ᠰᠢᠯᠦᠭ᠌ ᠪᠢᠴᠢᠭᠦ ᠡᠷᠳᠡᠮ

ᠰᠢᠯᠦᠭ᠌ ᠤᠨ ᠬᠤᠷᠸ᠎ᠠ ᠳᠤ ᠰᠢᠯᠦᠭ᠌ ᠬᠤᠷᠢᠶᠠᠵᠤ ᠰᠢᠯᠦᠭ᠌ ᠤᠨ ᠭᠦᠷᠦᠩᠭᠡᠳᠡᠨ ᠪᠣᠯᠬᠤ ᠨᠢ ᠰᠢᠯᠦᠭ᠌ ᠪᠢᠴᠢᠭ᠍ᠴᠢ ᠶᠢᠨ ᠵᠢᠷᠭᠠᠯ ᠪᠢᠯᠢᠤ ⁈

ᠰᠢᠯᠦᠭ᠌ ᠪᠢᠴᠢᠵᠤ ᠣᠷᠤᠯᠳᠠᠳᠠᠭ ᠭᠦᠮᠤᠨ ᠰᠢᠯᠦᠭ᠌ ᠤᠨ ᠣᠬᠠᠭᠠᠨ ᠳᠤ ᠨᠡᠪᠳᠡᠷᠡᠭᠦ ᠶᠢᠨ ᠲᠦᠯᠦᠭᠡ ᠨᠢᠭᠡ ᠨᠠᠰᠤᠨ ᠳᠠᠭᠠᠨ ᠭᠡᠳᠦᠴᠢᠨᠡᠨ ᠴᠢᠷᠮᠠᠢ᠌ᠳᠠᠭ ᠢ ᠮᠡᠳᠡᠭᠦ ᠦᠭᠡᠶ᠂ ᠰᠢᠯᠦᠭ᠌ ᠤᠨ ᠣᠩᠭ᠋ᠤᠨ ᠰᠠᠭᠢᠭᠤᠰᠤᠨ ᠪᠠᠶ᠎ᠠ ᠶᠢ ᠨᠢ ᠳᠤᠭᠤᠵᠤ ᠪᠠᠭᠤᠳᠠᠯ᠎ᠠ ᠦᠪᠡᠷ ᠶᠢᠡᠨ ᠪᠠᠰᠠ ᠴᠠᠯ ᠪᠣᠭᠤᠷᠤᠯ ᠪᠣᠯᠳᠠᠯ᠎ᠠ ᠪᠠᠨ ᠪᠢᠷ ᠴᠠᠭᠠᠰᠤ ᠲᠡᠶ ᠬᠠᠨᠢᠯᠠᠵᠤ ᠯᠠ ᠪᠠᠢ᠌ᠳᠠᠭ᠃ ᠡᠭᠦᠨ ᠤ ᠭᠤᠤᠯ ᠰᠢᠯᠳᠠᠭᠠᠨ ᠨᠢ ᠭᠡᠪᠠᠯ᠂ ᠰᠢᠯᠦᠭ᠌ ᠭᠡᠳᠡᠭ᠌ ᠴᠢᠨᠢ ᠴᠤᠬᠤᠮ ᠳᠠᠭᠠᠨ ᠪᠢᠴᠢᠭᠦ ᠳᠤᠳᠤᠮ ᠪᠣᠳᠤᠯᠢᠶᠠᠠᠳᠤᠭᠠᠤᠨ ᠰᠤᠳᠤᠯᠵᠤ ᠰᠥᠪᠠᠭ᠍ᠴᠢᠯᠡᠭᠦ ᠳᠤᠳᠤᠮ ᠳᠠᠯᠳᠠ ᠨᠢᠭᠤᠴᠠᠬᠠᠢ ᠶᠠᠭᠤᠮ᠎ᠠ ᠪᠣᠯᠤᠭᠠᠤᠨ᠂ ᠰᠢᠯᠦᠭᠯᠡᠭ᠍ᠴᠢ ᠶᠢᠨ ᠡᠷ᠎ᠡ ᠴᠢᠳᠠᠯ ᠢ ᠬᠠᠳᠠᠭᠤ ᠰᠤᠷᠢᠭᠠᠨ ᠳᠤ ᠳᠠᠯᠪᠢᠭᠠᠤᠨ ᠪᠠᠢ᠌ᠳᠠᠭ ᠭᠦᠴᠦᠳᠤ ᠰᠠᠭᠢᠭᠤᠰᠤᠨ ᠶᠤᠮ ᠪᠢᠯᠠ᠃

ᠬᠠᠭᠤᠴᠢᠨ ᠤ ᠥᠭᠡ ᠳᠤ 《ᠣᠯᠠᠨ ᠥᠭᠡ ᠳᠤ ᠣᠭᠤᠰᠤᠷ ᠦᠭᠡᠶ᠂ ᠣᠭᠤᠳᠤᠷ ᠨᠤᠬᠠᠢ ᠳᠤ ᠰᠢᠠᠵᠢ ᠦᠭᠡᠶ》᠂ 《ᠴᠠᠪ ᠭᠡᠰᠡᠨ ᠥᠭᠡ ᠲᠡᠶ ᠨᠢ ᠰᠠᠢ᠌ᠨ᠂ ᠴᠠᠪᠠᠷ ᠰᠠᠢ᠌ᠬᠠᠨ ᠠᠵᠢᠯᠳᠠᠢ ᠨᠢ ᠰᠠᠢ᠌ᠨ》᠂ 《ᠳᠠᠷᠤᠰᠢᠯᠭᠠᠳᠠᠢ ᠥᠭᠡ ᠴᠡᠭᠡᠵᠢ ᠶᠢᠨ ᠴᠢᠮᠡᠭ᠌᠂ ᠳᠠᠷᠤᠤ ᠭᠦᠮᠤᠨ ᠨᠤᠳᠤᠭ ᠤᠨ ᠴᠢᠮᠡᠭ᠌》᠂ 《ᠭᠦᠮᠤᠨ ᠤ ᠴᠡᠭᠡᠵᠢ ᠶᠢᠨ ᠪᠠᠳᠠᠭᠢ ᠶᠢ ᠬᠠᠭᠠᠯᠠᠬᠤ ᠰᠠᠢ᠌ᠨ ᠥᠭᠡ ᠡᠰᠡ ᠭᠡᠯᠡᠵᠤ ᠴᠢᠳᠠᠪᠠᠯ ᠭᠡᠯᠮᠡᠷᠴᠢ ᠶᠢᠨ ᠳᠤᠭᠠᠨ ᠳᠤ ᠣᠷᠤᠳᠠᠭ ᠦᠭᠡᠶ᠂ ᠭᠦᠭᠡᠭᠡᠭ᠍ᠰᠡᠨ ᠶᠢᠡᠨ ᠭᠦᠢᠴᠡᠵᠤ ᠡᠮᠤᠨ᠎ᠡ ᠡᠰᠡ ᠭᠠᠷᠪᠠᠯ ᠬᠤᠷᠳᠤᠨ ᠤ ᠳᠠᠷᠠᠭᠠᠨ ᠳᠤ ᠣᠷᠤᠳᠠᠭ ᠦᠭᠡᠶ ︕》᠂ 《ᠳᠤᠳᠤ ᠥᠭᠡ ᠶᠢ ᠳᠤᠪᠴᠢᠳᠠᠢ ᠭᠡᠯᠡᠭᠦᠯ᠎ᠡ ᠰᠠᠢ᠌ᠨ᠂ ᠳᠤᠭᠤᠰᠤᠳᠠᠢ ᠭᠠᠵᠠᠷ ᠢ ᠭᠦᠪᠠᠭᠡᠯᠡᠭᠡᠳ ᠪᠠᠭᠤᠬᠤᠯ᠎ᠠ ᠰᠠᠢ᠌ᠨ ︕》 ᠭᠡᠭᠦ ᠰᠠᠴᠠᠨ ᠥᠭᠡᠰ ᠪᠠᠢ᠌ᠳᠠᠭ᠃ ᠡᠨᠡ ᠨᠢ ᠡᠷᠳᠡᠨ ᠤ ᠭᠦᠮᠦᠰ ᠤᠨ ᠰᠢᠯᠦᠭ᠌ ᠤᠨ ᠳᠤᠬᠠᠢ ᠪᠣᠷᠤᠭᠵᠢᠭᠤᠨ ᠶᠢᠡᠷ ᠭᠢᠭ᠍ᠰᠡᠨ ᠬᠤᠷᠢᠶᠠᠩᠭ᠋ᠤᠢ ᠣᠨᠤᠯ ᠪᠣᠯᠬᠠᠢ᠌ᠶᠤᠤ ᠭᠡᠵᠤ ᠪᠣᠳᠤᠭᠳᠠᠨ᠎ᠠ᠃ ᠦᠨᠡᠨ ᠳᠡᠭᠡᠨ ᠴᠢᠷᠮᠠᠢ᠌ᠯᠳᠠ ᠭᠦᠮᠤᠨ ᠢ ᠭᠤᠮᠤᠳᠠᠭᠠᠳᠠᠭ ᠦᠭᠡᠶ᠂ ᠰᠤᠨᠢᠷᠬᠠᠯ ᠴᠤ ᠭᠦᠮᠤᠨ ᠢ ᠭᠡᠮᠰᠢᠭᠦᠯᠳᠡᠭ᠌ ᠦᠭᠡᠶ ᠶᠤᠮ᠃ ᠪᠣᠳᠤᠭᠰᠠᠭᠠᠷ ᠪᠣᠳᠤᠭᠰᠠᠭᠠᠷ ᠰᠠᠴᠠᠨ ᠪᠣᠯᠳᠠᠭ᠂ ᠪᠢᠴᠢᠭ᠍ᠰᠡᠭᠡᠷ ᠪᠢᠴᠢᠭ᠍ᠰᠡᠭᠡᠷ ᠪᠢᠴᠢᠭᠡᠴᠢ ᠪᠣᠯᠳᠠᠭ ᠨᠢ ᠦᠨᠡᠨ ᠶᠤᠰᠤ ᠪᠠᠢ᠌ᠯᠳᠠᠢ᠃

ᠰᠢᠯᠦᠭ᠌ ᠊᠊᠊᠊᠊᠊᠊᠊᠊᠊᠊᠊᠊᠊᠊ ᠰᠢᠯᠦᠭ᠍ᠴᠢ ᠶᠢ ᠰᠢᠯᠦᠭ᠌ ᠲᠡᠭᠡᠨ ᠳᠠᠭᠤᠳᠠᠨ᠎ᠠ᠃

ᠰᠢᠯᠦᠭ᠍ᠴᠢ ᠊᠊᠊᠊᠊᠊᠊᠊᠊᠊᠊᠊᠊᠊᠊ ᠰᠢᠯᠦᠭᠯᠡᠭᠦ ᠪᠣᠯᠪᠠᠰᠤᠷᠠᠯ ᠳᠤ ᠳᠠᠪᠳᠠᠭᠳᠠᠵᠤ ᠲᠦᠯᠵᠢᠨ᠎ᠡ᠃

ᠳᠡᠭᠡᠪᠠᠯ᠂ ᠰᠢᠯᠦᠭ᠌ ᠭᠡᠭ᠍ᠴᠢ ᠨᠢ ᠭᠡᠢ ᠬᠤᠭᠤᠰᠤᠨ ᠶᠠᠭᠤᠮ᠎ᠠ ᠮᠦᠨ ᠦᠦ ︖ ᠪᠢᠰᠢ ︕ ᠰᠢᠯᠦᠭ᠌ ᠭᠡᠭ᠍ᠴᠢ ᠴᠢᠨᠢ ᠵᠤᠬᠢᠶᠠᠭᠴᠢ ᠶᠢᠨ ᠣᠶᠤᠨ ᠳᠠᠷᠢᠭᠢᠨ ᠳᠤ ᠰᠢᠭᠤᠳ ᠪᠣᠶᠤ ᠳᠠᠮ ᠶᠢᠡᠷ ᠰᠠᠭᠤᠭᠳᠠᠭᠰᠠᠨ ᠨᠡᠢ᠌ᠭᠡᠮ ᠤᠨ ᠠᠮᠢᠳᠤᠷᠠᠯ ᠤᠨ ᠳᠤᠰᠬᠠᠯ ᠡᠴᠠ ᠣᠷᠠᠯᠢᠭ ᠶᠢᠡᠷ ᠠᠮᠢᠯᠠᠭᠰᠠᠨ ᠳᠠᠭᠤᠤ ᠮᠦᠨ᠃ ᠵᠤᠬᠢᠶᠠᠭᠴᠢ ᠶᠢᠨ ᠰᠢᠯᠦᠭᠯᠡᠭᠦ ᠣᠷᠠᠨ ᠪᠣᠯᠪᠠᠰᠤᠷᠠᠯ ᠢ ᠭᠦᠷᠳᠡᠭ᠍ᠰᠡᠨ ᠰᠠᠴᠠᠨ ᠵᠢᠷᠤᠬᠠᠢ ᠶᠢᠨ ᠣᠶᠠᠬᠠᠨ ᠠᠢ᠌ᠯᠠᠳᠤᠯ ᠪᠠᠢ᠌ᠵᠤ ᠳᠠᠭᠠᠷᠠᠨ᠎ᠠ᠃

ᠳᠡᠭᠡᠭᠡᠳ ᠪᠠᠰᠠ ᠦᠦ ⁈ ᠰᠢᠯᠦᠭ᠌ ᠭᠡᠳᠡᠭ᠌ ᠴᠢᠨᠢ ᠴᠤᠬᠤᠮ ᠰᠢᠯᠦᠭ᠌ ᠪᠠᠢ᠌ᠬᠤ ᠶᠤᠰᠤᠳᠠᠢ ︕ ᠰᠢᠯᠦᠭ᠌ ᠪᠢᠰᠢ ᠰᠢᠯᠦᠭ᠌ ᠴᠢᠨᠢ ᠰᠢᠯᠦᠭ᠌ ᠪᠣᠯᠵᠤ ᠴᠢᠳᠠᠬᠤ ᠦᠭᠡᠶ ᠶᠤᠮ᠃ ᠡᠨᠡ ᠪᠣᠯ ᠥᠢᠯᠡᠳᠦᠯᠭᠡ ᠶᠢᠨ ᠥᠭᠡ᠂ ᠦᠨᠡᠨ ᠥᠭᠡ ᠶᠢᠨ ᠪᠦᠭᠦᠯᠢᠴᠢᠯᠡᠯ ᠮᠦᠨ᠃ ᠡᠨᠡ ᠥᠭᠡ ᠳᠤ ᠭᠡᠯᠡᠭ᠍ᠰᠡᠨ ᠲᠡᠶ ᠠᠳᠠᠯᠢ ᠭᠦᠮᠤᠨ ᠪᠣᠯᠭᠠᠨ ᠰᠢᠯᠦᠭ᠍ᠴᠢ ᠪᠣᠯᠵᠤ ᠴᠢᠳᠠᠳᠠᠭ ᠦᠭᠡᠶ᠂ ᠣᠴᠢᠷ ᠨᠢ ᠭᠦᠮᠤᠨ ᠤ ᠰᠤᠷᠤᠯᠴᠠᠨ ᠳᠠᠪᠰᠢᠵᠤ ᠣᠷᠤᠯᠳᠤᠨ ᠣᠷᠣᠢ᠌ᠯᠠᠬᠤ ᠲᠡᠶ ᠨᠢ ᠬᠤᠯᠪᠣᠭᠠᠳᠠᠢ ᠪᠠᠢ᠌ᠬᠤ ᠮᠠᠭᠠᠤᠨ ᠡ ︕ ᠭᠦᠮᠤᠨ ᠶᠠᠷᠤ ᠳᠡᠭᠡᠨ ᠣᠷᠠᠨ ᠵᠤᠬᠢᠶᠠᠯ ᠤᠨ ᠦᠷᠭᠡᠨ ᠶᠡᠭᠡ ᠳᠦᠷᠤᠯ ᠵᠣᠢ᠌ᠯ ᠳᠤᠳᠤᠷ᠎ᠠ ᠡᠴᠠ ᠰᠢᠯᠦᠭ᠌ ᠤᠨ ᠠᠢ᠌ᠮᠠᠭ ᠲᠤ ᠣᠷᠤᠵᠤ ᠰᠢᠯᠦᠭ᠌ ᠰᠤᠩᠭ᠋ᠤᠨ ᠣᠩᠰᠢᠬᠤ ᠳᠤᠷᠠᠳᠠᠢ ᠪᠠᠢ᠌ᠳᠠᠭ᠂ ᠪᠢᠷ ᠪᠠᠷᠢᠪᠠᠯ ᠰᠢᠯᠦᠭᠯᠡᠨ ᠡᠷᠢᠶᠡᠴᠢᠭᠦ ᠳᠤᠷᠠᠳᠠᠢ ᠴᠤ ᠪᠠᠢ᠌ᠳᠠᠭ᠃ ᠨᠠᠭᠠᠳᠤ ᠵᠠᠬ᠎ᠠ ᠳᠠᠭᠠᠨ ᠠᠪᠴᠤ ᠭᠡᠯᠡᠪᠠᠯ᠂ ᠪᠠᠭ᠎ᠠ ᠰᠤᠷᠭᠠᠭᠤᠯᠢ ᠶᠢᠨ ᠰᠤᠷᠤᠭᠴᠢᠳ ᠶᠢᠡᠷ ᠵᠤᠬᠢᠶᠠᠨ ᠪᠢᠴᠢᠯᠭᠡ ᠶᠢᠨ ᠳᠠᠰᠬᠠᠯ ᠭᠢᠯᠭᠡᠭᠦ ᠳᠤ ᠣᠯᠠᠩᠭᠢ ᠳᠠᠭᠠᠨ ᠭᠡᠳᠤᠨ ᠪᠠᠳᠠᠭ ᠪᠣᠷᠤ ᠰᠢᠯᠦᠭ᠌ ᠪᠢᠴᠢᠵᠤ ᠠᠪᠴᠢᠷᠠᠭᠠᠤᠨ ᠢᠩᠭᠢᠵᠤ ᠪᠢᠴᠢᠯ᠎ᠠ᠂ ᠳᠡᠭᠡᠵᠤ ᠪᠢᠴᠢᠯ᠎ᠠ ᠭᠡᠳ ᠭᠦᠭᠡᠷᠤᠨ ᠥᠵᠡᠭᠦᠯᠵᠤ ᠣᠩᠰᠢᠨ ᠪᠠᠶᠠᠰᠴᠤ ᠪᠠᠢ᠌ᠳᠠᠭ᠃ ᠪᠠᠭᠰᠢ ᠡᠴᠠ ᠡᠭᠦᠨ ᠢ ᠨᠢ ᠵᠤᠭᠢᠬᠤ ᠪᠠᠢ᠌ᠳᠠᠯ ᠤᠨ ᠳᠤᠤᠷ᠎ᠠ ᠵᠠᠰᠠᠵᠤ ᠪᠣᠯᠪᠠᠰᠤᠷᠠᠭᠤᠯᠠᠭᠠᠤᠨ ᠭᠡᠳᠤᠨ ᠠᠮᠠᠨ ᠵᠤᠷᠢᠭᠵᠢᠭᠤᠯᠤᠯ ᠤᠨ ᠥᠭᠡ ᠭᠡᠯᠡᠭᠦᠯ᠎ᠡ ᠬᠠᠷᠢᠨ ᠪᠢᠴᠢᠬᠠᠨ ᠰᠤᠷᠤᠭᠴᠢ ᠴᠢᠨᠢ ᠰᠢᠯᠦᠭ᠍ᠴᠢᠨ ᠪᠣᠯᠴᠢᠯ᠎ᠠ ᠭᠡᠳ ᠪᠦᠭᠡᠮ ᠭᠦᠭ᠍ᠰᠦᠭᠡᠨ ᠳᠤ ᠣᠷᠤᠵᠤ᠂ ᠳᠠᠭᠢᠨ ᠳᠠᠭᠢᠨ ᠪᠣᠷᠤ ᠰᠢᠯᠦᠭ᠌ ᠶᠢᠡᠨ ᠪᠢᠴᠢᠵᠤ ᠢᠷᠡᠭᠡᠳ ᠪᠠᠭᠰᠢ ᠳᠠᠭᠠᠨ ᠥᠵᠡᠭᠦᠯᠵᠤ ᠯᠠ ᠪᠠᠢ᠌ᠳᠠᠭ᠃ ᠡᠨᠡ ᠨᠢ ᠰᠢᠯᠦᠭ᠌ ᠪᠢᠴᠢᠯᠭᠡ ᠶᠢᠨ ᠳᠠᠳᠠᠬᠤ ᠭᠦᠴᠤᠨ ᠭᠡᠳᠤ ᠶᠡᠭᠡ ᠭᠡᠳᠡᠭ᠌ ᠢ ᠬᠠᠷᠠᠭᠤᠯᠵᠤ ᠪᠠᠢ᠌ᠬᠤ ᠡᠩ ᠤᠨ ᠵᠢᠱᠢᠶ᠎ᠠ ᠪᠠᠢ᠌ᠯᠳᠠᠢ ︕ ᠰᠢᠯᠦᠭ᠌ ᠪᠢᠴᠢᠭᠦ ᠡᠪ ᠳᠠᠮ ᠢ ᠮᠡᠳᠡᠭ᠍ᠰᠡᠨ ᠭᠦᠮᠤᠨ ᠰᠢᠯᠦᠭ᠌ ᠭᠡᠳᠡᠭ᠌ ᠢ ᠳᠤᠤᠷ᠎ᠠ ᠳᠤᠤᠷ᠎ᠠ ᠨᠢ ᠭᠡᠳᠤ ᠭᠡᠳᠤᠨ ᠪᠠᠳᠠᠭ ᠶᠢᠡᠷ ᠪᠢᠴᠢᠵᠤ ᠡᠷᠢᠶᠡᠴᠢᠭᠡᠳ ᠴᠢᠳᠠᠪᠠᠴᠤ ᠳᠠᠷᠠ ᠪᠦᠭᠦᠨ ᠨᠢ ᠰᠠᠢ᠌ᠨ ᠰᠢᠯᠦᠭ᠌ ᠪᠣᠯᠵᠤ ᠣᠷᠭᠢᠳᠠᠭ ᠦᠭᠡᠶ ᠶᠤᠮ᠃ ᠡᠭᠦᠨ ᠤ ᠣᠴᠢᠷ ᠨᠢ ᠳᠠᠢ᠌ᠮᠤ ᠴᠤ ᠨᠢᠭᠤᠴᠠᠬᠠᠢ ᠪᠢᠰᠢ᠂ ᠬᠠᠷᠢᠨ ᠰᠤᠷᠬᠤ ᠭᠢᠭᠡᠳ ᠣᠷᠤᠯᠳᠤᠬᠤ ᠊᠊᠊᠊᠊᠊᠊᠊᠊᠊᠊᠊᠊᠊᠊ ᠣᠷᠤᠯᠳᠤᠬᠤ ᠭᠢᠭᠡᠳ ᠮᠡᠷᠭᠡᠵᠢᠭᠦ ᠊᠊᠊᠊᠊᠊᠊᠊᠊᠊᠊᠊᠊᠊᠊ ᠮᠡᠷᠭᠡᠵᠢᠭᠦ ᠭᠡᠭᠡᠳ ᠡᠭᠦᠳᠭᠦ ᠶᠤᠰᠤᠨ ᠤ ᠨᠢᠭᠡᠳᠦᠮᠡᠯ ᠴᠤᠭᠴᠠ ᠶᠢ ᠰᠠᠢ᠌ᠨ ᠪᠦᠳᠦᠭᠡᠵᠤ ᠴᠢᠳᠠᠬᠤ ᠡᠰᠡᠭᠦ ᠳᠡᠭᠡᠷ᠎ᠡ ᠢᠷᠠᠵᠤ ᠮᠠᠷᠭᠤᠯᠳᠤᠭᠠᠨ ᠤ ᠴᠡᠭ᠌ ᠶᠢᠡᠨ ᠣᠯᠤᠨ᠎ᠠ᠃

ᠰᠢᠯᠦᠭ᠌ ᠪᠢᠴᠢᠭ᠍ᠴᠢ ᠭᠦᠮᠤᠨ ᠦᠪᠡᠷ ᠶᠢᠡᠨ ᠳᠠᠷᠤᠢ ᠶᠠᠠᠳᠠᠰᠢ ᠦᠭᠡᠶ ᠭᠦᠨ ᠨᠡᠢ᠌ᠭᠡᠮ ᠤᠨ ᠠᠮᠢᠳᠤᠷᠠᠯ ᠤᠨ ᠴᠡᠭᠡᠯ ᠳᠤᠳᠤᠷ᠎ᠠ ᠣᠷᠤᠬᠤᠯ᠎ᠠ ᠨᠢ ᠳᠠᠠᠳᠠ ᠡᠴᠠ ᠳᠡᠭᠦᠨ ᠳᠤ ᠦᠭ‍ᠭᠦᠭ᠍ᠰᠡᠨ ᠬᠠᠢ᠌ᠷ᠎ᠠ ᠭᠦᠷᠳᠡᠭᠡᠯ ᠪᠠ ᠬᠠᠯᠠ ᠳᠠᠮᠤᠯᠠᠯ ᠤᠨ ᠣᠯᠭᠤᠭᠰᠠᠨ ᠣᠢ᠌ᠯᠭᠠᠮᠵᠢ ᠬᠠᠮᠤᠭ ᠶᠢᠡᠨ ᠠᠮᠢᠯᠠᠭᠤᠯᠤᠨ ᠪᠣᠰᠬᠠᠵᠤ᠂ ᠦᠪᠡᠷ ᠤᠨ ᠶᠢᠡᠨ ᠰᠡᠳᠭᠢᠯ ᠵᠢᠷᠦᠭᠡ ᠶᠢ ᠳᠤᠷᠭᠢᠭᠤᠯᠤᠭᠰᠠᠨ ᠤᠶᠠᠩ‍ᠭ᠎ᠠ ᠶᠢᠨ ᠴᠤᠭᠴᠠᠰ ᠲᠠᠭᠠᠨ ᠰᠢᠩᠭᠡᠭᠡᠵᠤ ᠴᠢᠳᠠᠪᠠᠯ ᠳᠡᠭᠡᠭᠡᠳ ᠰᠢᠯᠦᠭ᠌ ᠢ ᠠᠶᠠᠠᠳᠠᠭᠠᠨ ᠵᠠᠭᠢᠷᠴᠤ ᠦᠪᠡᠷ ᠤᠨ ᠱᠠᠭᠠᠷᠳᠠᠯᠭ᠎ᠠ ᠭᠢᠭᠡᠳ ᠰᠠᠨᠠᠭ᠎ᠠ ᠶᠤᠰᠤᠭᠠᠷ ᠶᠢᠡᠨ ᠡᠭᠢᠯᠡᠨ ᠡᠭᠢᠯᠡᠨ ᠢᠯᠡᠳᠭᠡᠵᠤ ᠪᠣᠯᠤᠨ᠎ᠠ ᠭᠡᠵᠤ ᠣᠯᠠᠩᠭᠢ ᠭᠦᠮᠦᠰ ᠦᠵᠡᠵᠤ ᠪᠠᠢ᠌ᠨ᠎ᠠ᠃ ᠡᠨᠡ ᠨᠢ ᠴᠤ ᠵᠣᠢ᠌ᠳᠠᠢ ᠥᠭᠡ ᠪᠣᠯᠵᠤ ᠮᠠᠭᠠᠤᠨ᠃ ᠡᠭᠦᠨ ᠤ ᠳᠤᠬᠠᠢ ᠱᠤᠭᠳᠠᠢ ᠵᠠᠷᠢᠮ ᠨᠢ ᠶᠠᠭᠤ ᠭᠡᠨ᠎ᠡ ᠭᠡᠪᠠᠯ 《ᠰᠢᠯᠦᠭ᠌ ᠪᠢᠴᠢᠭ᠍ᠴᠢ ᠡᠴᠠ ᠴᠢᠳᠠᠬᠤ ᠶᠢᠨ ᠭᠢᠷᠢ ᠪᠠᠷ ᠣᠩᠰᠢᠭᠴᠢ ᠶᠢᠨ ᠨᠣᠢ᠌ᠷ ᠤᠨ ᠡᠮ ᠨᠠᠢ᠌ᠷᠠᠬᠤ ᠦᠭᠡᠶ᠂ ᠨᠠᠢ᠌ᠷᠠᠭᠤᠯᠤᠭᠴᠢ ᠶᠢᠨ ᠵᠠᠯᠬᠠᠭᠤᠷᠠᠯ ᠤᠨ ᠳᠠᠷᠨᠢ ᠡᠷᠢᠶᠡᠴᠢᠭᠦ ᠦᠭᠡᠶ ᠭᠡᠵᠤ ᠦᠷᠭᠦᠯᠵᠢ ᠠᠠᠳᠠᠭᠠᠷ ᠶᠢᠡᠨ ᠳᠠᠯᠪᠢᠳᠤᠭᠠᠢ》 ᠭᠡᠵᠤ ᠯᠠᠱ ᠯᠠᠱ ᠢᠨᠢᠶᠡᠳᠡᠭ᠌᠃ ᠡᠨᠡ ᠨᠢ ᠬᠠᠷᠢᠨ ᠦᠨᠡᠨ ᠥᠭᠡ ᠪᠠᠢ᠌ᠯᠳᠠᠢ ︕ ᠭᠦᠮᠦᠰ ᠤᠨ ᠳᠤᠳᠤᠷ᠎ᠠ ᠰᠢᠯᠦᠭ᠍ᠴᠢ ᠪᠣᠯᠤᠶ᠎ᠠ ᠭᠡᠳ ᠪᠣᠳᠤᠳᠠᠭ ᠭᠦᠮᠤᠨ ᠶᠠᠷᠤ ᠳᠡᠭᠡᠨ ᠣᠯᠠᠨ ᠶᠤᠮ᠃ ᠭᠡᠳᠡᠯ᠎ᠡ᠂ ᠰᠢᠯᠦᠭ᠍ᠴᠢ ᠪᠣᠯᠤᠶ᠎ᠠ ᠭᠡᠵᠤ ᠴᠢᠷᠮᠠᠢ᠌ᠵᠤ ᠪᠠᠢ᠌ᠭᠠᠤᠨ ᠵᠢᠩᠭᠢᠨᠢ ᠰᠢᠯᠦᠭ᠍ᠴᠢ ᠪᠣᠯᠤᠭᠰᠠᠨ ᠭᠦᠮᠤᠨ ᠴᠥᠭᠡᠨ ᠪᠠᠢ᠌ᠳᠠᠭ᠃ ᠶᠠᠭᠠᠭᠢᠭᠠᠤᠨ ᠡᠢ᠌ᠮᠤ ᠪᠣᠢ ᠭᠡᠭᠦ ᠳᠤ ᠡᠭᠦᠨ ᠤ ᠬᠠᠷᠢᠭᠤᠯᠳᠠ ᠶᠢ ᠠᠮᠠᠷᠬᠠᠨ ᠣᠯᠵᠤ ᠪᠣᠯᠤᠨ᠎ᠠ᠂ ᠳᠠᠷᠠ ᠨᠢ ᠳᠠᠷᠤᠢ ᠰᠢᠯᠦᠭ᠌ ᠪᠢᠴᠢᠭ᠍ᠴᠢ ᠡᠴᠠ ᠴᠠᠭ ᠦᠷᠭᠦᠯᠵᠢ ᠰᠠᠢ᠌ᠨ ᠰᠢᠯᠦᠭ᠌ ᠪᠢᠰᠢᠯᠭᠠᠵᠤ ᠳᠦᠷᠦᠭᠦᠯᠡᠭᠦ ᠵᠠᠮ ᠶᠢᠡᠨ ᠣᠯᠤᠭᠠᠤᠨ ᠦᠭᠡᠶ᠂ ᠡᠰᠡᠭᠦᠯ᠎ᠡ ᠰᠢᠯᠦᠭ᠌ ᠭᠡᠭ᠍ᠴᠢ ᠡᠨᠡ ᠰᠤᠨᠢᠨ ᠰᠢᠳᠠᠳᠠᠢ ᠭᠤᠸ᠎ᠠ ᠳᠠᠭᠢᠨᠢ ᠶᠢ ᠰᠠᠢ᠌ᠨ ᠳᠠᠨᠢᠭᠠᠤᠨ ᠦᠭᠡᠶ ᠡᠴᠠ ᠪᠣᠯᠪᠠ ᠭᠡᠳᠡᠭ᠌ ᠪᠠᠳᠤᠶᠤᠰᠤ ᠳᠤ ᠣᠷᠤᠭᠤᠯᠤᠭᠠᠤᠨ ᠭᠡᠯᠡᠵᠤ ᠪᠣᠯᠤᠨ᠎ᠠ᠃

ᠦᠨᠡᠨ ᠢ ᠭᠡᠯᠡᠪᠠᠯ᠂ ᠠᠯᠢ ᠨᠢᠭᠡ ᠰᠢᠯᠦᠭ᠌ ᠪᠢᠴᠢᠭ᠍ᠴᠢ ᠨᠢ ᠪᠠᠶ᠎ᠠ ᠪᠠᠨ ᠡᠷᠭᠦᠭᠦ ᠳᠤᠷ᠎ᠠ ᠦᠭᠡᠶ ᠪᠣᠢ ︖ ᠬᠤᠭᠢᠷ ᠨᠢᠭᠡ ᠨᠢ ᠭᠡᠵᠢᠶ᠎ᠡ ᠪᠢᠯᠠ ᠨᠠᠳᠠ ᠳᠤ 《ᠳᠠᠨ ᠤ ᠰᠢᠯᠦᠭ᠌ ᠪᠢᠴᠢᠳᠡᠭ᠌ ᠳᠤᠭᠠᠳᠤ ᠥᠨᠡᠭᠡᠷ ᠭᠦᠭᠡᠷᠦᠤ ᠶᠤᠮ᠃ ᠰᠤᠨᠢᠨ ᠰᠡᠳᠭᠦᠯ ᠳᠤ ᠨᠢᠭᠡ ᠶᠠᠭᠤᠮ᠎ᠠ ᠨᠢ ᠭᠠᠷᠪᠠᠯ ᠳᠡᠷᠪᠠᠯᠵᠡᠭᠡᠳ ᠭᠡᠯᠡᠭᠡᠳ ᠭᠦᠶ‍ᠦᠴᠢᠨ᠎ᠡ᠂ ᠪᠢᠴᠢᠭ᠍ᠰᠡᠨ ᠶᠠᠭᠤᠮ᠎ᠠ ᠶᠢ ᠨᠢ ᠡᠰᠡ ᠳᠤᠭᠤᠪᠠᠯ ᠭᠦᠮᠤᠨ ᠳᠤ ᠮᠠᠭᠤ ᠰᠠᠨᠠᠨ᠎ᠠ᠃ ᠨᠠᠢ᠌ᠷ ᠨᠠᠭᠠᠳᠤᠮ ᠳᠤ ᠭᠦᠮᠦᠰ ᠤᠨ ᠳᠦᠷᠦᠭᠦᠨ ᠳᠤ ᠪᠣᠰᠤᠭᠠᠤᠨ ᠨᠢᠭᠡ ᠶᠠᠭᠤᠮ᠎ᠠ ᠪᠠᠨ ᠬᠠᠢ᠌ᠭᠢᠷᠠᠭᠠᠤᠨ ᠯᠠ ᠣᠩᠰᠢᠭᠠᠤᠨ ᠪᠠᠢ᠌ᠳᠠᠭ ᠰᠤᠨᠢᠨ ᠭᠦᠮᠦᠰ ᠯᠠ᠂ ᠳᠠᠨᠠᠷ ᠴᠢᠨᠢ ︕》 ᠭᠡᠵᠤ ᠬᠤᠤᠷ ᠮᠠᠭᠠᠵᠢᠭᠰᠠᠨ ᠰᠢᠭ ᠪᠣᠯᠤᠭᠰᠠᠨ ᠪᠣᠯᠳᠠᠭ᠃ ᠬᠤᠵᠢᠮ ᠨᠢ ᠪᠢ ᠪᠣᠳᠤᠭᠠᠤᠨ ᠥᠵᠡᠭᠦᠯ᠎ᠡ ᠡᠨᠡ ᠨᠢ ᠦᠨᠡᠨ ᠴᠤ ᠥᠭᠡ ᠮᠠᠳᠤ ᠰᠠᠨᠠᠭᠳᠠᠯ᠎ᠠ᠃ ᠵᠠ᠂ ᠶᠠᠭᠤ ᠶᠢ ᠨᠢ ᠭᠡᠯᠡᠭᠦ ᠪᠣᠢ ︖ ᠰᠢᠯᠦᠭ᠌ ᠤᠨ ᠠᠷᠰᠢ ᠯᠢ ᠪᠠᠢ ᠮᠠᠳᠤ ᠨᠠᠢ᠌ᠷᠠᠭᠴᠢ ᠪᠣᠯᠤᠶ᠎ᠠ ᠭᠡᠳ ᠭᠦᠭ᠍ᠰᠦᠳᠡᠭ᠌ ᠨᠢ ᠪᠠᠢ᠌ᠨ᠎ᠠ᠂ ᠰᠢᠯᠦᠭ᠌ ᠤᠨ ᠪᠣᠭᠳᠠ ᠳ᠋ᠦ᠋ ᠹᠦ᠋ ᠰᠢᠭ᠌ ᠰᠢᠯᠦᠭ᠍ᠴᠢ ᠪᠣᠯᠤᠶ᠎ᠠ ᠭᠡᠳ ᠪᠣᠳᠤᠳᠠᠭ ᠨᠢ ᠪᠠᠢ᠌ᠨ᠎ᠠ᠃ ᠣᠷᠤᠰ ᠤᠨ ᠭᠤᠷᠺᠢ ᠰᠢᠭ ᠵᠤᠬᠢᠶᠠᠯᠴᠢ ᠪᠣᠯᠤᠶ᠎ᠠ ᠭᠡᠳ ᠣᠷᠤᠯᠳᠤᠳᠠᠭ ᠨᠢ ᠪᠠᠢ᠌ᠨ᠎ᠠ᠃ ᠮᠤᠩᠭ᠋ᠤᠯ ᠤᠨ ᠴᠣᠢ᠌ᠨᠤᠮ ᠮᠠᠳᠤ ᠰᠢᠯᠦᠭ᠍ᠴᠢ ᠪᠣᠯᠤᠶ᠎ᠠ ᠭᠡᠳ ᠵᠡᠭᠦᠳᠡᠯᠡᠳᠡᠭ᠌ ᠨᠢ ᠪᠠᠢ᠌ᠨ᠎ᠠ᠃ ᠢᠩᠭᠢᠭ᠍ᠰᠡᠨ ᠤ ᠳ᠋ᠦ᠋ᠩ ᠳᠤ ᠰᠢᠯᠦᠭ᠌ ᠪᠢᠴᠢᠭᠦ ᠳᠤᠷᠠᠳᠠᠢ ᠭᠦᠮᠦᠰ ᠤᠨ ᠳᠤᠳᠤᠷ᠎ᠠ ᠰᠠᠢ᠌ᠨ ᠪᠢᠴᠢᠭ᠍ᠳᠡᠭ᠍ᠰᠡᠨ ᠣᠯᠠᠨ ᠪᠦᠳᠦᠭᠡᠯ ᠲᠡᠶ ᠭᠦᠮᠦᠰ ᠳᠠᠯᠠᠢ ᠪᠣᠯᠪᠠ᠃ ᠰᠢᠯᠦᠭ᠍ᠴᠢ ᠪᠣᠯᠤᠶ᠎ᠠ ᠭᠡᠰᠡᠨ ᠭᠦᠰᠡᠯ ᠨᠢ ᠭᠦᠰᠡᠯ ᠭᠦᠰᠡᠯ ᠤᠨ ᠳᠤᠳᠤᠷᠠᠭᠢ ᠪᠠᠶᠠᠨ ᠭᠦᠰᠡᠯ ᠪᠠᠢ᠌ᠭᠰᠠᠨ ᠪᠠᠢ᠌ᠵᠠᠢ ︕

ᠭᠡᠶ᠎ᠡ᠂ ᠪᠢ ᠭᠡᠳᠡᠭ᠌ ᠪᠠᠶ᠎ᠠ ᠲᠡᠶ᠂ ᠪᠣᠶᠠᠨ ᠬᠤᠷᠣᠢ᠌ᠯᠠᠭᠰᠠᠨ ᠣᠩᠰᠢᠭᠴᠢ ᠲᠡᠶ᠂ ᠰᠢᠨᠤᠵᠤ ᠰᠤᠳᠤᠯᠤᠭᠰᠠᠨ ᠰᠢᠭᠦᠮᠵᠢᠯᠡᠭ᠍ᠴᠢ ᠲᠡᠶ ᠰᠢᠯᠦᠭ᠍ᠴᠢ ᠪᠣᠯᠤᠶ᠎ᠠ ᠭᠡᠳ ᠵᠠᠯᠪᠢᠷᠳᠠᠭ ᠭᠦᠮᠤᠨ ᠣᠯᠠᠨ ᠲᠤᠬᠢᠶᠠᠯᠳᠠᠨ᠎ᠠ᠃ ᠳᠡᠭᠡᠭᠦ ᠵᠠᠪᠰᠠᠷ ᠦᠦ ︖ ᠠᠯᠳᠠᠨ ᠪᠢᠷ ᠶᠢᠡᠨ ᠪᠠᠷᠢᠭᠴᠢ ᠳᠤᠳᠤᠷ᠎ᠠ᠂ ᠰᠢᠯᠦᠭ᠌ ᠲᠤ ᠮᠢᠨᠢ ᠠᠷᠠᠤᠨ ᠲᠦᠮᠡᠨ ᠤ ᠳᠠᠭᠤᠤ ᠬᠠᠩᠭᠢᠨᠠᠵᠤ᠂ ᠡᠭᠡ ᠣᠷᠤᠠᠴᠢ ᠶᠢᠨ ᠬᠠᠢ᠌ᠷ᠎ᠠ ᠪᠢᠯᠬᠠᠵᠤ᠂ ᠭᠦᠮᠤᠨ ᠤ ᠳᠠᠩᠰᠤᠭ ᠢᠷᠡᠭᠡᠳᠦᠢ ᠶᠢᠨ ᠭᠦᠰᠡᠯᠡᠩ ᠳᠤᠸᠠᠯᠠᠵᠤ ᠴᠢᠳᠠᠪᠠᠯ ᠪᠢ ᠪᠠᠶᠠᠰᠤᠨ᠎ᠠ ᠭᠡᠳ ᠶᠠᠭᠠᠷᠴᠤ ᠯᠠ ᠶᠠᠪᠣᠨ᠎ᠠ᠃ ᠪᠢ ᠰᠢᠯᠦᠭ᠍ᠴᠢ ᠭᠡᠳ ᠵᠢᠷᠭᠠᠵᠤ ᠯᠠ ᠶᠠᠪᠣᠨ᠎ᠠ᠃

ᠦᠨᠡᠨ ᠳᠡᠭᠡᠨ ᠦᠦ ︖ ᠰᠢᠯᠦᠭ᠍ᠴᠢ ᠪᠣᠯᠬᠤ ᠪᠠᠷ ᠰᠢᠯᠦᠭ᠌ ᠪᠢᠴᠢᠭ᠍ᠴᠢ ᠨᠡᠷ ᠠᠮᠵᠢᠯᠳᠠ ᠣᠯᠬᠤ ᠨᠢ ᠯᠠᠪᠳᠠᠢ ᠶᠤᠮ᠃ ᠭᠡᠪᠠᠴᠤ ᠪᠣᠯᠪᠠᠰᠤᠷᠠᠬᠤ ᠵᠠᠮ ᠳ᠋ᠤᠨᠢ ᠭᠦᠯ ᠪᠦᠳᠦᠷᠢᠭᠦ ᠳᠤᠱᠠ ᠳᠡᠭᠡᠭ᠌ ᠴᠤ ᠣᠯᠠᠨ ᠲᠤᠬᠢᠶᠠᠯᠳᠠᠬᠤ ᠶᠤᠮ᠃ ᠭᠦᠮᠦᠰ ᠰᠢᠯᠦᠭ᠍ᠴᠢ ᠳᠤᠭᠠᠳᠤ ᠶᠢ ᠴᠤᠬᠤᠮ ᠵᠠᠭᠤ ᠪᠦᠳᠦᠷᠢᠭᠡᠳ ᠣᠬᠠᠭᠠᠨ ᠨᠢ ᠭᠦᠢᠴᠡᠳ ᠣᠷᠤᠰᠢ ᠦᠭᠡᠶ᠂ ᠳᠤᠭᠳᠠᠮᠠᠯ ᠳᠤᠮᠢᠶ᠎ᠠ ᠳᠤ ᠪᠠᠶ᠎ᠠ ᠶᠢ ᠨᠢ ᠳᠠᠯᠪᠢᠵᠤ ᠪᠠᠷᠢᠭᠳᠠᠰᠢ ᠦᠭᠡᠶ ᠡᠩ ᠤᠨ ᠭᠦᠮᠦᠰ ᠲᠡᠶ ᠠᠳᠠᠯᠢ ᠦᠭᠡᠶ ᠰᠤᠨᠢᠨ ᠭᠦᠮᠦᠰ ᠭᠡᠵᠤ ᠭᠡᠯᠡᠨ᠎ᠡ᠃ ᠶᠠᠭᠠᠭᠢᠭᠠᠤᠨ ᠭᠡᠪᠠᠯ᠂ ᠳᠠᠳᠠᠨ ᠴᠢᠨᠢ ᠢᠩᠭᠢᠵᠤ ᠪᠢᠴᠢᠭᠡᠳ ᠳᠤᠷᠰᠢᠨ᠎ᠠ᠂ ᠳᠡᠭᠡᠵᠤ ᠵᠠᠰᠠᠭᠠᠤᠨ ᠯᠠᠪᠯᠠᠨ᠎ᠠ᠃ ᠰᠠᠨᠠᠭᠠᠨ ᠳ᠋ᠤᠨᠢ ᠡᠰᠡ ᠳᠠᠭᠠᠷᠬᠤᠯ᠎ᠠ ᠳᠠᠭᠢᠵᠤ ᠰᠢᠨ᠎ᠡ ᠡᠴᠡ ᠨᠢᠭᠡ ᠶᠢ ᠰᠠᠳᠤᠵᠤ ᠡᠷᠭᠢᠭᠦᠯᠵᠤ ᠪᠣᠳᠤᠭᠠᠤᠨ ᠣᠷᠤᠯᠳᠤᠨ᠎ᠠ᠃ ᠨᠢᠭᠡ ᠭᠡᠮᠵᠢᠶᠡᠨ ᠤ ᠰᠢᠯᠦᠭ᠌ ᠪᠢᠴᠢᠭᠦ ᠴᠢᠳᠠᠪᠣᠷᠢ ᠲᠡᠶ ᠪᠣᠯᠴᠢᠬᠠᠭᠠᠤᠨ ᠡᠷᠭᠢᠵᠤ ᠭᠡᠳᠡᠷᠭᠡ ᠣᠤᠠᠬ᠎ᠠ ᠵᠤᠬᠢᠶᠠᠯ ᠤᠨ ᠭᠡᠪ ᠨᠠᠮᠪᠠ ᠭᠡᠳ ᠭᠦᠭᠡᠭᠡᠴᠡᠯᠳᠦᠨ᠎ᠡ᠂ ᠡᠯᠳᠡᠪ ᠣᠷᠤᠰᠬᠠᠯ ᠪᠦᠯᠦᠭ᠌ ᠲᠤ ᠪᠠᠶ᠎ᠠ ᠪᠠᠨ ᠵᠤᠭᠢᠴᠠᠭᠤᠯᠬᠤ ᠭᠡᠵᠤ ᠳᠠᠷᠪᠠᠯᠵᠠᠨ᠎ᠡ᠃ ᠳᠡᠭᠡᠴᠢᠭᠡᠭᠡᠳ ᠪᠠᠰᠠ ᠬᠤᠭᠤᠷᠤᠠᠳᠤ ᠪᠠᠨ ᠬᠠᠷᠢᠯᠴᠠᠨ ᠨᠢᠭᠡ ᠪᠠᠨ ᠴᠢ ᠴᠠᠭᠠᠨ ᠰᠢᠯᠦᠭ᠌ ᠪᠢᠴᠢᠨ᠎ᠡ ᠭᠡᠨ᠎ᠡ᠂ ᠵᠠᠷᠢᠮ ᠨᠢᠭᠡ ᠪᠠᠨ ᠴᠢ ᠪᠢᠳᠡᠭᠦᠤ ᠣᠤᠠᠬ᠎ᠠ ᠲᠡᠶ ᠰᠢᠯᠦᠭ᠌ ᠪᠢᠴᠢᠨ᠎ᠡ ᠭᠡᠨ᠎ᠡ᠂ ᠵᠠᠷᠢᠮ ᠨᠢᠭᠡ ᠪᠠᠨ ᠴᠢ ᠴᠢᠯᠦᠭᠡᠳᠤ ᠰᠢᠯᠦᠭ᠌ ᠪᠢᠴᠢᠨ᠎ᠡ ᠭᠡᠨ᠎ᠡ᠃ ᠢᠩᠭᠢᠵᠤ ᠮᠠᠷᠭᠤᠭᠠᠤᠨ ᠳᠡᠭᠡᠵᠤ ᠱᠤᠤᠭᠢᠯᠳᠠᠭᠠᠤᠨ ᠰᠢᠯᠦᠭ᠌ ᠤᠨ ᠬᠤᠷᠸ᠎ᠠ ᠳᠤ ᠰᠢᠯᠦᠭ᠌ ᠲᠤ ᠳᠤᠷᠠᠳᠠᠢ ᠭᠦᠮᠦᠰ ᠳᠦᠷᠭᠢᠯᠳᠠᠵᠤ ᠶᠠᠪᠣᠵᠠᠭᠠᠨ᠎ᠠ᠃ ᠳᠤᠳᠤᠷᠬᠠᠢ ᠨᠢᠭᠡ ᠭᠦᠰᠡᠯᠡᠩ ᠳᠠᠢ᠌ᠰᠢ ᠪᠠᠨ ᠨᠠᠰᠤᠨ ᠳᠤᠷᠰᠢ ᠪᠠᠨ ᠵᠢᠳᠭᠦᠵᠤ ᠶᠠᠪᠣᠨ᠎ᠠ ︕

ᠰᠢᠯᠦᠭ᠍ᠴᠢ ᠶᠢᠨ ᠡᠩᠨᠡᠭᠡ ᠳᠤ ᠣᠷᠤᠵᠤ ᠠᠯᠬᠤᠯᠠᠬᠤ ᠶᠢ ᠭᠢᠴᠢᠶᠡᠭ᠍ᠴᠢᠳ ᠪᠠᠶ᠎ᠠ ᠪᠠᠨ ᠴᠢᠩᠭ᠎ᠠ ᠱᠠᠭᠠᠷᠳᠠᠵᠤ ᠠᠯᠬᠤᠮ ᠳᠠᠪᠰᠢᠬᠤ ᠶᠢ ᠶᠠᠭᠤᠨ ᠤ ᠳᠦᠷᠦᠭᠦᠨ ᠳᠤ ᠪᠣᠳᠤᠯᠭᠢᠯᠠᠪᠠᠯ ᠪᠣᠯᠤᠨ᠎ᠠ᠃ ᠠᠪᠤᠨ ᠳᠤᠤᠷ᠎ᠠ ᠪᠠᠨ ᠰᠢᠯᠦᠭ᠌ ᠰᠢᠭ᠌ ᠶᠠᠭᠤᠮ᠎ᠠ ᠪᠢᠴᠢᠵᠤ ᠣᠷᠭᠢᠭᠠᠤᠨ ᠰᠤᠨᠢᠨ ᠰᠡᠳᠭᠦᠯ ᠳᠤ ᠢᠯᠡᠭᠡᠵᠤ ᠪᠣᠯᠬᠤ ᠦᠭᠡᠶ᠂ ᠳᠡᠭᠡᠷ᠎ᠡ ᠡᠴᠠ ᠪᠠᠬᠠᠨ ᠵᠤᠷᠢᠭᠵᠢᠭᠤᠯᠤᠯ ᠪᠣᠯᠭᠠᠵᠤ ᠪᠢᠴᠢᠭ᠍ᠰᠡᠨ ᠶᠠᠭᠤᠮ᠎ᠠ ᠶᠢ ᠴᠢᠨᠢ ᠵᠠᠰᠠᠵᠤ ᠵᠠᠰᠠᠭᠠᠤᠨ ᠨᠠᠢ᠌ᠳᠤᠯᠠᠵᠤ ᠦᠭ‍ᠪᠠᠯ ᠰᠢᠯᠦᠭ᠍ᠴᠢ ᠪᠣᠯᠴᠢᠯ᠎ᠠ ᠭᠡᠵᠤ ᠭᠡᠢ ᠭᠦᠭᠡᠷᠴᠤ ᠪᠣᠯᠬᠤ ᠦᠭᠡᠶ᠃ ᠳᠠᠷᠠ ᠴᠢᠨᠢ ᠴᠢᠨᠤ ᠠᠩᠬ᠎ᠠ ᠠᠯᠬᠤᠮ ᠤᠨ ᠳᠤᠳᠤᠷᠠᠭᠢ ᠠᠩᠬ᠎ᠠ ᠠᠯᠬᠤᠮ ᠮᠦᠨ ᠭᠡᠳᠡᠭ᠌ ᠢ ᠮᠠᠳᠠᠪᠠᠯ ᠪᠣᠯᠤᠨ᠎ᠠ᠂ ᠴᠢᠮᠢ᠋ᠢ ᠭᠦᠮᠤᠨ ᠪᠣᠯᠳᠤᠭᠠᠢ ᠭᠡᠳ ᠪᠣᠰᠤᠳ ᠡᠴᠡ ᠰᠠᠢ᠌ᠨ ᠰᠠᠨᠠᠭ᠎ᠠ ᠪᠠᠷ ᠭᠦᠳᠦᠯᠵᠤ ᠪᠠᠢ᠌ᠨ᠎ᠠ ᠭᠡᠳᠡᠭ᠌ ᠢ ᠮᠠᠳᠠᠪᠠᠯ ᠪᠣᠯᠤᠨ᠎ᠠ᠃ ᠡᠳᠦᠭᠡ ᠶᠢᠨ ᠪᠠᠢ᠌ᠳᠠᠯ ᠳᠤ ᠵᠤᠯ ᠳᠠᠭᠠᠷᠠᠵᠤ ᠵᠠᠪᠰᠢᠶ᠎ᠠ ᠬᠠᠷᠭᠤᠭᠠᠤᠨ ᠰᠢᠯᠦᠭ᠌ ᠤᠨ ᠳᠡᠭᠦᠪᠦᠷᠢ ᠡᠴᠠ ᠨᠢᠭᠡ ᠬᠤᠶᠠᠷ ᠢ ᠭᠠᠷᠭᠠᠴᠢᠬᠠᠯ᠎ᠠ ᠭᠡᠳ ᠳᠡᠭᠦᠨ ᠳᠤᠳᠤᠷ᠎ᠠ ᠴᠢᠨᠢ ᠰᠠᠢ᠌ᠨ ᠰᠢᠯᠦᠭ᠌ ᠦᠭᠡᠶ ᠪᠣᠯ ᠴᠢ ᠪᠠᠶ᠎ᠠ ᠪᠠᠨ ᠣᠳᠤ ᠴᠤ ᠪᠣᠯᠪᠠᠰᠤᠷᠠᠭᠠᠤᠨ ᠦᠭᠡᠶ ᠰᠢᠯᠦᠭ᠍ᠴᠢ ᠭᠡᠵᠤ ᠪᠣᠳᠤᠪᠠᠯ ᠳᠠᠭᠠᠷᠠᠨ᠎ᠠ᠃ ᠰᠢᠯᠦᠭ᠌ ᠶᠢᠡᠨ ᠴᠢ ᠦᠪᠡᠷ ᠶᠢᠡᠨ ᠦᠷᠳᠡᠭᠯᠡᠨ ᠳ᠋ᠦ᠋ᠩᠨᠠᠵᠤ ᠰᠠᠢ᠌ᠨ ᠰᠢᠯᠦᠭ᠌ ᠭᠡᠵᠤ ᠭᠡᠯᠡᠵᠤ ᠴᠢᠳᠠᠬᠤ ᠦᠭᠡᠶ ᠨᠢ ᠯᠠᠪᠳᠠᠢ ᠶᠤᠮ᠃ ᠶᠠᠷᠳᠢᠠᠴᠤ ᠶᠢᠨ ᠲᠦᠪ ᠭᠤᠤᠯᠴᠢ ᠬᠠᠤᠯᠢᠴᠢ ᠭᠡᠮᠡᠭ᠍ᠳᠡᠭ᠍ᠰᠡᠨ ᠠᠷᠠᠤᠨ ᠲᠦᠮᠡᠨ ᠯᠠ ᠵᠢᠩᠭᠢᠨᠢ ᠰᠠᠢ᠌ᠨ ᠰᠢᠯᠦᠭ᠌ ᠢ ᠣᠩᠰᠢᠨ ᠳᠠᠨᠢᠵᠤ ᠰᠤᠩᠭ᠋ᠤᠵᠤ ᠠᠯᠳᠠᠷᠰᠢᠭᠤᠯᠤᠭᠠᠤᠨ ᠭᠡᠵᠢᠶᠡᠳᠡ ᠮᠥᠩᠭᠡᠷᠡᠭᠦᠯᠵᠤ ᠴᠢᠳᠠᠬᠤ ᠶᠤᠮ ᠪᠢᠯᠠ᠃ ᠳᠠᠢ᠌ᠮᠤ ᠡᠴᠠ ᠠᠷᠠᠤᠨ ᠲᠦᠮᠡᠨ ᠤ ᠰᠢᠯᠦᠭ᠍ᠴᠢ ᠪᠣᠯᠬᠤ ᠨᠢ ᠠᠮᠠᠷ ᠪᠢᠰᠢ᠂ ᠠᠷᠠᠤᠨ ᠲᠦᠮᠡᠨ ᠳᠤ ᠳᠤᠭᠤᠭᠳᠠᠬᠤ ᠰᠠᠢ᠌ᠨ ᠰᠢᠯᠦᠭ᠌ ᠪᠢᠴᠢᠭᠦ ᠨᠢ ᠨᠠᠩ ᠠᠮᠠᠷ ᠪᠢᠰᠢ ︕ ᠡᠭᠦᠨ ᠡᠴᠡ ᠥᠵᠡᠭᠦᠯ᠎ᠡ ᠰᠢᠯᠦᠭ᠌ ᠪᠢᠴᠢᠭᠦ ᠨᠢ ᠵᠥᠪᠭᠡᠨ ᠵᠤᠬᠢᠶᠠᠭᠴᠢ ᠶᠢᠨ ᠰᠡᠳᠭᠢᠯ ᠤᠨ ᠭᠦᠳᠡᠯᠭᠡᠭᠡᠨ ᠤ ᠭᠦᠩᠭᠡᠭᠡᠨ ᠳᠠᠳᠠᠯᠠᠯ ᠪᠢᠰᠢ᠂ ᠬᠤᠪᠢ ᠶᠢᠨ ᠬᠠᠢ᠌ᠷ᠎ᠠ ᠰᠡᠳᠬᠢᠯᠭᠡ ᠶᠢᠨ ᠬᠠᠯᠠᠭᠤᠨ ᠳᠤᠭᠳᠤᠯᠤᠯ ᠤᠨ ᠢᠯᠡᠳᠭᠡᠮᠵᠢ ᠴᠤ ᠪᠢᠰᠢ ᠭᠡᠳᠡᠭ᠌ ᠢ ᠰᠠᠢ᠌ᠨ ᠮᠠᠳᠠᠪᠠᠯ ᠪᠣᠯᠤᠨ᠎ᠠ᠃ ᠡᠷᠭᠢᠭᠦᠯᠦᠭᠡᠳ ᠭᠡᠯᠡᠭᠦᠯ᠎ᠡ ᠰᠢᠯᠦᠭ᠌ ᠪᠢᠴᠢᠭᠦ ᠨᠢ ᠭᠡᠳᠦᠴᠢᠨᠡᠨ ᠭᠦᠡᠳᠤ ᠠᠵᠢᠯ ᠪᠣᠢ ᠭᠡᠭᠡᠴᠢ ︕ ᠭᠡᠨ ᠳᠡᠭᠡᠨ ᠭᠡᠰᠡᠨ ᠵᠤᠷᠢᠯᠭᠠᠳᠠᠢ ᠪᠢᠴᠢᠳᠡᠭ᠌ ᠡᠵᠡᠨ ᠲᠡᠶ ᠡᠷᠭᠡᠮ ᠯᠠ ᠦᠪ ᠤᠨ ᠳᠡᠭᠡᠵᠢ ᠰᠠᠠᠵᠢ ︕

ᠰᠢᠯᠦᠭ᠌ ᠪᠢᠴᠢᠭᠦ ᠡᠷᠳᠡᠮ ᠭᠡᠭ᠍ᠴᠢ ᠶᠡᠭᠡ ᠭᠦᠨ ᠡᠷᠳᠡᠮ ᠮᠦᠨ᠃ ᠡᠨᠡ ᠡᠷᠳᠡᠮ ᠢ ᠰᠠᠢ᠌ᠨ ᠰᠤᠷᠬᠤ ᠳᠤ ᠴᠢᠷᠮᠠᠢ᠌ᠯᠳᠠ ᠭᠡᠷᠡᠭ᠌ ᠭᠡᠳᠡᠭ᠌ ᠢ ᠮᠠᠳᠠᠪᠠᠯ ᠳᠠᠭᠠᠷᠠᠨ᠎ᠠ᠃ ᠰᠢᠯᠦᠭ᠍ᠴᠢ ᠪᠣᠯᠬᠤ ᠶᠢᠨ ᠲᠦᠯᠦᠭᠡ ᠣᠯᠠᠨ ᠨᠤᠮ ᠣᠩᠰᠢᠵᠤ᠂ ᠠᠮᠢᠳᠤᠷᠠᠯ ᠳᠤ ᠭᠦᠡᠵᠡᠭᠡᠢ᠌ᠷᠡᠵᠤ᠂ ᠪᠢᠴᠢᠵᠤ ᠣᠷᠤᠯᠳᠤᠬᠤ ᠪᠣᠯᠪᠠᠰᠤᠷᠠᠯ ᠶᠢᠡᠨ ᠴᠢᠩᠭ᠋ᠠᠳᠬᠠᠵᠤ᠂ ᠰᠠᠢ᠌ᠨ ᠰᠢᠯᠦᠭ᠌ ᠪᠢᠴᠢᠭᠦ ᠭᠢᠷᠢ ᠭᠡᠮᠵᠢᠶ᠎ᠡ ᠪᠠᠨ ᠪᠦᠷᠢᠯᠳᠦᠭᠦᠯᠭᠦ ᠡᠭᠢᠯᠡᠴᠡ ᠠᠵᠢᠯ ᠶᠢᠡᠨ ᠰᠠᠢ᠌ᠨ ᠭᠢᠭᠦᠯ᠎ᠡ ᠪᠣᠯᠤᠨ᠎ᠠ ︕ ᠨᠢᠭᠡ ᠰᠡᠳᠭᠦᠯ ᠤᠨ ᠨᠠᠷᠠᠳᠠᠢ ᠨᠠᠢ᠌ᠷᠠᠭᠤᠯᠤᠭᠴᠢ ᠨᠠᠳᠠ ᠲᠡᠶ ᠶᠠᠷᠢᠯᠴᠠᠬᠤ ᠳᠠᠭᠠᠨ 《ᠨᠢᠭᠡ ᠵᠢᠯ ᠳᠤ ᠠᠷᠪᠠ ᠬᠤᠷᠢᠨ ᠴᠢᠨᠠᠷ ᠦᠭᠡᠶ ᠰᠢᠯᠦᠭ᠌ ᠪᠢᠴᠢᠭᠦ ᠶᠢᠨ ᠣᠷᠤᠨ ᠳᠤ ᠨᠢᠭᠡ ᠬᠤᠶᠠᠷ ᠴᠢᠨᠠᠷᠯᠢᠭ ᠰᠢᠯᠦᠭ᠌ ᠪᠢᠴᠢᠭ᠍ᠰᠡᠨ ᠨᠢ ᠳᠡᠭᠡᠷ᠎ᠡ᠂ ᠡᠰᠡᠭᠦᠯ᠎ᠡ ᠨᠢᠭᠡ ᠯᠠ ᠣᠩᠰᠢᠪᠣᠷᠢᠳᠠᠢ ᠴᠢᠨᠠᠷᠯᠢᠭ ᠰᠢᠯᠦᠭ᠌ ᠪᠢᠴᠢᠪᠠᠯ ᠬᠠᠮᠤᠭ ᠤᠨ ᠰᠠᠢ᠌ᠨ ᠪᠣᠯᠤᠨ᠎ᠠ ︕》 ᠭᠡᠵᠤ ᠭᠡᠯᠡᠵᠤ ᠥᠩᠭᠡᠷᠡᠭ᠍ᠰᠡᠨ ᠪᠣᠯᠳᠠᠭ᠃ ᠪᠣᠳᠤᠪᠠᠯ ᠡᠨᠡ ᠨᠢ ᠰᠢᠯᠦᠭ᠌ ᠢ ᠴᠢᠨᠠᠷᠳᠠᠢ ᠰᠠᠢ᠌ᠨ ᠶᠢᠡᠷ ᠪᠢᠴᠢᠳᠡᠭ᠌ ᠭᠡᠷᠡᠭ᠌ ᠭᠡᠰᠡᠨ ᠣᠴᠢᠷᠳᠠᠢ ᠰᠠᠢ᠌ᠬᠠᠨ ᠥᠭᠡ ᠪᠢᠰᠢᠤ ⁈ ᠳᠠᠷᠠᠴᠢᠯᠠᠨ᠂ ᠰᠢᠯᠦᠭ᠍ᠴᠢᠳ ᠬᠤᠭᠤᠷᠤᠠᠳᠤ ᠪᠠᠨ ᠬᠠᠷᠢᠯᠴᠠᠨ ᠰᠤᠷᠤᠯᠴᠠᠵᠤ ᠪᠠᠰᠠ ᠪᠣᠯᠤᠨ᠎ᠠ᠃ ᠬᠠᠭᠤᠴᠢᠨ ᠤ ᠥᠭᠡ ᠳᠤ 《ᠭᠠᠭᠴᠠ ᠮᠤᠳᠤᠨ ᠭᠠᠯ ᠪᠣᠯᠳᠠᠭ ᠦᠭᠡᠶ᠂ ᠭᠠᠭᠴᠠ ᠭᠦᠮᠤᠨ ᠠᠢ᠌ᠯ ᠪᠣᠯᠳᠠᠭ ᠦᠭᠡᠶ》 ᠭᠡᠵᠤ ᠭᠡᠯᠡᠳᠡᠭ᠌ ᠰᠢᠭ᠌᠂ ᠣᠯᠠᠨ ᠣᠯᠠᠨ ᠰᠢᠯᠦᠭ᠌ ᠪᠢᠴᠢᠭᠦ ᠣᠷᠤᠯᠳᠤᠯᠭ᠎ᠠ ᠲᠡᠶ ᠭᠦᠮᠦᠰ ᠬᠠᠷᠢᠯᠴᠠᠨ ᠰᠤᠷᠤᠯᠴᠠᠵᠤ ᠬᠠᠮᠳᠤ ᠳᠠᠭᠠᠨ ᠴᠢᠷᠮᠠᠢ᠌ᠪᠠᠯ᠂ ᠭᠦᠮᠤᠨ ᠪᠦᠷᠢ ᠬᠠᠷᠢᠯᠴᠠᠨ ᠲᠦᠰᠢᠯᠴᠠᠵᠤ ᠬᠠᠮᠳᠤ ᠳᠠᠭᠠᠨ ᠣᠬᠠᠭ᠎ᠠ ᠪᠠᠨ ᠰᠡᠯᠪᠠᠯᠴᠡᠭᠡᠳ᠂ ᠬᠠᠮᠳᠤ ᠳᠠᠭᠠᠨ ᠳᠦᠷᠢᠯᠴᠠᠵᠤ ᠳᠤᠷᠰᠢᠯᠭ᠎ᠠ ᠪᠠᠨ ᠰᠤᠯᠢᠯᠴᠠᠭᠠᠤᠨ ᠪᠠᠢ᠌ᠪᠠᠯ᠂ ᠳᠠᠷᠤᠢ ᠬᠠᠮᠳᠤ ᠳᠠᠭᠠᠨ ᠣᠷᠤᠭᠰᠢᠯᠠᠭᠰᠠᠨ ᠰᠢᠯᠦᠭ᠍ᠴᠢ ᠶᠢᠨ ᠡᠩᠨᠡᠭᠡ ᠶᠢ ᠪᠦᠷᠢᠯᠳᠦᠭᠦᠯᠵᠤ ᠴᠢᠳᠠᠨ᠎ᠠ᠃ ᠡᠨᠡ ᠴᠢᠨᠢ ᠪᠠᠰᠠ ᠴᠢᠳᠠᠯᠳᠠᠨ ᠢ ᠲᠦᠯᠵᠢᠭᠦᠯᠭᠦ ᠦᠨᠡᠨ ᠳᠠᠪᠳᠠᠯᠳᠠ ᠮᠦᠨ ᠪᠢᠯᠠ᠃ ᠬᠠᠷᠢᠨ ᠡᠭᠦᠨ ᠤ ᠡᠰᠡᠷᠭᠦᠤ ᠪᠠᠷ᠂ ᠵᠤᠬᠢᠶᠠᠨ ᠪᠢᠴᠢᠯᠭᠡ ᠶᠢᠨ ᠳᠠᠯ᠎ᠠ ᠪᠠᠷ ᠬᠠᠷᠢᠯᠴᠠᠨ ᠶᠠᠷᠢᠯᠴᠠᠬᠤ ᠦᠭᠡᠶ᠂ 『ᠡᠭᠦᠳᠡ ᠪᠠᠨ ᠳᠦᠭ᠍ᠵᠢᠭ᠍ᠰᠡᠨ ᠮᠡᠷᠭᠡᠳ』 ᠪᠣᠯᠬᠤᠯ᠎ᠠ ᠳᠠᠷᠠ ᠶᠠᠮᠠᠷ ᠴᠤ ᠠᠮᠵᠢᠯᠳᠠ ᠣᠯᠵᠤ ᠴᠢᠳᠠᠬᠤ ᠦᠭᠡᠶ᠂ 『 ᠬᠤᠷᠤᠨ ᠬᠤᠵᠤᠤ ᠪᠠᠨ ᠮᠠᠭᠠᠵᠢᠯᠴᠠᠵᠤ ᠬᠤᠭᠤᠷᠤᠠᠳᠤ ᠪᠠᠨ ᠡᠪ ᠳᠠᠩᠭ᠋ᠠᠷᠢᠭ ᠶᠢᠡᠨ ᠠᠯᠳᠠᠭᠰᠠᠨ ᠠᠢ᠌ᠯ』 ᠪᠣᠯᠴᠢᠬᠠᠪᠠᠯ ᠭᠦᠮᠤᠨ ᠤ ᠳᠤᠭᠢᠷ ᠨᠤᠳᠤᠭ ᠤᠨ ᠡᠯᠡᠭ᠌ ᠪᠣᠯᠵᠤ ᠶ‍ᠢᠷᠳᠢᠠᠴᠤ ᠶᠢᠨ ᠬᠠᠷᠠᠭᠠᠨ ᠡᠴᠠ ᠠᠭᠠᠵᠢᠮ ᠳᠠᠭᠠᠨ ᠭᠡᠭᠡᠭ᠍ᠳᠡᠨ᠎ᠡ ᠭᠡᠵᠤ ᠮᠠᠳᠠ ︕

ᠰᠢᠯᠦᠭ᠌ ᠪᠢᠴᠢᠭᠦ ᠡᠷᠳᠡᠮ ᠳᠤ ᠭᠦᠮᠤᠨ ᠰᠢᠮᠠᠳᠠᠪᠠᠯ ᠳᠠᠷᠠ ᠠᠶᠠᠠᠳᠠᠭᠠᠨ ᠴᠢᠮᠠᠳᠤ ᠬᠠᠢ᠌ᠷ᠎ᠠ ᠭᠦᠷᠳᠡᠭᠡᠯ ᠶᠢᠡᠨ ᠦᠭ‍ᠭᠦᠨ᠎ᠡ ᠭᠡᠵᠤ ᠮᠠᠳᠠ ︕ ᠶᠠᠭᠤᠨ ᠤ ᠳᠦᠷᠦᠭᠦᠨ ᠳᠤ ᠵᠤᠬᠢᠶᠠᠨ ᠪᠢᠴᠢᠭᠦ ᠴᠢᠳᠠᠪᠣᠷᠢ ᠪᠠᠨ ᠳᠡᠭᠡᠭ᠍ᠰᠢᠯᠡᠭᠦᠯᠭᠦ ᠶᠢ ᠭᠦᠡᠳᠦᠳᠭᠡᠪᠠᠯ ᠵᠤᠭᠢᠨ᠎ᠠ᠃ ᠳᠡᠭᠦᠨ ᠤ ᠬᠠᠮᠳᠤ ᠡᠷᠭᠡᠪᠰᠢ ᠣᠯᠤᠰ ᠤᠨ ᠳᠤᠳᠤᠭᠠᠳᠤ ᠭᠠᠳᠠᠭᠠᠳᠤ ᠶᠢᠨ ᠨᠠᠷ᠎ᠠ ᠲᠡᠶ ᠨᠤᠮ ᠡᠴᠠ ᠰᠤᠳᠤᠷ ᠰᠤᠳᠤᠷ ᠶᠢᠡᠷ ᠣᠷᠪᠠᠭᠤᠯᠤᠨ ᠣᠩᠰᠢᠵᠤ᠂ ᠭᠡᠯᠡᠨ ᠤ ᠭᠡᠷᠡᠭᠯᠡᠭ᠍ᠳᠡᠯ ᠥᠭᠦᠯᠡᠪᠦᠷᠢ ᠶᠢᠨ ᠪᠠᠢ᠌ᠷᠢᠰᠢᠯ ᠡᠴᠠ ᠠᠪᠣᠭᠠᠤᠨ ᠢᠯᠡᠳᠭᠡᠭᠦ ᠠᠷᠭ᠎ᠠ ᠵᠤᠬᠢᠶᠠᠮᠵᠢ ᠶᠢᠨ ᠪᠠᠢ᠌ᠷᠢᠰᠢᠯ ᠭᠦᠷᠳᠡᠯ᠎ᠡ ᠨᠢ ᠨᠠᠷᠢᠨ ᠰᠢᠡᠵᠢᠯᠡᠭᠡᠨ ᠳᠤ ᠣᠷᠤᠭᠤᠯᠤᠭᠠᠤᠨ ᠰᠤᠷᠴᠤ ᠡᠵᠡᠮᠰᠢᠭᠦ ᠶᠢᠨ ᠳᠠᠭᠠᠤ ᠠᠬᠤᠢ ᠶᠡᠭᠡ ᠨᠡᠢ᠌ᠭᠡᠮ ᠤᠨ ᠠᠮᠢᠳᠤᠷᠠᠯ ᠡᠴᠡ ᠳᠠᠪᠳᠠᠷ ᠳᠠᠪᠳᠠᠷ ᠶᠢᠡᠷ ᠳᠡᠮᠳᠡᠭᠯᠡᠨ ᠰᠤᠷᠪᠣᠯᠵᠢᠯᠠᠵᠤ᠂ ᠠᠭᠤᠵᠢᠮ ᠪᠠᠢ᠌ᠭᠠᠯᠢ ᠶᠢᠨ ᠲᠦᠮᠡᠨ ᠨᠢᠭᠤᠴᠠ ᠶᠢ ᠭᠡᠯᠭᠢᠶ᠎ᠡ ᠰᠦᠯᠵᠢᠶ᠎ᠠ ᠲᠡᠶ ᠨᠢ ᠠᠭᠤᠷᠬᠠᠢ᠌ᠴᠢᠯᠠᠨ ᠠᠵᠢᠭᠯᠠᠵᠤ ᠠᠮᠢ ᠠᠬᠤᠢ ᠶᠢᠨ ᠬᠠᠷᠢᠴᠠᠭ᠎ᠠ ᠭᠦᠷᠳᠡᠯᠡᠭᠢ ᠶᠢ ᠨᠢ ᠮᠡᠳᠡᠭᠡᠳ ᠪᠢᠴᠢᠭ᠌ ᠲᠤ ᠪᠠᠭᠤᠯᠭᠠᠨ ᠰᠤᠳᠤᠯᠵᠤ ᠰᠡᠭᠦᠳᠡᠷ ᠲᠤ ᠳᠠᠳᠠᠨ ᠥᠯᠡᠳᠡᠭᠡᠵᠤ ᠠᠪᠣᠪᠠᠯ ᠳᠠᠭᠠᠷᠠᠨ᠎ᠠ᠃ ᠬᠠᠮᠤᠭ ᠨᠠᠠᠭᠠᠳᠤ ᠵᠠᠬ᠎ᠠ ᠳᠠᠭᠠᠨ ᠦᠳᠦᠨ ᠬᠤᠷᠤᠬᠠᠢ᠂ ᠵᠢᠭᠦᠷᠳᠡᠨ ᠰᠢᠪᠠᠭᠤᠨ ᠤ ᠠᠮᠢᠳᠤᠷᠠᠯ ᠤᠨ ᠨᠢᠭᠤᠴᠠᠬᠠᠢ ᠣᠠᠴᠠᠯᠢᠭ ᠭᠦᠷᠳᠡᠯᠡᠭᠢ ᠪᠠᠢ᠌ᠳᠠᠯ ᠪᠦᠭᠦᠨ ᠢ ᠶᠠᠭᠤᠮ᠎ᠠ ᠥᠯᠡᠳᠡᠭᠡᠯ ᠦᠭᠡᠶ ᠨᠠᠷᠢᠨ ᠠᠵᠢᠭᠯᠠᠵᠤ ᠭᠦᠢᠴᠡᠳ ᠡᠵᠡᠮᠰᠢᠵᠤ ᠠᠪᠣᠪᠠᠯ ᠵᠤᠭᠢᠨ᠎ᠠ᠃ ᠳᠠᠭᠠᠭᠤᠯ᠎ᠡ ᠳᠡᠭᠡᠭᠡᠳ ᠰᠢᠯᠦᠭ᠌ ᠪᠢᠴᠢᠵᠤ ᠣᠷᠤᠯᠳᠠᠳᠠᠭ ᠭᠦᠮᠤᠨ ᠤ ᠪᠢᠯᠢᠭ᠌ ᠨᠢ ᠴᠤᠭᠤᠷᠴᠤ ᠪᠢᠷ ᠨᠢ ᠬᠤᠷᠴᠠᠳᠤᠭᠠᠤᠨ ᠠᠪᠤᠨ ᠳᠤᠤᠷ᠎ᠠ ᠪᠠᠨ ᠪᠣᠳᠤᠵᠤ ᠣᠢ ᠬᠠᠢ ᠦᠭᠡᠶ ᠰᠢᠯᠦᠭᠯᠡᠵᠤ ᠴᠢᠳᠠᠳᠠᠭ ᠰᠤᠨᠢᠨ ᠪᠢᠯᠢᠭ᠍ᠳᠡᠨ ᠪᠣᠯᠵᠤ ᠬᠤᠪᠢᠷᠠᠭᠠᠤᠨ ᠶᠠᠷᠳᠢᠠᠴᠤ ᠶᠢᠨ ᠰᠤᠨᠢᠷᠬᠠᠭᠴᠢᠳ ᠲᠤ ᠥᠪᠦᠷᠡᠭ᠍ᠳᠡᠨ᠎ᠡ᠃ ᠢᠩᠭᠢᠭᠡᠳ ᠦᠦ ︖ ᠳᠠᠷᠠ ᠰᠢᠯᠦᠭ᠌ ᠪᠢᠴᠢᠭ᠍ᠴᠢ ᠨᠢ ᠪᠣᠳᠢ ᠪᠣᠳᠢ ᠰᠢᠯᠦᠭ᠌ ᠤᠨ ᠳᠠᠪᠳᠠᠷ ᠲᠡᠶ᠂ ᠪᠦᠭᠦᠳᠡ ᠣᠯᠠᠨ ᠤ ᠳᠠᠭᠠᠰᠢᠶᠠᠯ ᠳᠤ ᠭᠦᠡᠳᠦᠳᠭᠡᠯ ᠤᠨ ᠪᠠᠢ᠌ᠷᠢ ᠲᠡᠶ ᠰᠢᠯᠦᠭ᠌ ᠤᠨ ᠭᠦᠷᠦᠩᠭᠡᠳᠡᠨ ᠪᠣᠯᠵᠤ ᠭᠦᠮᠦᠰ ᠤᠨ ᠡᠮᠤᠨ᠎ᠡ ᠳᠤᠳᠤᠷᠠᠨ᠎ᠠ ︕ ᠳᠡᠭᠡᠭᠡᠳ᠂ ᠨᠠᠷᠠᠳᠤ ᠰᠢᠯᠦᠭ᠌ ᠤᠨ ᠬᠤᠷᠳᠤᠨ ᠭᠦᠯᠦᠭ᠌ ᠶᠢᠡᠨ ᠣᠨᠤᠭᠰᠠᠨ ᠭᠠᠪᠢᠶᠠᠳᠤ ᠰᠢᠯᠦᠭ᠍ᠴᠢ ᠭᠦᠮᠤᠨ ᠳᠦᠷᠤᠯᠭᠢᠳᠠᠨ ᠳᠤ ᠡᠷᠭᠦᠭᠦ ᠭᠦᠡᠳᠤ ᠪᠠᠯᠡᠭ᠌ ᠲᠡᠶ ᠪᠠᠨ ᠰᠦᠷ ᠵᠢᠪᠬᠤᠯᠠᠩᠳᠠᠢ ᠢᠨᠢᠶᠠᠳᠤ ᠪᠠᠶᠠᠰᠤᠯᠳᠠᠢ ᠪᠠᠷ ᠪᠢᠳᠠᠨ ᠤ ᠡᠮᠦᠨᠡᠭᠦᠷ ᠥᠩᠭᠡᠷᠡᠭᠦ ᠶᠤᠮ ᠪᠢᠯᠠ ︕

ᠰᠢᠯᠦᠭ᠌ ᠪᠢᠴᠢᠭᠦ ᠡᠷᠳᠡᠮ ᠰᠤᠷᠤᠶ᠎ᠠ︕ ᠰᠤᠷᠬᠤ ᠳᠠᠭᠠᠨ ᠰᠠᠢ᠌ᠨ ᠶᠢᠡᠷ ᠰᠤᠷᠤᠶ᠎ᠠ︕ ᠴᠠᠭ ᠢᠮᠠᠭᠳᠠ ᠵᠤᠬᠢᠶᠠᠨ ᠪᠢᠴᠢᠭᠦ ᠡᠷᠳᠡᠮ ᠳᠡᠭᠡᠨ ᠰᠢᠨᠠᠴᠢᠯᠠᠯᠳᠠ ᠭᠢᠵᠤ ᠪᠠᠢ᠌ᠶ᠎ᠠ︕ ᠦᠨᠳᠦᠰᠦᠳᠠᠨ ᠤ ᠪᠠᠨ ᠴᠠᠭ ᠦᠶ᠎ᠡ ᠶᠢᠨ ᠣᠳᠤᠨ ᠪᠣᠯᠤᠭᠰᠠᠨ ᠰᠠᠢ᠌ᠨ ᠰᠢᠯᠦᠭ᠌ ᠶᠢᠡᠨ ᠪᠢᠴᠢᠵᠤ ᠭᠡᠵᠢᠶᠡᠳᠡ ᠪᠣᠰᠤᠳ ᠲᠡᠶ ᠵᠡᠷᠭᠡᠴᠡᠵᠤ ᠶᠠᠪᠣᠶ᠎ᠠ ︕ ᠳᠡᠯᠡᠭᠡᠢ ᠶᠢᠨ ᠰᠢᠯᠦᠭ᠌ ᠤᠨ ᠭᠢᠷᠢ ᠭᠡᠮᠵᠢᠶᠡᠨ ᠤ ᠲᠦᠪᠰᠢᠨ ᠳᠤ ᠭᠦᠷᠦᠭ᠍ᠰᠡᠨ ᠰᠢᠯᠦᠭ᠌ ᠤᠨ ᠰᠠᠢ᠌ᠨ ᠢ ᠵᠤᠬᠢᠶᠠᠨ ᠪᠦᠳᠦᠭᠡᠭᠦ ᠶᠢᠨ ᠲᠦᠯᠦᠭᠡ ᠴᠢᠳᠠᠯ ᠶᠢᠡᠨ ᠭᠠᠷᠭᠠᠵᠤ ᠴᠢᠮᠦᠭᠡ ᠪᠠᠨ ᠳᠡᠵᠢᠭᠡᠵᠤ ᠶᠠᠪᠣᠶ᠎ᠠ ︕ ᠰᠢᠯᠦᠭ᠌ ᠪᠢᠴᠢᠭᠦ ᠡᠷᠳᠡᠮ ᠳᠤ ᠦᠨᠡᠩᠬᠦ ᠴᠠᠭᠠᠷᠠᠪᠠᠯ ᠰᠢᠯᠦᠭ᠌ ᠪᠢᠴᠢᠭ᠍ᠴᠢ ᠶᠢ ᠰᠢᠯᠦᠭ᠌ ᠯᠠᠪᠳᠠᠢ ᠭᠤᠮᠤᠳᠠᠭᠠᠬᠤ ᠦᠭᠡᠶ ᠶᠤᠮ ᠭᠡᠵᠤ ᠰᠢᠯᠦᠭ᠌ ᠪᠢᠴᠢᠭᠦ ᠡᠷᠳᠡᠮ ᠰᠤᠷᠤᠶ᠎ᠠ ︕


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠬᠤᠪᠣᠭᠰᠠᠢ᠌ᠷᠢ

ᠵᠤᠬᠢᠶᠠᠭᠴᠢ᠄ ᠳ᠋·ᠨᠠᠮᠵᠠᠪ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 6285
ᠴᠠᠭ᠄ 2011 ᠤᠨ ᠤ 07 ᠰᠠᠷ᠎ᠠ ᠶᠢᠨ 08