ᠡᠨᠡᠷᠢᠯ ᠤᠨ ᠥᠯᠦᠭᠡᠢ ᠊᠊᠊᠊᠊᠊᠊᠊᠊᠊᠊᠊᠊᠊᠊ ᠰᠤᠷᠭᠠᠭᠤᠯᠢ ᠮᠢᠨᠢ
ᠰᠦᠨᠢᠳ ᠪᠠᠷᠠᠭᠤᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ ᠳᠤ ᠪᠠᠨ ᠡᠷᠭᠦᠨ ᠪᠠᠷᠢᠶ᠎ᠠ

ᠮᠤᠩᠭ᠋ᠤᠯ ᠰᠤᠶᠤᠯ ᠤᠨ ᠨᠠᠠᠳᠢᠨ ᠣᠢ᠌ᠯᠠᠰ ᠢ

ᠣᠯᠠᠮᠵᠢᠯᠠᠵᠤ ᠭᠦᠷᠳᠡᠭᠡᠭ᠍ᠰᠡᠨ ᠡᠵᠢ ᠰᠤᠷᠭᠠᠭᠤᠯᠢ

ᠣᠤᠭᠠᠯ ᠰᠤᠶᠤᠯ ᠤᠨ ᠠᠷᠢᠭᠤᠨ ᠭᠤᠯᠤᠮᠳᠠ ᠳ᠋ᠤ

ᠣᠴᠢᠯᠠᠨ ᠳᠦᠷᠡᠯᠵᠡᠭ᠍ᠰᠡᠨ ᠡᠭᠡ ᠰᠤᠷᠭᠠᠭᠤᠯᠢ

ᠳᠤᠯᠭ᠎ᠠ ᠶᠢᠨ ᠭᠤᠷᠪᠠᠨ ᠴᠢᠯᠠᠭᠤ ᠶᠢ

ᠳᠤᠭᠤᠷᠢᠭᠯᠠᠵᠤ ᠳᠤᠯᠤᠭᠰᠠᠨ ᠡᠨᠡᠷᠢᠯ ᠤᠨ ᠥᠯᠦᠭᠡᠢ

ᠳᠠᠷᠬᠠᠨ ᠮᠤᠩᠭ᠋ᠤᠯ ᠤᠨ ᠦᠪ ᠰᠤᠶᠤᠯ ᠢ

ᠪᠠᠭᠠᠴᠤᠳ ᠳᠤ ᠪᠠᠨ ᠰᠤᠶᠤᠷᠬᠠᠭᠰᠠᠨ ᠬᠠᠢ᠌ᠷ᠎ᠠ ᠶᠢᠨ ᠳᠠᠯᠠᠢ

ᠳᠡᠨᠢᠭᠡᠷ ᠳᠠᠮᠤᠴᠢ ᠶᠢᠨ ᠰᠢᠮᠢᠯᠢᠭ᠌ ᠭᠦᠷᠦᠰᠤᠨ ᠳᠤ

ᠪᠠᠳᠠᠷᠠᠨ ᠴᠡᠴᠡᠭᠯᠡᠭ᠍ᠰᠡᠨ ᠡᠷᠳᠡᠮ ᠤᠨ ᠭᠤᠯᠤᠮᠳᠠ

ᠳᠡᠭ᠍ᠷᠢᠯᠢᠭ᠌ ᠤᠭᠰᠠᠭᠠᠳᠠᠨ ᠤ ᠰᠢᠯᠢᠳᠡᠭ᠌ ᠰᠤᠶᠤᠯ ᠢ

ᠦᠪᠯᠠᠨ ᠵᠠᠯᠭᠠᠮᠵᠢᠯᠠᠭᠤᠯᠤᠭᠰᠠᠨ ᠠᠯᠳᠠᠨ ᠳᠦᠷᠦᠭᠡ

ᠳᠡᠭᠡᠳᠦᠰ ᠡᠴᠡ ᠥᠪᠯᠡᠭ᠍ᠰᠡᠨ ᠪᠣᠰᠤᠭ᠎ᠠ ᠭᠡᠢ᠌ᠮᠦᠷᠢ ᠳᠤ

ᠥᠭᠡᠳᠡᠯᠡᠨ ᠴᠡᠴᠡᠭᠯᠡᠭᠡ ᠭᠡᠢ᠌ᠮᠦᠷᠢ ᠶᠢᠨ ᠳᠠᠯᠠᠯᠭ᠎ᠠ

ᠳᠡᠯᠭᠡᠷ ᠮᠤᠩᠭ᠋ᠤᠯ ᠤᠨ ᠭᠦᠭᠡᠷᠦᠭᠦᠨ ᠦᠷᠡᠰ ᠢ

ᠭᠦᠮᠦᠵᠢᠭᠦᠯᠤᠨ ᠭᠠᠷᠭᠠᠭᠰᠠᠨ ᠰᠤᠶᠤᠯ ᠤᠨ ᠳᠦᠷᠦᠭᠡ


2009 . 12 . 23 ᠡᠷᠢᠶᠡᠨ ᠬᠤᠳᠠᠨ᠎ᠠ

ᠵᠤᠬᠢᠶᠠᠭᠴᠢ ᠶᠢᠨ ᠬᠠᠶ‍ᠢᠭ ᠄ ᠡᠷᠢᠶᠡᠨ ᠬᠤᠳᠠ ᠶᠢᠨ ᠮᠤᠩᠭ᠋ᠤᠯ ᠰᠤᠷᠭᠠᠭᠤᠯᠢ

ᠵᠤᠬᠢᠶᠠᠭᠴᠢ᠄ ᠲᠦᠪᠰᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2968
ᠴᠠᠭ᠄ 2009 ᠤᠨ ᠤ 12 ᠰᠠᠷ᠎ᠠ ᠶᠢᠨ 22
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ