ᠰᠤᠷᠤᠭᠴᠢ ᠳᠤ ᠪᠠᠨ ᠪᠢᠴᠢᠭ᠍ᠰᠡᠨ ᠬᠠᠷᠢᠭᠤ ᠵᠠᠭᠢᠳᠠᠯ

ᠬᠠᠢ᠌ᠷᠠᠳᠤ ᠰᠤᠷᠤᠭᠴᠢ ᠮᠢᠨᠢ᠄

ᠰᠠᠢ᠌ᠨ ᠪᠠᠢ᠌ᠨ᠎ᠠ ᠦᠦ ︖

ᠪᠠᠭᠰᠢ ᠪᠠᠨ ᠨᠠᠮ᠎ᠠ ᠶᠢ ᠨᠠᠢ᠌ᠵᠠ ᠪᠠᠨ ᠭᠡᠵᠤ ᠢᠳᠡᠭᠡᠨ ᠪᠣᠳᠤᠯ ᠰᠡᠳᠭᠢᠯ ᠶᠢᠡᠨ ᠨᠢᠭᠤᠯᠳᠠ ᠦᠭᠡᠶ ᠳᠡᠯᠭᠡᠭ᠍ᠰᠡᠨ ᠵᠠᠭᠢᠳᠠᠯ ᠢ ᠴᠢᠨᠢ ᠳᠤᠰᠤᠭᠠᠤᠨ ᠦᠨᠡᠨ ᠭᠤᠤᠯ ᠡᠴᠠ ᠪᠠᠨ ᠪᠠᠶᠠᠷᠯᠠᠯ᠎ᠠ᠃ ᠬᠤᠷᠸ᠎ᠠ ᠳᠤ ᠵᠠᠶᠠᠭᠠᠭᠰᠠᠨ ᠭᠦᠮᠤᠨ ᠪᠣᠯᠭᠠᠨ ᠥᠭᠡᠳᠡᠷᠭᠡᠭ᠌᠂ ᠰᠡᠳᠭᠢᠯ ᠳᠡᠨᠢᠭᠦᠨ᠂ ᠬᠠᠪᠣᠳᠠᠢ ᠵᠢᠷᠭᠠᠯᠳᠠᠢ ᠠᠮᠢᠳᠤᠷᠠᠬᠤ ᠶᠢ ᠭᠦᠰᠡᠳᠡᠭ᠌᠃ ᠴᠢᠨ ᠱᠢ ᠬᠤᠸᠠᠩ ᠮᠥᠩᠭᠡ ᠶᠢᠨ ᠰᠢᠳᠢ ᠶᠢ ᠣᠯᠬᠤ ᠭᠡᠵᠤ ᠭᠦᠮᠤᠨ ᠳᠤᠮᠢᠯᠠᠨ ᠭᠠᠵᠠᠷ ᠪᠣᠯᠭᠠᠨ ᠶᠢᠡᠷ ᠮᠥᠩᠭᠡ ᠶᠢᠨ ᠷᠢᠯᠤ ᠡᠷᠢᠭᠦᠯᠦᠭ᠍ᠰᠡᠨ ᠲᠡᠶ ᠠᠳᠠᠯᠢ ᠪᠠᠷ ᠨᠢᠭᠡᠨ ᠳᠤᠮᠤ ᠪᠠᠶᠠᠨ ᠵᠤᠯ ᠵᠢᠷᠭᠠᠯ ᠤᠨ ᠨᠢᠭᠤᠴᠠ ᠶᠢ ᠣᠯᠤᠭᠤᠯᠬᠤ ᠭᠡᠵᠤ ᠭᠦᠤ ᠪᠠᠨ ᠳᠡᠯᠡᠭᠡᠢ ᠳᠤ ᠠᠯᠳᠠᠷᠳᠠᠢ ᠪᠣᠭᠳᠠ ᠡᠷᠳᠡᠮᠳᠡᠨ ᠲᠡᠶ ᠵᠤᠯᠭᠠᠭᠤᠯᠬᠤ ᠪᠠᠷ ᠮᠤᠷᠳᠠᠭᠤᠯᠵᠠᠢ᠃ ᠳᠠᠷᠠ ᠭᠦᠤ ᠪᠠᠷᠳᠠᠭᠠᠳᠤ ᠳᠠᠪᠠᠭ᠎ᠠ ᠪᠠᠷᠭᠡ ᠡᠯᠡᠰᠤ ᠶᠢ ᠳᠤᠭᠤᠯᠤᠨ ᠰᠠᠷ᠎ᠠ ᠭᠠᠷᠤᠢ ᠠᠶᠠᠯᠠᠭᠠᠤᠨ ᠵᠤᠷᠢᠭᠰᠠᠨ ᠭᠠᠵᠠᠷ ᠲᠤ ᠪᠠᠨ ᠭᠦᠷᠴᠡᠢ᠃ ᠳᠡᠭᠡᠭᠡᠳ ᠪᠣᠭᠳᠠ ᠡᠷᠳᠡᠮᠳᠡᠨ ᠤ ᠵᠠᠯᠠᠷᠠᠨ ᠰᠠᠭᠤᠳᠠᠭ ᠭᠦᠨ ᠣᠷᠳᠤ ᠶᠡᠭᠡ ᠳᠢᠩᠭᠢᠮ ᠳᠤ ᠨᠢ ᠣᠷᠤᠭᠰᠠᠨ ᠤ ᠳᠠᠷᠠᠭ᠎ᠠ ᠮᠠᠯᠠᠷᠠᠨ ᠭᠠᠢ᠌ᠬᠠᠪᠠ᠃ ᠣᠴᠢᠷ ᠨᠢ ᠡ᠊ᠨᠳᠡ ᠭᠦᠮᠦᠰ ᠨᠠᠰᠢ ᠴᠠᠰᠢ ᠵᠦᠷᠢᠯᠳᠤᠵᠤ ᠮᠠᠰᠢ ᠶᠡᠭᠡ ᠥᠢᠮᠡᠭᠡᠨ ᠳᠠᠪᠵᠢᠶᠠᠨ ᠲᠡᠶ ᠪᠦᠭᠡᠳ ᠶᠡᠭᠡ ᠳᠢᠩᠭᠢᠮ ᠤᠨ ᠥᠡᠴᠦᠭ᠌ ᠪᠣᠯᠤᠩ ᠪᠦᠭᠦᠨ ᠳᠤ ᠭᠦᠮᠦᠰ ᠶᠠᠷᠢᠯᠴᠠᠬᠤ ᠨᠢ ᠶᠠᠷᠢᠯᠴᠠᠵᠤ᠂ ᠳᠠᠭᠤᠯᠠᠬᠤ ᠨᠢ ᠳᠠᠭᠤᠯᠠᠵᠤ᠂ ᠭᠦᠭ᠍ᠵᠢᠮᠳᠡᠭᠦ ᠨᠢ ᠭᠦᠭ᠍ᠵᠢᠮᠳᠡᠭᠡᠳ᠂ ᠪᠠᠰᠠ ᠳᠤᠬᠠᠢ ᠶᠢᠨ ᠭᠠᠵᠠᠷ ᠤᠨ ᠠᠮᠳᠠᠳᠤ ᠢᠳᠡᠭᠡᠨ᠂ ᠣᠠᠴᠠ ᠭᠠᠷᠤᠯᠳᠠ ᠨᠤᠭᠤᠳ ᠢ ᠵᠡᠷᠭᠡᠯᠡᠵᠤ ᠪᠠᠢ᠌ᠯ᠎ᠠ᠃ ᠪᠣᠭᠳᠠ ᠡᠷᠳᠡᠮᠳᠡᠨ ᠡ᠊ᠨᠳᠡ ᠢᠷᠡᠭ᠍ᠰᠡᠨ ᠭᠦᠮᠤᠨ ᠲᠡᠶ ᠨᠢᠭᠡ ᠨᠢᠭᠡ ᠪᠠᠷ ᠶᠠᠷᠢᠯᠴᠠᠵᠤ ᠵᠤᠭᠰᠤᠨ᠎ᠠ᠃ ᠭᠦᠤ ᠬᠤᠶᠠᠷ ᠴᠠᠭ ᠢᠯᠡᠭᠦᠤ ᠭᠦᠯᠢᠶᠡᠭᠡᠳ ᠰᠠ‍‌ᠶᠢ ᠳᠡᠭᠦᠨ ᠤ ᠡᠭᠡᠯᠵᠢ ᠪᠣᠯᠤᠭᠰᠠᠨ ᠳᠤᠯᠠ ᠵᠤᠷᠢᠵᠤ ᠢᠷᠡᠭ᠍ᠰᠡᠨ ᠣᠴᠢᠷ ᠶᠢᠡᠨ ᠭᠡᠯᠡᠪᠡ᠃ ᠪᠣᠭᠳᠠ ᠡᠷᠳᠡᠮᠳᠡᠨ ᠭᠦᠤ ᠶᠢᠨ ᠶᠠᠷᠢᠬᠤ ᠶᠢ ᠭᠢᠨᠠᠮᠠᠭᠠᠢ ᠰᠤᠨᠤᠰᠴᠤ ᠪᠠᠷᠠᠭᠠᠤᠨ ᠄ 《ᠪᠢ ᠴᠢᠮ᠎ᠠ ᠳᠤ ᠵᠤᠯ ᠵᠢᠷᠭᠠᠯ ᠤᠨ ᠨᠢᠭᠤᠴᠠ ᠶᠢ ᠳᠠᠢ᠌ᠯᠪᠣᠷᠢᠯᠠᠵᠤ ᠶᠠᠷᠢᠮᠠᠷ ᠴᠠᠭ ᠪᠠᠢ᠌ᠬᠤ ᠦᠭᠡᠶ᠂ ᠴᠢ ᠣᠷᠢᠳᠠᠪᠠᠷ ᠮᠢᠨᠤ ᠡᠨᠡ ᠣᠷᠳᠤ ᠬᠠᠷᠰᠢ ᠶᠢ ᠳᠤᠭᠤᠷᠢᠵᠤ ᠥᠵᠡᠭ᠍ᠳᠤᠨ᠂ ᠳᠡᠭᠡᠭᠡᠳ ᠬᠤᠶᠠᠷ ᠴᠠᠭ ᠤᠨ ᠳᠠᠷᠠᠭ᠎ᠠ ᠳᠠᠭᠢᠭᠠᠤᠨ ᠨᠠᠮ᠎ᠠ ᠶᠢ ᠡᠷᠢᠭᠡᠷᠡᠢ᠃ ᠭᠡᠪᠠᠴᠤ ᠴᠢ ᠳᠤᠭᠤᠷᠢᠬᠤ ᠶᠠᠪᠣᠴᠠ ᠳᠤ ᠡᠷᠭᠡᠪᠰᠢ ᠨᠢᠭᠡ ᠠᠵᠢᠯ ᠢ ᠭᠦᠢᠴᠡᠳᠭᠡᠭᠦ ᠭᠡᠷᠡᠭ᠍ᠳᠡᠢ》 ᠭᠡᠳ ᠭᠦᠤ ᠳᠤ ᠨᠢᠭᠡ ᠬᠠᠯᠪᠠᠭ᠎ᠠ ᠥᠭ᠍ᠴᠤ ᠳᠤᠳᠤᠷ᠎ᠠ ᠨᠢ ᠭᠡᠳᠤᠨ ᠳᠤᠰᠤᠯ ᠰᠢᠷ᠎ᠠ ᠳᠤᠰᠤ ᠭᠢᠭᠡᠳ ᠄ 《ᠳᠠ ᠪᠣᠴᠠᠵᠤ ᠢᠷᠠᠳᠠᠯ᠎ᠠ ᠬᠠᠯᠪᠠᠭ᠎ᠠ ᠳ᠋ᠠᠭᠢ ᠳᠤᠰᠤ ᠶᠢ ᠶᠠᠭᠠᠭᠢᠭᠰᠠᠨ ᠴᠤ ᠠᠰᠬᠠᠵᠤ ᠪᠣᠯᠬᠤ ᠦᠭᠡᠶ》 ᠭᠡᠪᠡ᠃ ᠭᠦᠤ ᠣᠷᠳᠤᠨ ᠤ ᠳᠤᠳᠤᠨ᠎ᠠ ᠭᠠᠳᠠᠨ᠎ᠠ ᠡᠰᠢ ᠳᠠᠰᠢ ᠶᠠᠪᠣᠬᠤ ᠳᠤ ᠪᠠᠨ ᠬᠠᠯᠪᠠᠭ᠎ᠠ ᠳ᠋ᠠᠭᠢ ᠳᠤᠰᠤ ᠪᠠᠨ ᠠᠰᠬᠠᠬᠤ ᠦᠭᠡᠶ ᠶᠢ ᠯᠠ ᠭᠢᠴᠢᠶᠠᠵᠤ ᠨᠢᠳᠤ ᠨᠢ ᠪᠠᠷᠤᠭ ᠬᠠᠯᠪᠠᠭ᠎ᠠ ᠲᠡᠶ ᠳᠤᠰᠤ ᠡᠴᠠ ᠪᠠᠨ ᠳᠠᠮᠠᠢ ᠰᠠᠯᠤᠭᠰᠠᠨ ᠦᠭᠡᠶ᠂ ᠳᠡᠭᠡᠭᠡᠳ ᠬᠤᠶᠠᠷ ᠴᠠᠭ ᠤᠨ ᠳᠠᠷᠠᠭ᠎ᠠ ᠪᠣᠭᠳᠠ ᠡᠷᠳᠡᠮᠳᠡᠨ ᠤ ᠡᠮᠤᠨ᠎ᠡ ᠢᠷᠠᠯ᠎ᠠ᠃ ᠪᠣᠭᠳᠠ ᠡᠷᠳᠡᠮᠳᠡᠨ ᠄ 《ᠳᠠ ᠮᠢᠨᠤ ᠬᠤᠭᠤᠯᠠᠨ ᠳᠢᠩᠭᠢᠮ ᠳ᠋ᠠᠭᠢ ᠠᠯᠳᠠᠷᠳᠤ 〈ᠫᠧᠷᠰ ᠬᠠᠨ᠎ᠠ ᠶᠢᠨ ᠵᠢᠷᠤᠭ〉 ᠊ᠢ ᠰᠤᠨᠢᠷᠬᠠᠭᠰᠠᠨ ᠦᠦ ︖》 《ᠮᠢᠨᠤ ᠭᠦᠷᠢᠶᠡᠨ ᠳ᠋ᠠᠭᠢ ᠪᠠᠷᠢᠯᠭ᠎ᠠ ᠶᠢᠨ ᠮᠡᠷᠭᠡᠵᠢᠯᠳᠡᠨ ᠠᠷᠪᠠᠨ ᠵᠢᠯ ᠤᠨ ᠭᠦᠴᠤ ᠭᠦᠯᠦᠰᠤ ᠣᠷᠤᠰᠬᠠᠵᠤ ᠪᠠᠢ᠌ᠮᠠᠠᠵᠢᠨ ᠪᠠᠢ᠌ᠭᠤᠯᠤᠭᠰᠠᠨ ᠳᠠᠷᠠ ᠴᠡᠴᠡᠷᠯᠢᠭ᠌ ᠢ ᠭᠠᠢ᠌ᠬᠠᠪᠠᠤ ︖》᠂ 《ᠮᠢᠨᠤ ᠨᠤᠮ ᠤᠨ ᠰᠠᠩ ᠳ᠋ᠠᠭᠢ ᠳᠡᠳᠡᠭᠡᠷ ᠠᠷᠠᠰᠤᠨ ᠪᠢᠴᠢᠭ᠌ ᠤᠳ ᠢ ᠦᠵᠡᠪᠠᠤ ︖》 ᠁ ᠭᠦᠤ ᠬᠠᠯᠪᠠᠭ᠎ᠠ ᠲᠡᠶ ᠳᠤᠰᠤ ᠪᠠᠨ ᠯᠠ ᠠᠰᠬᠠᠬᠤ ᠡᠴᠠ ᠭᠢᠴᠢᠶᠡᠭ᠍ᠰᠡᠨ ᠳᠤᠯᠠ ᠡᠪ ᠥᠭᠡᠢ᠌ᠷᠭᠡᠨ ᠳᠤᠯᠤᠭᠠᠢ ᠰᠠᠵᠢᠪᠠ᠃ ᠪᠣᠭᠳᠠ ᠡᠷᠳᠡᠮᠳᠡᠨ ᠄ 《ᠵᠠ ᠳᠠᠢ᠌ᠮᠤ ᠪᠣᠯ ᠴᠢ ᠳᠡᠳᠡᠭᠡᠷ ᠶ‍ᠢᠷᠳᠢᠠᠴᠤ ᠶᠢᠨ ᠭᠠᠢ᠌ᠬᠠᠮᠰᠢᠭ ᠢ ᠰᠤᠨᠢᠷᠬᠠᠬᠤ ᠪᠠᠷ ᠣᠴᠢ᠃ ᠭᠡᠷᠪᠡ ᠨᠢᠭᠡ ᠭᠦᠮᠤᠨ ᠤ ᠭᠡᠷ ᠣᠷᠴᠢᠨ ᠢ ᠨᠢ ᠣᠢ᠌ᠯᠠᠭᠠᠵᠤ ᠮᠡᠳᠡᠭᠦ ᠦᠭᠡᠶ ᠪᠣᠯ ᠳᠠ ᠳᠠᠷᠠ ᠭᠦᠮᠤᠨ ᠢ ᠭᠡᠷᠭᠢᠨ ᠢᠳᠡᠭᠡᠭᠦ ᠪᠢᠯᠠ ᠳ᠋ᠠ ︕》 ᠭᠡᠪᠡ᠃ ᠭᠦᠤ ᠪᠣᠭᠳᠠ ᠡᠷᠳᠡᠮᠳᠡᠨ ᠳᠤ ᠭᠢᠴᠢᠶᠡᠩᠭᠦᠢᠯᠡᠨ ᠶᠤᠰᠤᠯᠠᠭᠠᠤᠨ ᠭᠠᠷᠴᠤ ᠶᠠᠪᠣᠪᠠ᠃ ᠡᠨᠡ ᠣᠳᠠᠭ᠎ᠠ ᠳᠠᠷᠠ ᠣᠷᠳᠤᠨ ᠬᠠᠷᠰᠢ ᠶᠢᠨ ᠳᠤᠳᠤᠷᠠᠭᠢ ᠭᠠᠢ᠌ᠬᠠᠯᠳᠠᠢ ᠦᠵᠡᠮᠵᠢ ᠵᠢᠷᠤᠭ᠂ ᠰᠤᠨᠢᠨ ᠥᠵᠡᠰᠭᠦᠯᠡᠩ ᠲᠡᠶ ᠴᠡᠴᠡᠭ᠌ ᠤᠨ ᠭᠦᠷᠢᠶᠡᠯᠡᠩ᠂ ᠣᠷᠳᠤᠨ ᠬᠠᠷᠰᠢ ᠶᠢᠨ ᠳᠦᠷᠪᠠᠨ ᠳᠠᠯ᠎ᠠ ᠶᠢᠨ ᠦᠵᠡᠮᠵᠢ ᠵᠡᠷᠭᠡ ᠶᠢ ᠪᠠᠬᠠᠷᠬᠠᠨ ᠰᠤᠨᠢᠷᠬᠠᠵᠤ ᠪᠣᠴᠠᠵᠤ ᠢᠷᠡᠭᠡᠳ ᠥᠵᠡᠭ᠍ᠰᠡᠨ ᠶᠢᠡᠨ ᠪᠠᠶᠠᠷᠳᠠᠢ ᠶᠠᠷᠢᠪᠠ᠃ ᠭᠡᠳᠡᠯ᠎ᠡ ᠬᠠᠯᠪᠠᠭ᠎ᠠ ᠳ᠋ᠠᠭᠢ ᠭᠡᠳᠤᠨ ᠳᠤᠰᠤᠯ ᠰᠢᠷ᠎ᠠ ᠳᠤᠰᠤ ᠭᠡᠵᠢᠶᠡᠨᠡᠢ ᠠᠰᠬᠠᠵᠤ ᠳᠠᠭᠤᠰᠤᠭᠰᠠᠨ ᠪᠠᠢ᠌ᠪᠠ᠃ ᠪᠣᠭᠳᠠ ᠡᠷᠳᠡᠮᠳᠡᠨ ᠄ 《ᠵᠠ ᠵᠠᠯᠠᠭᠤ ᠮᠢᠨᠢ᠂ ᠵᠤᠯ ᠵᠢᠷᠭᠠᠯ ᠤᠨ ᠨᠢᠭᠤᠴᠠ ᠪᠣᠯ ᠬᠤᠷᠸ᠎ᠠ ᠶᠢᠨ ᠭᠠᠢ᠌ᠬᠠᠮᠰᠢᠭ ᠢ ᠬᠠᠠᠳᠠᠯ᠎ᠠ ᠰᠤᠨᠢᠷᠬᠠᠬᠤ ᠶᠢᠨ ᠬᠠᠮᠳᠤ ᠬᠠᠯᠪᠠᠭ᠎ᠠ ᠳ᠋ᠠᠭᠢ ᠳᠤᠰᠤ ᠪᠠᠨ ᠭᠡᠵᠢᠶᠡᠳᠡ ᠡᠰᠡ ᠮᠠᠷᠳᠠᠬᠤ ᠳᠤ ᠪᠣᠢ》 ᠭᠡᠪᠡ᠃ ᠳᠠᠢ᠌ᠮᠤ ᠡ᠂ ᠵᠤᠯ ᠵᠢᠷᠭᠠᠯ ᠪᠣᠯ ᠦᠪᠡᠷ ᠤᠨ ᠬᠠᠮᠤᠭ ᠭᠤᠤᠯ ᠵᠣᠢ᠌ᠯ᠂ ᠦᠨᠳᠦᠰᠦᠨ ᠵᠣᠢ᠌ᠯ ᠶᠢᠡᠨ ᠠᠯᠳᠠᠬᠤ ᠦᠭᠡᠶ᠂ ᠮᠠᠷᠳᠠᠬᠤ ᠦᠭᠡᠶ ᠨᠥᠭᠦᠴᠡᠯ ᠳᠤᠤᠷᠠᠭᠢ ᠡᠳ᠋ᠯᠡᠪᠠᠰᠤ ᠵᠤᠭᠢᠬᠤ ᠭᠦᠮᠤᠨ ᠤ ᠠᠮᠢᠳᠤᠷᠠᠯ ᠤᠨ ᠬᠠᠪᠣ ᠴᠡᠩᠭᠡᠯ ᠮᠦᠨ᠃ ᠳᠠᠨ ᠤ ᠣᠳᠤᠬᠠᠨ ᠤ ᠪᠠᠢ᠌ᠳᠠᠯ ᠪᠣᠯ 《ᠬᠠᠯᠪᠠᠭ᠎ᠠ ᠲᠡᠶ ᠰᠢᠷ᠎ᠠ ᠳᠤᠰᠤ》 ᠪᠠᠨ ᠯᠠ ᠠᠰᠬᠠᠬᠤ ᠡᠴᠠ ᠭᠢᠴᠢᠶᠡᠭ᠍ᠰᠡᠨ ᠪᠣᠶᠤ ᠡᠭᠦᠨ ᠡᠴᠠ ᠣᠠᠳᠤᠤ ᠶᠠᠭᠤᠮ᠎ᠠ ᠶᠢ ᠣᠯᠵᠤ ᠬᠠᠷᠠᠭᠰᠠᠨ ᠦᠭᠡᠶ ᠡᠴᠠ ᠰᠢᠯᠳᠠᠭᠠᠯᠠᠭᠰᠠᠨ ᠭᠡᠵᠤ ᠪᠠᠭᠰᠢ ᠨᠢ ᠬᠤᠪᠢ ᠳᠤ ᠪᠠᠨ ᠪᠣᠳᠤᠨ᠎ᠠ᠃ ᠳᠠᠨ ᠤ ᠭᠢᠴᠢᠶᠠᠯ ᠤᠨ ᠴᠠᠭ ᠲᠤ ᠭᠢᠴᠢᠶᠡᠯᠯᠡᠭᠡ ᠶᠢᠨ ᠡᠮᠭᠢ ᠵᠢᠷᠤᠮ ᠢ ᠰᠠᠮᠠᠷᠠᠭᠤᠯᠬᠤ᠂ ᠵᠤᠷᠢᠭᠤᠳᠠ ᠣᠠᠳᠠᠬᠤ ᠳᠦᠷᠢ ᠥᠵᠡᠭᠦᠯᠭᠦ᠂ ᠭᠡᠷᠡᠭᠦᠯ ᠴᠤᠤᠭᠢᠶᠠᠨ ᠡᠳᠦᠭᠦ᠂ ᠰᠢᠯᠭᠠᠯᠳᠠ ᠶᠢᠨ ᠬᠠᠭᠤᠳᠠᠰᠤ ᠶᠢ ᠵᠤᠷᠢᠭᠤᠳᠠ ᠬᠤᠭᠤᠰᠤᠨ ᠳᠤᠰᠢᠶᠠᠬᠤ ᠪᠣᠶᠤ ᠭᠡᠯᠡᠨ ᠤ ᠭᠢᠴᠢᠶᠠᠯ ᠤᠨ ᠰᠢᠯᠭᠠᠯᠳᠠ ᠶᠢᠨ ᠵᠤᠬᠢᠶᠠᠯ ᠢ ᠵᠤᠷᠢᠭᠤᠳᠠ ᠦᠯᠦ ᠪᠢᠴᠢᠭᠦ ᠵᠡᠷᠭᠡ ᠠᠵᠢᠯᠯᠠᠭ᠎ᠠ ᠭᠢᠭᠡᠳ 《ᠡᠪᠦᠯ ᠵᠤᠨ ᠤ ᠠᠮᠠᠷᠠᠯᠳᠠ ᠪᠠᠷ ᠪᠢᠴᠢᠭ᠌ ᠡᠴᠠ ᠣᠠᠳᠤᠤ ᠶᠠᠭᠤ ᠭᠢᠪᠠᠴᠤ ᠪᠣᠯᠤᠨ᠎ᠠ᠂ ᠵᠢᠱᠢᠶᠠᠯᠠᠪᠠᠯ ᠄ ᠨᠢᠳᠤᠷᠭᠠᠨ ᠡᠷᠳᠡᠮ᠂ ᠪᠦᠵᠢᠭ᠌ ᠰᠤᠷᠬᠤ》 ᠭᠡᠭᠦ ᠵᠡᠷᠭᠡ ᠲᠦᠯᠦᠪᠯᠡᠯᠭᠡ ᠡᠴᠠ ᠳᠠᠨ ᠤ 《ᠶᠠᠭᠤ ᠨᠢᠭᠡ ᠶᠢ ᠭᠦᠮᠤᠨ ᠢ ᠭᠠᠢ᠌ᠬᠠᠳᠠᠯ᠎ᠠ ᠭᠢᠴᠢᠭᠡᠶ᠎ᠡ》 《ᠠᠯᠢ ᠨᠢᠭᠡ ᠳᠠᠯ᠎ᠠ ᠪᠠᠷ ᠶᠢᠡᠨ ᠪᠣᠰᠤᠳ ᠡᠴᠠ ᠣᠷᠣᠢ᠌ᠯᠠᠶ᠎ᠠ》 《ᠪᠠᠭᠰᠢ ᠨᠥᠭᠦᠤᠨ ᠤᠨ ᠶᠢᠡᠨ ᠠᠩᠬᠠᠷᠤᠯ ᠳᠤ ᠦᠷᠳᠤᠶ᠎ᠠ》 ᠭᠡᠭᠦ ᠪᠣᠳᠤᠯ ᠴᠠᠭ ᠢᠮᠠᠭᠳᠠ ᠴᠠᠭᠢᠯᠵᠤ ᠪᠠᠢ᠌ᠬᠤ ᠶᠢ ᠣᠯᠵᠤ ᠬᠠᠷᠠᠯ᠎ᠠ᠃ ᠪᠠᠭᠰᠢ ᠶᠢᠨ ᠶᠢᠡᠨ ᠨᠢᠳᠤᠨ ᠳᠤ ᠳᠠ ᠪᠣᠯ ᠣᠶᠤᠨ ᠰᠠᠨᠠᠭᠠᠨ ᠤ ᠬᠤᠭᠤᠰᠤᠷᠠᠯ᠂ ᠭᠦᠮᠦᠵᠢᠯ ᠪᠣᠯᠪᠠᠰᠤᠷᠠᠯ ᠤᠨ ᠶᠠᠳᠠᠭᠤᠷᠠᠯ ᠶᠢᠡᠨ ᠠᠶᠠᠠᠳᠠᠭᠠᠨ ᠰᠠᠷᠠᠵᠤ ᠡᠭᠢᠯᠡᠭ᠍ᠰᠡᠨ ᠰᠢᠯᠢᠳᠡᠭ᠌ ᠬᠡᠦᠬᠡᠳ ᠤᠨ ᠨᠢᠭᠡ ᠮᠦᠨ᠃ ᠳᠡᠭᠡᠳᠤ ᠳᠤᠮᠳᠠᠳᠤ ᠶᠢᠨ ᠬᠤᠭᠤᠴᠠᠭᠠᠨ ᠳᠤ ᠪᠠᠶ᠎ᠠ ᠦᠰᠴᠤ ᠣᠬᠠᠭᠠᠨ ᠨᠡᠮᠡᠭ᠍ᠳᠡᠭᠦ ᠶᠢ ᠳᠠᠭᠠᠯᠳᠤᠨ ᠦᠪᠡᠷ ᠢ ᠪᠠᠨ ᠳᠠᠰᠤᠷᠠᠯᠳᠠ ᠦᠭᠡᠶ ᠳᠡᠭᠦᠯᠳᠡᠷᠵᠢᠭᠦᠯᠭᠦ ᠦᠭᠡᠶ ᠪᠣᠯ ᠶᠠᠷᠤ ᠨᠢ ᠡᠳᠦᠷ ᠪᠦᠷᠢ ᠨᠢᠭᠡ ᠯᠠ ᠭᠡᠪ ᠤᠨ ᠳᠠᠪᠳᠠᠭᠳᠠᠭᠰᠠ᠂ ᠣᠢ᠌ᠳᠤᠩᠭ᠋ᠤᠢ᠂ ᠡᠯᠡᠷ ᠪᠠᠯᠠᠷ ᠤᠨ ᠳᠤᠮᠳᠠ ᠳᠠᠯᠴᠢᠯᠠᠵᠤ ᠪᠠᠢ᠌ᠭ᠎ᠠ ᠰᠢᠭ ᠰᠠᠨᠠᠭᠳᠠᠳᠠᠭ ᠶᠤᠮ᠃ ᠡᠨᠡ ᠨᠢ ᠭᠦᠮᠤᠨ ᠳᠦᠷᠤᠯᠭᠢᠳᠠᠨ ᠤ ᠦᠪᠡᠷ ᠢ ᠪᠠᠨ ᠢᠯᠡᠷᠡᠭᠦᠯᠭᠦ ᠳᠦᠷᠤᠯᠭᠢ ᠠᠪᠢᠶᠠᠰ ᠲᠡᠶ ᠨᠢ ᠠᠶᠠᠠᠳᠠᠭᠠᠨ ᠵᠦᠷᠢᠴᠠᠯᠳᠤᠨ᠎ᠡ᠃ ᠳᠠᠢ᠌ᠮᠤ ᠡᠴᠠ ᠦᠪᠡᠷ ᠢ ᠪᠠᠨ ᠢᠯᠡᠷᠡᠭᠦᠯᠦᠶ᠎ᠡ ᠭᠡᠪᠠᠯ ᠣᠷᠢᠳᠠᠪᠠᠷ ᠦᠪᠡᠷ ᠢ ᠪᠠᠨ ᠳᠡᠭᠦᠯᠳᠡᠷᠵᠢᠭᠦᠯᠭᠦ ᠡᠴᠠ ᠭᠠᠷᠳᠠᠬᠤ ᠭᠡᠷᠡᠭ᠍ᠳᠡᠢ ᠭᠡᠵᠤ ᠪᠠᠭᠰᠢ ᠨᠢ ᠴᠢᠮ᠎ᠠ ᠳᠤ ᠨᠠᠢ᠌ᠵᠠ ᠶᠢᠨ ᠬᠤᠪᠢ ᠪᠠᠷ ᠰᠠᠨᠠᠭᠤᠯᠵᠤ ᠪᠠᠢ᠌ᠨ᠎ᠠ᠃ 《ᠬᠠᠯᠪᠠᠭ᠎ᠠ ᠲᠡᠶ ᠰᠢᠷ᠎ᠠ ᠳᠤᠰᠤ》 ᠳ᠋ᠤ ᠪᠠᠨ ᠨᠢᠳᠤ ᠬᠠᠶᠠᠬᠤ ᠶᠢᠨ ᠵᠡᠷᠭᠡᠴᠡᠭᠡ 《ᠬᠤᠷᠸ᠎ᠠ ᠶᠢᠨ ᠭᠠᠢ᠌ᠬᠠᠮᠰᠢᠭ》 ᠶ᠋ᠢᠡᠷ ᠨᠢᠳᠤ ᠳᠠᠢ᠌ᠯᠤᠭᠰᠠᠨ ᠪᠠᠢ᠌ᠬᠤ ᠭᠡᠷᠡᠭ᠍ᠳᠡᠢ᠃ ᠢᠩᠭᠢᠮᠠᠠᠵᠢᠨ ᠰᠠ‍‌ᠶᠢ ᠰᠡᠳᠭᠢᠯ ᠳᠡᠨᠢᠭᠦᠨ ᠶᠠᠪᠣᠵᠤ ᠴᠢᠳᠠᠨ᠎ᠠ᠃ ᠪᠣᠳᠠᠳᠠᠢ ᠰᠢᠭ ᠶᠠᠷᠢᠪᠠᠯ ᠭᠢᠴᠢᠶᠠᠯ ᠰᠤᠷᠤᠯᠭ᠎ᠠ ᠳᠤ ᠪᠠᠨ ᠭᠢᠷᠢ ᠴᠢᠨᠡᠭᠡᠨ ᠳᠤᠳᠤᠷ᠎ᠠ ᠪᠠᠨ ᠰᠢᠮᠳᠠᠭᠰᠠᠨ ᠨᠥᠭᠦᠴᠡᠯ ᠳᠤᠤᠷ᠎ᠠ ᠳᠠᠯᠠᠢ ᠪᠠᠶᠠᠨ ᠠᠮᠢᠳᠤᠷᠠᠯ ᠡᠴᠠ ᠣᠶᠤᠨ ᠤ ᠰᠢᠮ᠎ᠠ ᠰᠢᠭᠦᠰᠤ ᠬᠠᠢ᠌ᠵᠤ ᠦᠪᠡᠷ ᠢ ᠪᠠᠨ ᠴᠠᠭ ᠦᠷᠭᠦᠯᠵᠢ ᠴᠡᠨᠡᠭᠯᠡᠭᠦ ᠨᠢ ᠵᠦᠢ᠃

ᠰᠤᠷᠭᠠᠭᠤᠯᠢ ᠡᠴᠠ ᠡᠳᠦᠷ ᠤᠨ ᠨᠢ᠋ᠮᠠᠨ ᠭᠢᠴᠢᠶᠠᠯ ᠳᠤᠭᠢᠷᠠᠭᠤᠯᠪᠠᠴᠤ ᠯᠠᠪᠳᠠᠢ ᠬᠤᠶᠠᠷ ᠡᠴᠠ ᠭᠤᠷᠪᠠᠨ ᠭᠢᠴᠢᠶᠠᠯ ᠢ ᠨᠢ ᠰᠤᠷᠤᠭᠴᠢ ᠪᠠᠶ᠎ᠠ ᠪᠠᠨ ᠳᠠᠭᠠᠭᠠᠵᠤ ᠰᠤᠷᠤᠯᠴᠠᠬᠤ ᠪᠣᠶᠤ ᠭᠦᠳᠡᠯᠭᠡᠭᠡᠨ ᠭᠢᠭᠦ ᠴᠠᠭ ᠭᠡᠵᠤ ᠰᠢᠡᠵᠢᠯᠡᠭᠦ ᠣᠬᠠᠭᠠᠠᠴᠢ ᠪᠠᠷ ᠳᠤᠭᠢᠷᠠᠭᠤᠯᠬᠤ ᠶᠤᠮ᠃ ᠳᠠ ᠡᠳᠡᠭᠡᠷ ᠴᠠᠭ ᠶᠢᠡᠨ ᠠᠰᠢᠭᠯᠠᠵᠤ ᠡᠷᠳᠡᠮᠳᠡᠳ ᠤᠨ ᠣᠢ ᠣᠬᠠᠭᠠᠨ ᠤ ᠬᠠᠠᠳᠠ ᠪᠣᠯᠬᠤ ᠨᠤᠮ ᠵᠤᠬᠢᠶᠠᠯ ᠡᠴᠠ ᠠᠮᠳᠠᠷᠬᠠᠬᠤ ᠭᠡᠷᠡᠭ᠍ᠳᠡᠢ ᠭᠡᠵᠤ ᠪᠣᠳᠤᠭᠳᠠᠭᠰᠠᠨ ᠶᠢᠡᠨ ᠳᠡᠮᠳᠡᠭᠯᠡᠭᠦ᠂ ᠳᠤᠷᠠᠳᠠᠢ ᠳᠠᠭᠤᠤ ᠪᠠᠨ ᠰᠤᠷᠬᠤ᠂ ᠪᠣᠳᠤᠵᠤ ᠳᠦᠷᠦᠭ᠍ᠳᠡᠭ᠍ᠰᠡᠨ ᠶᠢᠡᠨ ᠪᠢᠴᠢᠭᠦ᠂ ᠪᠠᠶ᠎ᠠ ᠳᠠᠮᠢᠷ ᠤᠨ ᠭᠦᠳᠡᠯᠭᠡᠭᠡᠨ ᠳᠤ ᠣᠷᠤᠯᠴᠠᠬᠤ ᠭᠡᠭᠦ ᠮᠠᠳᠤ ᠶᠢᠨ ᠦᠪᠡᠷ ᠤᠨ ᠠᠯᠢ ᠳᠤᠷᠠᠳᠠᠢ ᠪᠠᠨ ᠭᠢᠵᠤ ᠪᠣᠯᠤᠨ᠎ᠠ᠃ ᠬᠠᠶᠠ ᠰᠦᠯᠵᠢᠶᠠᠨ ᠳᠤ ᠭᠠᠷᠴᠤ ᠮᠠᠲ᠋ᠸᠷᠢᠶᠠᠯ ᠡᠷᠢᠭᠦ᠂ ᠡᠷᠡᠨ ᠤ ᠭᠦᠭ᠍ᠵᠢᠯᠳᠡ᠂ ᠶ‍ᠢᠷᠳᠢᠠᠴᠤ ᠶᠢᠨ ᠪᠠᠢ᠌ᠳᠠᠯ ᠳᠤ ᠠᠩᠬᠠᠷᠤᠯ ᠳᠠᠯᠪᠢᠬᠤ ᠨᠢ ᠵᠣᠢ᠌ᠳᠠᠢ ᠪᠣᠯᠪᠠᠴᠤ ᠡᠳᠦᠷᠵᠢᠨ ᠭᠠᠷ ᠣᠳᠠᠰᠤᠨ ᠡᠴᠠ ᠰᠠᠯᠬᠤ ᠦᠭᠡᠶ᠂ ᠶᠠᠮᠠᠷ ᠴᠤ ᠬᠠᠷᠠᠯᠳᠠ ᠵᠤᠷᠢᠯᠳᠠ ᠦᠭᠡᠶ ᠰᠦᠨᠠᠰᠤ ᠪᠠᠨ ᠭᠡᠭᠡᠭ᠍ᠰᠡᠨ ᠰᠢᠭ᠌ ᠰᠦᠯᠵᠢᠶ᠎ᠠ ᠪᠠᠷ ᠭᠡᠰᠦᠭᠦ᠂ ᠡᠯᠸᠺᠲ᠋ᠷᠤᠨ ᠨᠠᠭᠠᠳᠤᠮ ᠳᠤ ᠪᠠᠶ᠎ᠠ ᠰᠡᠳᠭᠢᠯ ᠶᠢᠡᠨ ᠠᠷᠭᠠᠮᠵᠢᠬᠤ᠂ ᠺᠢᠨᠤ᠋ ᠵᠥᠴᠦᠭᠡ ᠮᠠᠳᠤ ᠥᠵᠡᠭᠡᠳ ᠥᠩᠭᠡᠷᠡᠮᠡᠭ᠍ᠴᠡ ᠥᠯᠡᠳᠡᠭᠦ ᠶᠠᠭᠤᠮ᠎ᠠ ᠦᠭᠡᠶ ᠥᠵᠡᠭᠦᠯᠦᠯᠭᠡ ᠳᠤ ᠬᠤᠷᠤᠬᠠᠢ᠌ᠳᠤᠵᠤ ᠬᠠᠢ᠌ᠷᠠᠨ ᠴᠠᠭ ᠶᠢᠡᠨ ᠦᠷᠡᠭᠦ ᠡᠴᠠ ᠯᠠ ᠭᠢᠴᠢᠶᠠᠪᠠᠯ ᠵᠤᠭᠢᠨ᠎ᠠ᠃ ᠭᠠᠷᠠᠭ ᠤᠨ ᠡᠳᠦᠷ ᠪᠣᠶᠤ ᠠᠮᠠᠷᠠᠯᠳᠠ ᠶᠢᠨ ᠡᠳᠦᠷ ᠤᠳ ᠶᠢᠡᠷ ᠠᠬᠠᠮᠠᠤᠨ ᠶᠢᠡᠨ ᠬᠠᠪᠰᠤᠷᠴᠤ ᠭᠡᠷ ᠭᠠᠳᠠᠨᠠᠭᠢ ᠠᠷᠰᠠᠷ ᠪᠣᠶᠤ ᠬᠠᠷ᠎ᠠ ᠪᠣᠷᠤ ᠠᠵᠢᠯ ᠳᠤ ᠣᠷᠤᠯᠴᠠᠬᠤ ᠨᠢ ᠴᠤ ᠭᠦᠮᠦᠵᠢᠵᠤ ᠴᠠᠭᠠᠷᠠᠬᠤ ᠶᠠᠪᠣᠴᠠ ᠳ᠋ᠠᠭᠢ ᠭᠦᠩᠭᠡᠪᠴᠢᠯᠡᠵᠤ ᠪᠣᠯᠤᠰᠢ ᠦᠭᠡᠶ ᠴᠢᠬᠤᠯᠠ ᠨᠢᠭᠡ ᠠᠭᠤᠯᠭ᠎ᠠ ᠮᠦᠨ᠃ ᠳᠠᠨ ᠤ ᠲᠦᠯᠦᠪᠯᠡᠯᠭᠡ ᠳ᠋ᠠᠭᠢ 《ᠪᠢᠴᠢᠭ᠌ ᠡᠴᠠ ᠣᠠᠳᠤᠤ ᠶᠠᠭᠤ ᠭᠢᠪᠠᠴᠤ ᠪᠣᠯᠤᠨ᠎ᠠ》 ᠭᠡᠳᠡᠭ᠌ ᠲᠤ ᠡᠨᠡ ᠠᠭᠤᠯᠭ᠎ᠠ ᠨᠢᠳᠤᠨ ᠳᠤ ᠴᠢᠨᠢ ᠳᠤᠷᠤᠭᠰᠠᠨ ᠦᠭᠡᠶ ᠭᠡᠳᠡᠭ᠌ ᠢ 《ᠨᠢᠳᠤᠷᠭᠠᠨ ᠡᠷᠳᠡᠮ ᠪᠣᠶᠤ ᠪᠦᠵᠢᠭ᠌ ᠰᠤᠷᠤᠶ᠎ᠠ》 ᠭᠡᠰᠡᠨ ᠡᠴᠠ ᠴᠢᠨᠢ ᠭᠠᠳᠠᠷᠯᠠᠪᠠ᠃ ᠮᠡᠳᠡᠭᠡᠵᠢ ᠪᠠᠷ ᠳᠠ ᠪᠣᠯ ᠭᠡᠷ ᠪᠦᠯᠢ ᠶᠢᠨ ᠶᠢᠡᠨ ᠭᠠᠭᠴᠠ ᠡᠷᠳᠡᠨᠢ᠂ ᠭᠡᠷ ᠲᠤ ᠪᠠᠨ ᠣᠴᠢᠭᠰᠠᠨ ᠴᠤ ᠠᠢ᠌ᠯᠴᠢᠯᠠᠵᠤ ᠢᠷᠡᠭ᠍ᠰᠡᠨ ᠭᠡᠢ᠌ᠴᠢᠨ ᠰᠢᠭ᠌᠂ ᠠᠮᠳᠠᠳᠠᠨ ᠠᠯᠳᠠᠳᠠᠨ ᠢ ᠳᠤᠷ᠎ᠠ ᠮᠠᠳᠠᠨ ᠡᠳ᠋ᠯᠡᠵᠤ ᠭᠦᠡᠳᠡᠯᠡᠨ ᠡᠪᠠᠰᠤ ᠭᠦᠳᠡᠯᠭᠡᠭᠦ ᠦᠭᠡᠶ᠃ ᠥᠪᠠᠷᠳᠡᠭᠡᠨ ᠶᠠᠷᠤ ᠭᠠᠷ ᠭᠦᠳᠡᠯᠳᠡᠭ᠌ ᠦᠭᠡᠶ ᠠᠮᠢᠳᠤᠷᠠᠯ ᠳᠤ ᠪᠠᠶᠠᠴᠢᠯᠠᠨ ᠣᠷᠤᠯᠴᠠᠳᠠᠭ ᠦᠭᠡᠶ ᠪᠣᠯᠬᠤᠷ ᠶᠠᠭᠤ ᠪᠦᠭᠦᠨ ᠳᠠᠢ᠌ᠮᠤ ᠯᠠ ᠡᠩ ᠤᠨ ᠪᠦᠭᠡᠳ ᠠᠶᠠᠠᠳᠠᠭᠠᠨ ᠤ ᠰᠢᠭ ᠰᠠᠨᠠᠭᠳᠠᠵᠤ᠂ ᠡᠩ ᠤᠨ ᠠᠮᠢᠳᠤᠷᠠᠯ ᠳᠤᠮᠳᠠ ᠣᠢ᠌ᠯᠠᠰ ᠪᠦᠳᠦᠭᠡᠭᠦ ᠣᠬᠠᠭᠠᠨ ᠡᠪ᠂ ᠪᠣᠯᠪᠠᠰᠤᠷᠠᠵᠤ ᠮᠡᠷᠭᠡᠰᠢᠭᠦ ᠣᠷ᠎ᠠ ᠳᠠᠮ᠂ ᠢᠳᠡᠭᠡᠯ ᠬᠠᠢ᠌ᠷ᠎ᠠ ᠶᠢᠨ ᠰᠢᠳᠢᠳᠤ ᠭᠠᠯ ᠮᠢᠨᠢ ᠳᠦᠷᠠᠯᠵᠠᠵᠤ ᠪᠠᠢ᠌ᠭ᠎ᠠ ᠶᠢ ᠰᠠᠷᠠᠵᠤ ᠴᠢᠳᠠᠬᠤ ᠦᠭᠡᠶ ᠬᠠᠷᠢᠨ ᠵᠥᠪᠭᠡᠨ ᠰᠤᠷᠭᠠᠭᠤᠯᠢ ᠳᠤ ᠰᠠᠭᠤᠵᠤ ᠰᠤᠷᠬᠤ᠂ ᠨᠤᠮ ᠪᠢᠴᠢᠭ᠌ ᠪᠣᠶᠤ ᠪᠠᠭᠰᠢ ᠡᠴᠠ ᠰᠤᠷᠬᠤ᠂ ᠵᠤᠭᠤᠰ ᠵᠠᠷᠤᠴᠠᠭᠤᠯᠵᠤ ᠶᠠᠭᠤᠮ᠎ᠠ ᠰᠤᠷᠬᠤ ᠶᠢ ᠯᠠ 《ᠰᠤᠷᠴᠤ ᠪᠠᠢ᠌ᠨ᠎ᠠ᠂ ᠬᠤᠭᠤᠰᠤᠨ ᠶᠢᠡᠨ ᠨᠥᠭᠦᠵᠤ ᠪᠠᠢ᠌ᠨ᠎ᠠ》 ᠭᠡᠵᠤ ᠥᠵᠡᠭᠦ ᠪᠣᠯᠤᠨ᠎ᠠ᠃ ᠡᠭᠦᠨ ᠤ ᠣᠯᠠᠮ ᠡᠴᠠ ᠭᠡᠷ ᠲᠤ ᠪᠠᠨ ᠣᠴᠢᠬᠤ ᠨᠢ ᠭᠦᠷᠳᠡᠯ᠎ᠡ ᠶᠠᠮᠠᠷ ᠴᠤ ᠤᠳᠬ᠎ᠠ ᠠᠭᠤᠯᠭ᠎ᠠ ᠦᠭᠡᠶ ᠰᠢᠭ᠌ ᠪᠣᠳᠤᠭᠳᠠᠵᠤ ᠶᠠᠪᠣᠭᠠᠨ ᠳᠤ ᠪᠠᠨ ᠡᠴᠢᠭᠡ ᠡᠭᠡ᠂ ᠭᠡᠷ ᠨᠤᠳᠤᠭ᠂ ᠰᠠᠳᠤᠨ ᠳᠦᠷᠤᠯ ᠤᠨ ᠬᠤᠭᠤᠷᠤᠠᠳᠤᠭᠢ ᠬᠠᠢ᠌ᠷ᠎ᠠ ᠰᠡᠳᠬᠢᠯᠭᠡ ᠴᠤ ᠨᠢᠮᠭᠡᠷᠡᠵᠤ ᠮᠠᠳᠠᠨ᠎ᠡ᠃ ᠨᠠᠩ ᠴᠤ ᠭᠦᠮᠤᠨ ᠤ ᠠᠮᠢᠳᠤᠷᠠᠯ ᠤᠨ ᠬᠠᠪᠣ ᠴᠡᠩᠭᠡᠯ ᠤᠨ ᠦᠨᠳᠦᠰᠦᠨ ᠠᠭᠤᠯᠭ᠎ᠠ ᠪᠣᠯᠬᠤ ᠠᠴᠢᠯᠠᠯ ᠡᠯᠪᠠᠷᠢᠯ ᠢ ᠭᠦᠢᠴᠡᠳᠭᠡᠭᠦ ᠬᠠᠷᠢᠭᠤ ᠳᠠᠯᠠᠷᠬᠠᠬᠤ ᠰᠡᠳᠬᠢᠯᠭᠡ ᠬᠠᠮᠢᠭ᠎ᠠ ᠡᠴᠠ ᠣᠷᠭᠤᠬᠤ ᠪᠢᠯᠠ ︖ ᠪᠠᠭᠰᠢ ᠶᠢᠨ ᠴᠢᠨᠢ ᠶᠠᠷᠢᠵᠤ ᠪᠠᠢ᠌ᠬᠤ ᠳᠠᠨ ᠳᠤ ᠭᠡᠢ᠌ᠰᠪᠦᠷᠢ ᠰᠠᠨᠠᠭᠳᠠᠵᠤ ᠪᠠᠢ᠌ᠪᠠᠯ ᠳᠠ ᠪᠠᠶ᠎ᠠ ᠪᠠᠨ ᠳᠠᠭᠠᠭᠠᠵᠤ ᠠᠪᠣ ᠡᠵᠢ ᠪᠣᠶᠤ ᠠᠬᠠᠮᠠᠤᠨ ᠲᠤ ᠪᠠᠨ ᠨᠢᠭᠡ ᠡᠷᠡᠨ ᠤ ᠬᠤᠭᠤᠯᠠ ᠪᠠᠵᠠᠭᠠᠵᠤ (ᠣᠠᠳᠤᠤ ᠠᠵᠢᠯ ᠪᠣᠯᠤᠭᠰᠠᠨ ᠴᠤ ᠪᠣᠯᠤᠨ᠎ᠠ) ᠳᠤᠷᠰᠢᠵᠤ ᠥᠵᠡᠭᠡᠷᠡᠢ ︕ ᠦᠪᠡᠷ ᠤᠨ ᠭᠠᠷ ᠶᠢᠡᠷ ᠭᠢᠵᠤ ᠪᠣᠯᠭᠤᠭᠰᠠᠨ ᠪᠣᠳᠠᠭ᠎ᠠ ᠨᠤᠭᠤᠭ᠎ᠠ ᠪᠠᠨ ᠠᠶᠠᠭᠠᠯᠠᠵᠤ ᠰᠢᠷᠡᠭᠡᠨ ᠳᠡᠭᠡᠷ᠎ᠡ ᠦᠷᠦᠭᠦ ᠦᠶ᠎ᠡ ᠳᠤ ᠄ ᠭᠡᠷᠡᠭ᠍ᠰᠡᠭ᠍ᠰᠡᠨ ᠴᠠᠭ᠂ ᠭᠢᠭ᠍ᠰᠡᠨ ᠶᠠᠪᠣᠴᠠ᠂ ᠠᠮᠳᠠ ᠰᠢᠮᠳᠠ᠂ ᠢᠳᠡᠭ᠍ᠰᠡᠳ ᠤᠨ ᠦᠨᠡᠯᠠᠯᠳᠠ᠂ ᠡᠷᠡᠨ ᠡᠷᠡᠨ ᠤ ᠬᠤᠭᠤᠯᠠ ᠡᠪᠯᠡᠭᠦᠯᠳᠡᠭ᠌ ᠡᠵᠢ ᠁ ᠵᠡᠷᠭᠡ ᠶᠢ ᠡᠷᠭᠢᠴᠡᠭᠦᠯᠭᠦ ᠳᠤ ᠳᠠᠨ ᠳᠤ ᠮᠦᠨ ᠯᠠ ᠡᠡᠭ᠌ ᠤᠨ ᠪᠦᠭᠡᠳ 《ᠤᠳᠬ᠎ᠠ ᠠᠭᠤᠯᠭ᠎ᠠ ᠦᠭᠡᠶ ᠬᠤᠭᠤᠰᠤᠨ》 ᠰᠠᠨᠠᠭᠳᠠᠨ᠎ᠠ ᠭᠡᠵᠢ ᠦᠦ ︖ ᠵᠥᠪᠭᠡᠨ ᠣᠯᠠᠨ ᠳᠤ ᠳᠤᠭᠯᠠᠵᠤ ᠥᠵᠡᠭᠦᠯᠭᠦ ᠯᠠ ᠴᠢᠳᠠᠪᠣᠷᠢ ᠳᠤ ᠳᠤᠭᠠᠴᠢᠭᠳᠠᠬᠤ ᠪᠢᠰᠢ᠃ ᠦᠨᠡᠨ ᠳᠤ ᠪᠠᠨ ᠮᠠᠨ ᠤ ᠡᠭᠡ ᠪᠠᠢ᠌ᠭᠠᠯᠢ᠂ ᠨᠡᠢ᠌ᠭᠡᠮ ᠠᠮᠢᠳᠤᠷᠠᠯ ᠤᠨ ᠣᠷᠴᠢᠨ᠂ ᠪᠣᠴᠠᠯᠵᠤ ᠪᠠᠢ᠌ᠭ᠎ᠠ ᠠᠮᠢᠳᠤᠷᠠᠯ ᠪᠣᠯ ᠳᠡᠯᠡᠭᠡᠢ ᠳᠤ ᠠᠯᠳᠠᠷᠳᠠᠢ ᠫᠧᠷᠰ ᠬᠠᠨ᠎ᠠ ᠶᠢᠨ ᠵᠢᠷᠤᠭ᠂ ᠪᠠᠷᠢᠯᠭ᠎ᠠ ᠶᠢᠨ ᠮᠡᠷᠭᠡᠵᠢᠯᠳᠡᠨ ᠤ ᠣᠳᠠᠭᠠᠨ ᠡᠳᠦᠷ ᠵᠤᠵᠠᠭᠠᠨ ᠬᠤᠨᠤᠭ ᠶᠢᠡᠷ ᠭᠦᠯᠦᠰᠤ ᠴᠢᠰᠤ ᠪᠠᠨ ᠣᠷᠤᠰᠬᠠᠵᠤ ᠰᠢᠷᠭᠠᠭᠤ ᠴᠤᠭᠴᠠᠯᠠᠭᠰᠠᠨ ᠭᠠᠢ᠌ᠬᠠᠮᠰᠢᠭᠳᠤ ᠴᠡᠴᠡᠷᠯᠢᠭ᠌᠂ ᠨᠤᠮ ᠤᠨ ᠰᠠᠩ ᠳᠤ ᠵᠡᠷᠭᠡᠯᠡᠭ᠍ᠰᠡᠨ ᠪᠣᠭᠳᠠ ᠡᠷᠳᠡᠮᠳᠡᠳ ᠤᠨ ᠣᠶᠤᠨ ᠤ ᠳᠠᠯᠠᠰ ᠪᠣᠯᠬᠤ ᠠᠮᠢᠳᠤ ᠠᠷᠠᠰᠤᠨ ᠪᠢᠴᠢᠭ᠌ ᠤᠳ ᠪᠣᠯᠤᠨ᠎ᠠ᠃ ᠵᠥᠪᠭᠡᠨ ᠭᠢᠴᠢᠶᠠᠯ ᠤᠨ ᠳᠠᠢ᠌ᠰᠠᠨ ᠳᠤ ᠯᠠ ᠪᠠᠭᠰᠢ ᠪᠠᠢ᠌ᠬᠤ ᠪᠢᠰᠢ ᠳ᠋ᠠ ︕

ᠵᠠ᠂ ᠪᠠᠭᠰᠢ ᠶᠢᠨ ᠴᠢᠨᠢ ᠰᠠᠨᠠᠭᠤᠯᠭ᠎ᠠ ᠣᠬᠠᠭᠠᠨ ᠰᠡᠷᠭᠦᠯᠡᠩ ᠳᠠᠨ ᠳᠤ ᠰᠡᠩᠭᠡᠷᠡᠯ ᠪᠣᠯᠬᠤ ᠪᠣᠯᠳᠤᠭᠠᠢ ︕ ᠳᠠᠨ ᠳᠤ ᠰᠤᠷᠤᠯᠭ᠎ᠠ ᠠᠮᠢᠳᠤᠷᠠᠯ ᠤᠨ ᠪᠠᠶᠠᠷ ᠵᠢᠷᠭᠠᠯ᠂ ᠦᠨᠳᠦᠷ ᠣᠷᠮ᠎ᠠ ᠭᠦᠰᠡᠶ᠎ᠡ ︕

ᠡᠭᠦᠨ᠎ᠡ ᠄ ᠳᠠᠨ ᠤ ᠰᠡᠳᠭᠢᠯ ᠤᠨ ᠨᠠᠢ᠌ᠵᠠ ᠪᠣᠯᠬᠤ ᠳᠤᠷᠠᠳᠠᠢ ᠪᠠᠭᠰᠢ ᠴᠢᠨᠢ

2014 ᠣᠨ ᠤ ᠰᠢᠨ᠎ᠡ ᠵᠢᠯ ᠤᠨ ᠪᠣᠱᠤᠭᠠᠨ᠎ᠠ


ᠵᠤᠬᠢᠶᠠᠭᠴᠢ ᠶᠢᠨ ᠬᠠ‍‌ᠶᠢᠭ ᠄ ᠣᠯᠠᠭᠠᠠᠬᠤᠳᠠ ᠬᠤᠶᠠᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠠᠽᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 2138
ᠴᠠᠭ᠄ 2014 ᠤᠨ ᠤ 02 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ