ᠰᠢᠯᠦᠭ᠌ ᠤᠨ ᠪᠣᠳᠠᠷᠬᠠᠢ

    ᠪᠦᠭᠦᠯᠢ ᠳᠤᠭ᠎ᠠ ᠶᠢ ᠨᠢᠭᠡ ᠡᠴᠠ ᠪᠣᠰᠤᠳ

    ᠰᠤᠠᠳᠤᠭᠠᠢ ᠳᠤᠭ᠎ᠠ ᠶᠢᠡᠷ ᠬᠤᠪᠢᠶᠠᠬᠤ ᠳ᠋ᠤ

    ᠨᠤᠭᠳᠠᠪᠣᠷᠢ ᠨᠢ ᠪᠣᠳᠠᠷᠬᠠᠢ ᠳᠤᠭ᠎ᠠ᠂

    ᠠᠮᠢᠳᠤᠷᠠᠯ ᠢ ᠵᠢᠷᠤᠭ ᠤᠨ ᠮᠠᠰᠢᠨ ᠡᠴᠠ ᠪᠣᠰᠤᠳ

    ᠶᠠᠭᠤ ᠶᠢᠡᠷ ᠶᠠᠭᠠᠭᠢᠵᠤ ᠬᠠᠭᠤᠯᠪᠣᠷᠢᠯᠠᠭᠰᠠᠨ ᠴᠤ

    ᠰᠡᠢ᠌ᠯᠪᠦᠷᠢᠯᠡᠭ᠍ᠳᠡᠭ᠍ᠰᠡᠨ ᠨᠢ ᠰᠢᠯᠦᠭ᠌ ᠤᠨ ᠪᠣᠳᠠᠷᠬᠠᠢ᠃


          ᠰᠢᠪᠠᠭᠤ


    ᠥᠡᠳᠡᠭᠡᠨ ᠬᠠᠯᠢᠰᠤᠨ ᠡᠴᠠ ᠬᠠᠷᠪᠣᠭᠳᠠᠭᠰᠠᠨ

    ᠦᠳᠦᠳᠠᠢ ᠳᠠᠷᠠ ᠰᠤᠮᠤ

    ᠲ᠋ᠡᠭ᠍ᠷᠢ ᠶᠢᠨ ᠴᠡᠩᠭᠡᠷ ᠠᠷᠢᠭᠤᠰᠬᠠᠵᠤ

    ᠲ᠋ᠡᠷᠳᠡᠭᠡ ᠠᠯᠤᠰ ᠱᠤᠤᠭᠢᠨ᠎ᠠ᠃

    ᠠᠮᠢᠳᠤ ᠣᠰᠤᠨ ᠤ ᠳᠤᠤᠯᠢᠶᠠᠨ ᠵᠢᠠᠷ

    ᠠᠭᠤᠯᠠ ᠳᠠᠯ᠎ᠠ ᠶᠢᠨ ᠶᠢᠡᠨ ᠵᠢᠭᠦᠷ ᠨᠢ ᠪᠣᠯᠵᠤ

    ᠢᠷᠰᠢᠨ ᠵᠢᠷᠪᠢᠭᠢᠨᠡᠭᠦ᠂

    ᠢᠭ᠍ᠳᠦᠯᠤᠨ ᠣᠠᠳᠤᠷᠠᠬᠤ ᠰᠢᠯᠦᠭ᠌ ᠤᠨ ᠰᠠᠨᠠᠭ᠎ᠠ

    ᠭᠦᠯᠦᠭ᠌ ᠤᠨ ᠳᠠᠯ ᠳᠡᠭᠡᠷ᠎ᠡ

    ᠭᠦᠭ᠍ᠵᠢᠨ ᠠᠰᠠᠬᠤ ᠮᠢᠨᠤ ᠣᠬᠠᠭᠠᠨ ᠪᠣᠶᠤ

    ᠭᠦᠪᠴᠢ ᠪᠠᠨ ᠳᠠᠢ᠌ᠷᠤᠵᠤ ᠱᠤᠤᠭᠢᠬᠤ

    ᠴᠢᠩᠭᠢᠰ ᠰᠢᠪᠠᠭᠤᠨ ᠤ

    ᠴᠡᠴᠡᠭᠡᠰ ᠵᠠᠳᠠᠷᠭᠠᠬᠤ ᠨᠢᠰᠤᠯᠳᠠ ᠊᠊᠊᠊᠊᠊᠊᠊᠊᠊᠊᠊᠊᠊᠊

    ᠠᠬᠤᠢ ᠣᠳᠤ ᠶᠢ

    ᠠᠯᠤᠰ ᠵᠠᠭᠤᠨ ᠲᠡᠶ ᠬᠤᠯᠪᠣᠭᠰᠠᠨ

    ᠠᠷᠤ ᠥᠡᠳᠦᠷᠯᠢᠭ᠌ ᠤᠨ ᠰᠤᠯᠤᠩᠭ᠎ᠠ ᠡ᠃


          ᠬᠠᠢ᠌ᠷ᠎ᠠ


    ᠴᠡᠭᠡᠯ ᠦᠭᠡᠶ᠂ ᠡᠷᠭᠢ ᠴᠤ ᠥᠭᠡᠢ

    ᠲ᠋ᠠᠯᠠᠷᠠᠵᠤ ᠢᠷᠡᠭᠡᠳ ᠨᠠᠯᠤᠷᠠᠵᠤ ᠴᠠᠯᠭᠢᠳᠠᠭ

    ᠴᠠᠪᠠᠷ ᠬᠠᠢ᠌ᠷ᠎ᠠ ᠶᠢᠨ ᠣᠯᠤᠮ ᠭᠠᠷᠠᠮ ᠢ ᠨᠢ

    ᠣᠯᠬᠤ ᠭᠡᠵᠤ

    ᠣᠳᠠᠭᠠᠨ ᠴᠤ ᠡᠳᠦᠷ

    ᠵᠤᠯᠠᠭ ᠨᠣᠢ᠌ᠳᠠᠨ ᠭᠦᠶ‍ᠦᠭᠦ ᠳ᠋ᠤ

    ᠶᠠᠭᠠᠨ ᠳᠤᠷᠭᠠᠨ ᠠᠯᠴᠢᠭᠤᠷ ᠤᠨ ᠴᠢᠨᠢ ᠨᠠᠮᠢᠷᠠᠭ᠎ᠠ

    ᠶᠠᠭᠠᠭᠢᠬᠤ ᠶᠢᠨ ᠠᠷᠭ᠎ᠠ ᠥᠭᠡᠢ

    ᠲ᠋ᠤᠷᠮᠤᠭᠤᠷ ᠳᠤᠩᠭ᠋ᠠᠯᠠᠭ ᠨᠢᠳᠤ ᠴᠢᠨᠢ

    ᠰᠠᠯ ᠰᠢᠦᠬᠠᠨ ᠨᠠᠮ᠎ᠠ ᠶᠢ ᠠᠴᠢᠵᠤ

    ᠰᠡᠯᠢᠭᠦᠷ ᠮᠡᠳᠦᠭᠡᠨ ᠰᠡᠳᠭᠢᠯ ᠢ ᠵᠠᠯᠠᠵᠤ

    ᠠᠮᠢᠳᠤᠷᠠᠯ ᠤᠨ ᠮᠢᠨᠢ ᠳᠡᠷᠳᠡᠭᠡ ᠬᠣᠢ᠌ᠭ ᠳᠠᠰᠢ

    ᠠᠶᠤᠯ ᠵᠢᠪᠪᠦᠭᠦᠯ ᠥᠭᠡᠢ

    ᠠᠷᠭᠠᠳᠠᠵᠤ ᠨᠠᠮ᠎ᠠ ᠶᠢ ᠵᠢᠷᠭᠠᠭᠤᠯᠤᠨ᠎ᠠ᠃

    ᠠᠢ ᠭᠦᠭᠡᠷᠦᠭᠦᠢ︕

    ᠬᠠᠢ᠌ᠷ᠎ᠠ ᠶᠢᠨ ᠮᠢᠨᠢ ᠭᠦᠯᠭᠡ

    ᠬᠠᠨᠢ ᠶᠢᠨ ᠮᠢᠨᠢ ᠵᠠᠶᠠᠭ᠎ᠠ᠃

    


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂ ᠪᠠᠭᠠᠷᠢᠨ

ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1577
ᠴᠠᠭ᠄ 2011 ᠤᠨ ᠤ 01 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ