ᠵᠢᠷᠭᠤᠭᠠᠨ ᠰᠠᠷ᠎ᠠ ᠶᠢᠨ ᠨᠢᠭᠡᠨ
᠊᠊᠊᠊᠊᠊᠊᠊᠊᠊᠊᠊᠊᠊᠊ 6.1 ᠊ᠤ ᠬᠡᠦᠬᠡᠳ ᠤᠨ ᠪᠠᠶᠠᠷ ᠲᠤ ᠵᠤᠷᠢᠭᠤᠯᠪᠠ


ᠵᠢᠷᠭᠢᠭᠦ ᠪᠣᠯᠵᠤᠮᠤᠷ ᠱᠤᠯᠤᠭᠠᠨᠠᠨ ᠨᠢᠰᠤᠯᠴᠠᠵᠤ

ᠵᠢᠷᠭᠤᠭᠠᠨ ᠰᠠᠷ᠎ᠠ ᠶᠢᠨ ᠨᠢᠭᠡᠨ ᠳᠤ ᠭᠦᠭ᠌ ᠨᠠᠮᠠᠨ᠎ᠡ᠂   

ᠵᠣᠢ᠌ᠯ ᠤᠨ ᠴᠡᠴᠡᠭ᠌ ᠮᠢᠷᠠᠯᠵᠠᠨ ᠳᠡᠯᠭᠡᠷᠡᠵᠤ

ᠵᠢᠷᠭᠤᠭᠤᠨ ᠰᠠᠷ᠎ᠠ ᠶᠢᠨ ᠨᠢᠭᠡᠨ ᠳᠤ ᠥᠩᠭᠡ ᠰᠠᠭᠤᠯᠭᠠᠨ᠎ᠠ᠃   

ᠭᠤᠷᠴᠢᠭᠢᠨᠠᠬᠤ ᠭᠤᠷᠤᠬ᠎ᠠ ᠠᠶᠠᠯᠤᠨ ᠳᠠᠭᠤᠯᠠᠵᠤ

ᠭᠤᠪᠠᠢ ᠬᠡᠦᠬᠡᠳ ᠤᠨ ᠪᠠᠶᠠᠷ ᠲᠤ ᠤᠶᠠᠩ‍ᠭ᠎ᠠ ᠡᠷᠭᠦᠨ᠎ᠡ᠂   

ᠠᠯᠢᠶ᠎ᠠ ᠵᠡᠷᠭᠡᠯᠭᠡᠨ ᠪᠦᠵᠢᠭᠯᠡᠨ ᠵᠢᠷᠪᠢᠯᠵᠠᠵᠤ

ᠣᠯᠢᠶᠠᠷᠬᠠᠭ ᠬᠡᠦᠬᠡᠳ ᠤᠨ ᠪᠠᠶᠠᠷ ᠲᠤ ᠭᠦᠷ ᠨᠠᠮᠠᠨ᠎ᠡ᠃   

ᠭᠦᠭᠡ ᠳᠡᠭ᠍ᠷᠢ ᠳᠤᠩᠭ᠋ᠠᠯᠠᠭᠰᠢᠨ ᠴᠠᠯᠮᠠᠵᠤ

ᠬᠦᠩᠭᠡᠨ ᠰᠠᠯᠭᠢ ᠡᠶᠡᠪᠠᠷᠭᠦᠤ ᠦᠯᠢᠶᠠᠨ᠎ᠡ᠂   

ᠭᠦᠭᠡᠮᠳᠦᠭ᠌ ᠠᠭᠤᠯᠠᠰ ᠰᠦᠮᠪᠦᠷᠯᠠᠨ ᠰᠥᠭᠯᠡᠢ᠌ᠵᠤ

ᠭᠦᠪᠴᠢᠨ ᠳᠡᠯᠡᠭᠡᠢ ᠪᠠᠶᠠᠰᠤᠯ ᠶᠢᠡᠷ ᠪᠢᠯᠬᠠᠨ᠎ᠠ᠃   

ᠥᠩᠭᠡ ᠲᠡᠶ ᠰᠠᠢ᠌ᠬᠠᠨ ᠬᠤᠪᠴᠠᠰᠤ ᠪᠠᠨ ᠡᠮᠦᠰᠴᠤ

ᠣᠯᠠᠭᠠᠨ ᠪᠦᠴᠡ ᠪᠠᠨ ᠡᠩᠭᠡᠷ ᠲᠡᠭᠡᠨ ᠳᠤᠯᠠᠯᠠᠵᠠᠭᠤᠯᠤᠨ᠎ᠠ᠂   

ᠥᠩᠭᠡ ᠢᠯᠭᠠᠷᠠᠭᠰᠠᠨ ᠴᠡᠴᠡᠭ᠌ ᠶᠢᠡᠨ ᠡᠷᠭᠦᠵᠤ

ᠣᠶᠠᠩᠭ᠋᠎ᠠ ᠳᠠᠭᠤᠤ ᠪᠠᠨ ᠬᠠᠩᠭᠢᠨᠠᠭᠤᠯᠤᠨ ᠳᠠᠭᠤᠯᠠᠵᠠᠭᠠᠨ᠎ᠠ᠃   

ᠪᠦᠮᠪᠦᠷ ᠴᠠᠩ ᠬᠠᠩᠭᠢᠨᠠᠨ ᠳᠤᠤᠭᠠᠷᠴᠤ

ᠪᠦᠷᠢᠶ᠎ᠡ ᠪᠢᠰᠭᠢᠭᠦᠷ ᠣᠶᠠᠩᠭ᠋ᠠᠳᠠᠢ ᠡᠭᠡᠰᠢᠭᠯᠡᠨ᠎ᠡ᠂   

ᠪᠠᠭᠠᠴᠤᠳ ᠬᠡᠦᠬᠡᠳ ᠤᠨ ᠪᠠᠶᠠᠷ ᠶᠢᠡᠨ ᠪᠠᠯᠭᠡᠯᠡᠵᠤ

ᠪᠠᠭᠰᠢ ᠰᠤᠷᠤᠭᠴᠢᠳ ᠵᠢᠷᠭᠠᠯᠳᠠᠢ ᠢᠨᠢᠶᠡᠮᠰᠦᠭᠯᠡᠨ᠎ᠡ᠃   

ᠨᠤᠮᠢᠨ ᠳᠠᠯ᠎ᠠ ᠨᠢ ᠪᠠᠶᠠᠰᠤᠨ ᠡᠦᠭ᠍ᠶ‍ᠦᠷᠡᠵᠤ

ᠨᠤᠭᠤᠭᠠᠨ ᠤ ᠦᠨᠦᠷ ᠰᠠᠩᠭᠢ ᠳᠠᠳᠠᠨ᠎ᠠ᠂   

ᠭᠦᠪᠦᠩ ᠡᠭᠦᠯᠡᠰ ᠨᠢ ᠭᠦᠭ᠍ᠰᠡᠨ ᠭᠦᠪᠪᠦᠯᠵᠡᠵᠤ

ᠭᠦᠮᠤᠨ ᠤ ᠶ‍ᠢᠷᠳᠢᠠᠴᠤ ᠶᠢ ᠪᠠᠬᠠᠷᠬᠠᠨ ᠠᠵᠢᠨ᠎ᠠ᠃   

ᠬᠤᠷᠸ᠎ᠠ ᠶ‍ᠢᠷᠳᠢᠠᠴᠤ ᠬᠠᠢ᠌ᠷ᠎ᠠ ᠪᠠᠷ ᠢᠪᠢᠯᠵᠤ

ᠬᠡᠦᠬᠡᠳ ᠤᠨ ᠪᠠᠶᠠᠷ ᠵᠤᠭᠠᠳᠠᠢ᠌ᠬᠠᠨ ᠶᠠᠪᠣᠭᠳᠠᠨ᠎ᠠ᠂   

ᠭᠦᠪᠴᠢᠨ ᠳᠡᠯᠡᠭᠡᠢ ᠪᠠᠶᠠᠷ ᠶᠢᠡᠷ ᠴᠠᠯᠭᠢᠯᠠᠵᠤ

ᠭᠦᠭ᠍ᠰᠢᠨ ᠨᠠᠰᠤᠳᠠᠤᠨ ᠴᠤ ᠪᠠᠶᠠᠰᠤᠨ ᠵᠤᠯᠪᠣᠭᠠᠵᠢᠨ᠎ᠠ︕


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2222
ᠴᠠᠭ᠄ 2011 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁