡᠭᠡᠳ ᠦᠭ‍ᠭᠦ ᠪᠠᠷ ᠢᠷᠡᠭ᠍ᠰᠡᠨ ᠶᠤᠮ ᠪᠠᠢ᠌ᠨ᠎ᠠ᠃ ᠰᠠᠩᠵᠢᠮ᠎ᠠ ᠣᠴᠢᠷ ᠢ ᠰᠤᠨᠤᠰᠤᠭᠠᠤᠨ ᠄

᠊᠊᠊᠊᠊᠊᠊᠊᠊᠊᠊᠊᠊᠊᠊ ᠣᠳᠤ ᠶᠠᠭᠠᠭᠢᠨ᠎ᠠ ᠭᠡᠵᠤ ᠳᠠᠭᠤ ᠳᠠᠯᠪᠢᠨ ᠣᠭᠢᠯᠠᠪᠠ᠃ ᠸᠠᠩ ᠪᠠᠭᠰᠢ ᠭᠡᠷ ᠡᠴᠠ ᠨᠢ ᠭᠠᠷᠴᠤ ᠢᠷᠡᠭᠡᠳ ᠬᠠᠵᠠᠭᠤ ᠳ᠋ᠤᠨᠢ ᠵᠤᠭᠰᠤᠵᠤ᠄

᠊᠊᠊᠊᠊᠊᠊᠊᠊᠊᠊᠊᠊᠊᠊ ᠪᠢᠳᠡᠭᠡᠢ ᠣᠭᠢᠯᠠ ᠡ᠂ ᠭᠡᠷ ᠶᠢᠡᠨ ᠶᠡᠭᠦᠯᠡᠭᠡᠳ ᠥᠭ᠍ᠴᠢᠭᠡ ︕ ᠭᠡᠪᠡ᠃ ᠰᠠᠩᠵᠢᠮ᠎ᠠ ᠨᠢᠯᠪᠣᠰᠤᠪᠠᠨ ᠠᠷᠴᠢᠨ᠄

᠊᠊᠊᠊᠊᠊᠊᠊᠊᠊᠊᠊᠊᠊᠊ ᠪᠢᠳᠠ ᠴᠢᠩᠭᠢᠭᠡᠳ ᠬᠠᠮᠢᠭ᠎ᠠ ᠰᠠᠭᠤᠨ᠎ᠠ ᠳ᠋ᠠ ᠭᠡᠪᠡ᠃

᠊᠊᠊᠊᠊᠊᠊᠊᠊᠊᠊᠊᠊᠊᠊ ᠮᠢᠨᠤ ᠭᠡᠷ ᠲᠤ ᠣᠴᠢ ᠭᠡᠪᠡ᠃

᠊᠊᠊᠊᠊᠊᠊᠊᠊᠊᠊᠊᠊᠊᠊ ᠳᠡᠭᠡᠭᠡᠳ ᠶᠠᠭᠠᠭᠢᠵᠤ ᠪᠣᠯᠬᠤ ᠪᠣᠢ ᠭᠡᠰᠡᠨ ᠳᠤ᠄

᠊᠊᠊᠊᠊᠊᠊᠊᠊᠊᠊᠊᠊᠊᠊ ᠳᠡᠭᠡᠭᠦ ᠦᠭᠡᠶ ᠪᠣᠯ ᠳᠠᠷᠠᠭ᠎ᠠ ᠪᠠᠷ ᠴᠢᠮᠢ᠋ᠢ ᠪᠠᠰᠠ ᠱᠥᠭᠦᠭ᠍ᠳᠡᠭᠡᠳ ᠲᠦᠯᠦᠭᠡᠰᠤ ᠪᠣᠯᠭᠠᠨ᠎ᠠ ᠭᠡᠪᠡ᠃

᠁ ᠁

ᠪᠠᠯᠭᠠᠰᠤᠨ ᠤ ᠮᠢᠶᠠᠠᠪᠣᠤ ᠮᠠᠰᠢᠨ ᠪᠠᠰᠠ ᠭᠦᠷᠴᠤ ᠢᠷᠡᠭᠡᠳ᠂ ᠯᠠᠪᠠ ᠪᠠᠨ 《ᠳ᠋ᠦ᠋ ︕ ᠳ᠋ᠦ᠋ ︕》 ᠳᠤᠤᠭᠠᠷᠭᠠᠨ ᠰᠢᠪᠠᠳᠠᠵᠤ ᠪᠠᠢ᠌ᠯ᠎ᠠ᠃ ᠭᠡᠢ ᠮᠡᠷᠭᠡᠨ ᠮᠠᠰᠢᠨ ᠳᠠᠰᠢ ᠠᠯᠬᠤᠯᠠᠵᠤ᠂ ᠮᠠᠰᠢᠨ ᠳᠤ ᠭᠠᠷᠬᠤ ᠶᠢᠨ ᠳᠠᠳᠤᠢ ᠡᠷᠭᠢᠵᠤ ᠬᠠᠠᠳᠤᠨ ᠥᠵᠡᠪᠠᠯ᠂ ᠭᠡᠷᠭᠡᠢ ᠨᠢ ᠸᠠᠩ ᠪᠠᠭᠰᠢ ᠶᠢ ᠳᠠᠭᠠᠵᠤ ᠶᠠᠪᠣᠭᠠᠤᠨ ᠬᠤᠯᠠᠳᠤᠯ᠎ᠠ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠫᠷᠤᠹᠧᠰᠰᠤᠷ

ᠵᠤᠬᠢᠶᠠᠭᠴᠢ᠄ ᠳᠤᠭᠤᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 3192
ᠴᠠᠭ᠄ 2014 ᠤᠨ ᠤ 02 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁