ᠮᠠᠨᠠᠢ᠌ᠬᠢᠳ ᠴᠢᠨᠢ ᠶᠠᠭᠤ ᠬᠢᠵᠡᠭᠡᠳᠡᠭ ᠤᠯᠤᠰ ᠪᠤᠢ︖

ᠨᠢᠭᠡ᠂ ᠪᠢᠳᠠ ᠴᠢᠨᠢ ᠰᠥᠰᠦᠭ᠌ ᠪᠢᠰᠢᠷᠠᠯ ᠲᠡᠶ ᠣᠯᠤᠰ

ᠪᠢᠳᠠᠨ ᠤ ᠳᠡᠭᠡᠳᠦᠰ ᠠᠯᠢ ᠣᠵᠤᠭᠤᠷ ᠡᠴᠠ ᠪᠠᠨ ᠡᠭᠢᠯᠡᠭᠡᠤᠨ ᠪᠦᠭᠡ (buee) ᠶᠢᠨ ᠱᠠᠰᠢᠨ ᠢ ᠰᠢᠳᠦᠭ᠍ᠰᠡᠭᠡᠷ ᠢᠷᠠᠵᠠᠢ᠃ ᠰᠢᠷ᠎ᠠ ᠶᠢᠨ ᠱᠠᠰᠢᠨ ᠤ ᠠᠭᠠᠵᠢᠮ ᠶᠢᠡᠷ ᠰᠢᠮᠡᠳᠦᠭᠦ ᠶᠢ ᠳᠠᠭᠠᠯᠳᠤᠨ ᠨᠤᠶᠠᠷᠬᠠᠭᠴᠢᠳ ᠤᠨ ᠨᠤᠶᠠᠷᠬᠠᠯ ᠤᠨ ᠵᠡᠪᠰᠡᠭ᠌ ᠪᠣᠯᠤᠨ ᠠᠰᠢᠭᠯᠠᠭᠳᠠᠭᠰᠠᠨ ᠡᠴᠠ ᠠᠪᠣᠭᠠᠤᠨ ᠪᠣᠷᠬᠠᠨ ᠤ ᠱᠠᠰᠢᠨ ᠰᠡᠷᠭᠦᠨ ᠮᠠᠠᠳᠤᠵᠤ ᠪᠦᠭᠡ ᠶᠢᠨ ᠱᠠᠰᠢᠨ ᠢ ᠪᠦᠷᠢᠨ ᠣᠷᠤᠯᠠᠬᠤ ᠭᠡᠮᠵᠢᠶᠡᠨ ᠳᠤ ᠭᠦᠷᠦᠭ᠍ᠰᠡᠨ ᠪᠠᠢ᠌ᠪᠠ᠃ ᠳᠡᠭᠡᠯ᠎ᠡ ᠴᠤ ᠠᠷᠠᠤᠨ ᠤᠨ ᠰᠠᠤᠠᠭᠢᠯ ᠳᠤ ᠭᠦᠨ ᠥᠡᠳᠦᠰᠦᠯᠡᠭ᠍ᠰᠡᠨ ᠪᠦᠭᠡ ᠶᠢᠨ ᠱᠠᠰᠢᠨ ᠦᠨᠳᠦᠰᠦ ᠨᠢ ᠳᠠᠰᠤᠷᠠᠭ᠎ᠠ ᠦᠭᠡᠶ᠂ ᠳᠡᠭ᠍ᠷᠢ ᠭᠠᠵᠠᠷ ᠳᠠᠭᠢᠬᠤ᠂ ᠣᠪᠣᠭ᠎ᠠ ᠱᠠᠩᠰᠢ ᠶᠢᠨ ᠳᠠᠭᠢᠯᠭ᠎ᠠ ᠮᠠᠳᠤ ᠶᠢᠨ ᠪᠠᠢ᠌ᠭᠠᠯᠢ ᠶᠢ ᠳᠡᠭᠡᠳᠦᠯᠡᠭᠦ ᠣᠳᠤᠮᠰᠢᠯ ᠶᠢᠡᠨ ᠦᠶ᠎ᠡ ᠶᠢᠨ ᠦᠶ᠎ᠡ ᠵᠠᠯᠭᠠᠮᠵᠢᠯᠠᠨ ᠪᠠᠳᠠᠷᠠᠭᠤᠯᠤᠭᠰᠠᠭᠠᠷ ᠢᠷᠠᠵᠠᠢ᠃ ᠱᠠᠰᠢᠨ ᠰᠢᠳᠦᠯᠭᠡ ᠨᠢ ᠬᠠᠭᠤᠴᠢᠨ ᠣᠳᠤᠮᠰᠢᠯ ᠶᠢᠡᠨ ᠪᠠᠳᠠᠷᠠᠭᠤᠯᠤᠭᠰᠠᠨ ᠨᠢᠭᠡ ᠳᠠᠯ᠎ᠠ ᠪᠠᠢ᠌ᠯ᠎ᠠ ᠴᠤ᠂ ᠣᠶᠤᠨ ᠰᠠᠨᠠᠭᠠᠨ ᠤ ᠬᠠᠷ᠎ᠠ ᠳᠠᠮᠠᠭᠢ ᠪᠣᠯᠬᠤ ᠨᠥᠭᠦᠭᠡ ᠨᠢᠭᠡ ᠨᠠᠵᠠᠭᠠᠢ ᠳᠠᠯ᠎ᠠ ᠨᠢ ᠣᠤᠯ ᠭᠡᠪ ᠶᠢᠡᠷ ᠣᠷᠤᠰᠢᠭᠰᠠᠭᠠᠷ ᠪᠠᠢ᠌ᠭ᠎ᠠ ᠠᠵᠢ᠃

ᠳᠦᠷᠦᠭᠦᠤ ᠭᠡᠳᠤᠨ ᠵᠢᠯ᠂ ᠯᠢᠠᠰᠢ ᠳᠤ ᠨᠢᠭᠡ ᠰᠢᠳᠦᠭᠡᠡᠳᠤ ᠠᠭᠤᠢ ᠢᠯᠠᠷᠠᠵᠠᠢ ᠭᠡᠰᠡᠨ ᠴᠢᠮᠡᠭᠡ ᠳᠤᠭᠤᠯᠳᠠᠮᠠᠭᠴᠠ ᠪᠦᠭᠦᠳᠡᠭᠡᠷ ᠳᠡᠭᠦᠨ ᠤ ᠷᠢᠳᠢ ᠰᠢᠳᠢ ᠶᠢ ᠭᠡᠳᠦᠷᠭᠡᠢ ᠥᠰᠭᠡᠨ ᠳᠦᠰᠭᠡᠨ ᠲᠡᠶ ᠣᠯᠠᠮᠵᠢᠯᠠᠵᠤ᠂ ᠭᠡᠦᠭᠡᠤᠨ ᠶᠢᠡᠨ ᠭᠦᠳᠦᠯᠤᠨ ᠨᠢᠯᠬᠠᠰ ᠶᠢᠡᠨ ᠳᠦᠭᠦᠷᠡᠵᠤ ᠨᠠᠰᠤᠳᠠᠤᠨ ᠶᠢᠡᠨ ᠲᠦᠰᠢᠯᠳᠤᠨ ᠠᠭᠤᠢ ᠳᠤ ᠮᠥᠷᠭᠦᠭᠦ ᠪᠠᠷ ᠳᠠᠪᠵᠢᠶᠠᠷᠠᠯ᠎ᠠ ᠰᠢᠤ᠃

ᠳᠠᠷᠠ ᠨᠢ ᠨᠢᠭᠡ ᠵᠡᠯᠢᠭᠦᠤᠨ ᠠᠭᠤᠯᠠᠨ ᠬᠠᠪᠴᠢᠯ ᠳᠤᠳᠤᠷᠠᠭᠢ ᠠᠭᠤᠯᠠᠨ ᠪᠠᠯ ᠳᠤ ᠴᠤᠭᠤᠯᠤᠭᠰᠠᠨ ᠬᠠᠳᠠᠨ ᠠᠭᠤᠢ ᠶᠤᠮ᠂ ᠣᠷᠢᠳᠤ ᠳᠠᠭᠠᠨ ᠭᠤᠷᠪᠠᠨ ᠳᠢᠶᠠᠠᠴᠢ ᠨᠤᠮ ᠳᠤ ᠰᠠᠭᠤᠵᠤ ᠪᠢᠰᠢᠯᠭᠠᠯ ᠭᠢᠵᠤ ᠥᠩᠭᠡᠷᠡᠵᠡᠢ᠃ ᠡᠨᠡ ᠠᠭᠤᠢ ᠨᠢ ᠭᠡᠨᠡᠳᠲᠡ ᠨᠢᠭᠡᠨ ᠡᠳᠦᠷ ᠰᠢᠳᠢ ᠣᠷᠤᠰᠢᠭᠠᠤᠨ ᠰᠥᠵᠢᠭᠯᠡᠵᠤ ᠳᠠᠭᠠᠤᠠᠬᠠᠭᠰᠠᠤᠨ ᠲᠤ ᠬᠤᠪᠢᠯᠭᠠᠨ ᠦᠷᠢᠯ ᠭᠦᠷᠳᠡᠭᠡᠭᠦ ᠪᠣᠯᠤᠭᠰᠠᠨ ᠭᠡᠭᠦ ᠳᠤᠯᠠ ᠣᠯᠠᠨ ᠠᠷᠪᠢᠨ ᠰᠥᠰᠦᠭ᠍ᠳᠡᠳ ᠭᠦᠯ ᠭᠦᠭᠡᠷᠴᠡᠭ᠌ ᠪᠣᠯᠵᠠᠭᠠᠨ ᠡᠯᠵᠢᠭᠡ ᠮᠤᠷᠢᠨ ᠳᠡᠷᠭᠡ ᠪᠠᠷ ᠴᠤᠪᠣᠴᠠᠭᠠᠬᠤ ᠪᠣᠯᠪᠠ᠃ ᠭᠦᠮᠦᠰ ᠠᠭᠤᠢ ᠳᠤᠳᠤᠷ᠎ᠠ ᠭᠦᠵᠢ ᠠᠰᠠᠭᠠᠨ ᠳᠠᠭᠢᠯ ᠳᠠᠪᠢᠯᠭ᠎ᠠ ᠪᠠᠨ ᠡᠷᠭᠦᠭᠡᠤᠨ ᠬᠤᠷᠢᠨ ᠨᠢᠭᠡᠨ ᠭᠡᠰᠡᠭ᠌ ᠰᠢᠷ᠎ᠠ ᠴᠠᠭᠠᠰᠤ ᠪᠠᠨ ᠳᠡᠯᠭᠡᠭᠡᠤᠨ ᠰᠥᠭᠦᠳᠤᠨ ᠮᠥᠷᠭᠦᠵᠤ ᠪᠠᠢ᠌ᠳᠠᠯ᠎ᠠ ᠳᠡᠯᠭᠡᠭ᠍ᠰᠡᠨ ᠴᠠᠭᠠᠰᠤᠨ ᠳᠡᠭᠡᠷ᠎ᠡ ᠨᠢ ᠡᠷᠳᠡᠨᠢ ᠶᠢᠨ ᠦᠷᠢᠯ ᠪᠠᠭᠤᠴᠢᠬᠠᠳᠠᠭ ᠶᠤᠮ ᠭᠡᠨ᠎ᠡ᠃ ᠦᠨᠡᠨ ᠳᠡᠭᠡᠨ ᠶᠠᠮᠠᠷᠴᠤ 《ᠦᠷᠢᠯ》 ᠪᠠᠭᠤᠬᠤ ᠦᠭᠡᠶ ᠪᠠᠢ᠌ᠭᠰᠠᠨ ᠪᠣᠯᠪᠠᠴᠤ ᠣᠳᠠᠭᠠᠨ ᠣᠨ ᠳᠤᠭᠤᠰᠤ ᠰᠢᠷᠤᠢ ᠳᠠᠭᠰᠢᠭᠰᠠᠨ ᠠᠭᠤᠢ ᠶᠤᠮ ᠬᠣᠢ᠌ᠨ᠎ᠠ ᠳᠡᠯᠭᠡᠭ᠍ᠰᠡᠨ ᠴᠠᠭᠠᠰᠤᠨ ᠳᠡᠭᠡᠷ᠎ᠡ ᠨᠢ ᠰᠢᠷᠤᠢ ᠳᠤᠭᠤᠰᠤ ᠴᠢᠮᠭᠢ ᠴᠢᠮᠭᠢ ᠪᠠᠷ ᠣᠨᠠᠳᠠᠭ ᠯᠠ ᠪᠠᠢ᠌ᠵᠠᠢ᠃ ᠭᠡᠳᠡᠯ᠎ᠡ ᠰᠥᠵᠢᠭ᠍ᠳᠡᠳ ᠡᠭᠦᠨ ᠢ ᠪᠣᠷᠬᠠᠨ ᠰᠠᠭᠢᠭᠤᠯᠰᠤᠨ ᠡᠴᠠ ᠭᠦᠷᠳᠡᠭᠡᠭ᠍ᠰᠡᠨ ᠰᠢᠳᠢᠳᠤ ᠡᠮ ᠪᠣᠯᠭᠠᠵᠤ ᠪᠠᠭᠯᠠᠵᠤ ᠠᠪᠠᠴᠢᠭᠠᠤᠨ ᠣᠤᠭᠤᠵᠤ ᠪᠣᠢ ᠠᠵᠢ᠃ ᠮᠠᠨᠠᠢ᠌ᠬᠢᠳ ᠴᠢᠨᠢ ᠡᠢ᠌ᠮᠤ ᠶᠠᠭᠤᠮ᠎ᠠ ᠶᠢ ᠢᠳᠡᠭᠡᠭᠡᠤᠨ ᠰᠢᠳᠦᠭᠡᠡᠴᠢᠯᠡᠨ ᠣᠤᠭᠤᠵᠤ ᠪᠠᠢ᠌ᠭᠠᠤᠨ ᠵᠠᠰᠠᠯᠭ᠎ᠠ ᠶᠢ ᠨᠢ ᠰᠠᠭᠠᠳᠤᠭᠠᠭᠠᠤᠨ᠂ ᠬᠠᠮᠤᠭ ᠰᠡᠭᠦᠯ ᠳ᠋ᠤᠨᠢ ᠬᠠᠳᠠᠨ ᠭᠡᠷ ᠳᠤᠨᠢ ᠵᠠᠯᠠᠭᠠᠤᠨ ᠰᠠ‍‌ᠶᠢ ᠰᠠᠨᠠᠭ᠎ᠠ ᠨᠢ ᠠᠮᠤᠷᠴᠤ ᠠᠭᠤᠢ ᠳᠤ ᠰᠢᠳᠦᠭᠦ ᠪᠠᠨ ᠵᠤᠭᠰᠤᠭᠰᠠᠨ ᠪᠠᠢ᠌ᠪᠠ᠃ ᠡᠢ᠌ᠮᠤ ᠪᠠᠢ᠌ᠳᠠᠯ᠎ᠠ ᠪᠠᠨ ᠨᠡᠷᠡᠰᠡᠭ᠌ ᠯᠠᠷᠵᠢᠶᠠᠳᠠᠢ ᠮᠠᠨᠠᠢ᠌ᠭᠢᠨ ᠴᠢᠨᠢ ᠶᠠᠮᠠᠷ ᠶᠠᠮᠠᠷ ᠥᠩᠭᠡᠳᠡᠢ ᠦᠷᠢᠯ ᠣᠯᠵᠤ ᠣᠤᠭᠤᠭᠠᠤᠨ ᠠᠯᠢ ᠠᠯᠢ ᠡᠪᠠᠦᠡᠴᠢᠨ ᠨᠢ ᠡᠳᠡᠭᠡᠷᠡᠴᠢᠭᠡᠯ᠎ᠡ ᠭᠡᠵᠤ ᠦᠯᠢᠶᠠᠨ ᠣᠩᠭᠢᠷᠠᠳᠠᠭ ᠪᠠᠢ᠌ᠵᠠᠢ᠃ ᠢᠩᠭᠢᠵᠤ ᠭᠦᠮᠤᠨ ᠤ ᠦᠪᠡᠷ ᠤᠨ ᠭᠢᠨ ᠢ ᠬᠤᠳᠠᠯ ᠭᠡᠯᠡᠵᠤ ᠪᠠᠢ᠌ᠭᠠᠤᠨ ᠦᠪᠡᠷ᠎ᠠ ᠪᠣᠰᠤᠳ ᠢ ᠪᠠᠨ ᠪᠠᠰᠠ ᠪᠠᠯᠠᠢ ᠰᠥᠵᠢᠭ᠌ ᠣᠷᠤᠭᠤ ᠭᠦᠳᠦᠯᠡᠳᠡᠭ᠌ ᠡᠷᠭᠢᠭᠦᠤ ᠠᠮᠢᠳᠠᠤᠨ ᠪᠣᠯ ᠮᠠᠨᠠᠢ᠌ᠬᠢᠳ ᠯᠠ ᠪᠠᠢ᠌ᠯ᠎ᠠ᠃

ᠨᠢᠳᠤᠨᠤᠨ ᠵᠢᠯ᠂ ᠭᠦᠭᠡ ᠨᠢᠷᠤᠭᠤ ᠳᠤ ᠪᠣᠷᠤ ᠰᠢᠷ᠎ᠠ ᠶᠢ ᠵᠠᠰᠠᠵᠤ ᠠᠷᠢᠭᠢᠨ ᠡᠴᠠ ᠭᠠᠷᠭᠠᠴᠢᠬᠠᠳᠠᠭ ᠡᠷᠳᠡᠮᠳᠡᠢ ᠢᠳᠤᠭᠠᠨ ᠮᠠᠠᠳᠤᠯᠠᠯ᠎ᠠ ᠭᠡᠰᠡᠨ ᠴᠤᠤ ᠮᠠᠠᠳᠤᠮᠠᠭᠴᠠ ᠮᠠᠨᠠᠢ᠌ᠭᠢᠳ ᠴᠢᠨᠢ ᠪᠦᠭᠦᠳᠡᠭᠡᠷ ᠭᠦᠯ ᠪᠣᠯᠵᠠᠭᠠᠯ᠎ᠠ᠃ ᠪᠢᠳᠠᠨᠤᠰ ᠴᠢᠨᠢ ᠳᠠᠯ᠎ᠠ ᠶᠢᠨ ᠰᠤᠷᠭᠤᠭ ᠠᠭᠠᠷ ᠢ ᠠᠮᠢᠰᠬᠤᠯᠠᠨ ᠳᠠᠷᠠᠭ ᠠᠢ᠌ᠷᠠᠭ ᠵᠠᠯᠭᠢᠯᠠᠭᠰᠠᠭᠠᠷ ᠪᠠᠢ᠌ᠭᠠᠤᠨ ᠳᠠᠮᠠᠢ ᠡᠪᠠᠦᠡᠴᠢᠨ ᠠᠷᠬᠠᠭ ᠳᠤᠰᠬᠤ ᠦᠭᠡᠶ ᠪᠣᠯᠪᠠᠴᠤ ᠳᠤᠵᠢ ᠳᠠᠭᠠᠨ ᠠᠷᠢᠭᠢ ᠪᠠᠷ ᠣᠭᠵᠢᠭᠤᠯᠤᠭᠰᠠᠭᠠᠷ ᠪᠠᠢ᠌ᠭᠠᠤᠨ ᠠᠷᠢᠭᠢᠨ ᠪᠣᠷᠤ ᠭᠦᠮᠤᠨ ᠪᠦᠭᠦᠨ ᠡᠴᠠ ᠰᠠᠯᠬᠤ ᠦᠭᠡᠶ ᠳᠠᠭᠠᠯᠳᠤᠬᠤ ᠪᠣᠯᠤᠭᠰᠠᠨ ᠡᠨᠡ ᠡᠷᠡᠨ ᠳᠤ ᠡᠨᠡ ᠨᠢ ᠶᠠᠷᠢᠶᠠᠨ ᠦᠭᠡᠶ ᠰᠠᠢ᠌ᠨ ᠴᠢᠮᠡᠭᠡ ᠪᠠᠢ᠌ᠯ᠎ᠠ᠃ ᠳᠡᠭᠡᠭᠦ ᠳᠤ ᠢᠳᠤᠭᠠᠨ ᠡᠮᠡᠭᠡᠨ ᠴᠤ ᠣᠯᠠᠨ ᠤ ᠭᠤᠷᠢᠳᠠᠯ ᠢ ᠭᠦᠰᠡᠷᠳᠡᠭᠦᠯᠦᠭ᠍ᠰᠡᠨ ᠦᠭᠡᠶ᠂ ᠵᠠᠰᠠᠭᠤᠯᠬᠤ ᠪᠠᠷ ᠢᠷᠡᠭ᠍ᠰᠡᠳ ᠢ ᠳᠤᠰᠠᠭᠠᠷ ᠭᠡᠷ ᠲᠤ ᠣᠷᠤᠭᠤᠯᠵᠤ᠂ ᠮᠠᠳᠠᠷᠠᠭᠰᠠᠨ ᠭᠢᠮᠤᠰᠤ ᠲᠡᠶ᠂ ᠵᠤᠵᠠᠭᠠᠨ ᠬᠠᠷ᠎ᠠ ᠰᠠᠢ᠌ᠷᠢ ᠲᠡᠶ ᠭᠦᠯ ᠶᠢᠡᠨ ᠰᠤᠯᠪᠢᠵᠤ ᠨᠢᠳᠤ ᠠᠨᠢᠨ ᠵᠠᠯᠪᠠᠷᠢᠵᠤ ᠰᠠᠭᠤᠭᠠᠤᠨ ᠡᠪᠠᠦᠡᠴᠢᠨ ᠤ ᠪᠠᠢ᠌ᠳᠠᠯ ᠢ ᠯᠠᠪᠯᠠᠵᠤ ᠠᠰᠠᠭᠤᠭᠰᠠᠨ ᠤ ᠬᠣᠢ᠌ᠨ᠎ᠠ ᠨᠢᠭᠡ ᠠᠶᠠᠭ᠎ᠠ ᠪᠣᠯᠠᠩᠭᠢᠷ ᠲᠡᠶ ᠣᠰᠤ ᠣᠤᠭᠤᠯᠭᠠᠨ᠎ᠠ᠃ ᠳᠠᠷᠠᠭ᠎ᠠ ᠨᠢ ᠡᠪᠴᠢᠭᠦᠨ ᠳᠡᠭᠡᠷ᠎ᠡ ᠨᠢ ᠭᠡᠳᠤ ᠢᠯᠢᠭᠡᠤᠨ ᠮᠠᠬᠠᠢ ᠶᠢᠨ ᠣᠯᠠ ᠪᠠᠷ ᠶᠢᠡᠨ ᠮᠠᠩᠨᠠᠢ ᠳᠡᠭᠡᠷ᠎ᠡ ᠨᠢ ᠳᠤᠯᠤᠭ᠎ᠠ ᠠᠯᠠᠭᠠᠳᠤᠨ᠎ᠠ᠃ ᠢᠩᠭᠢᠵᠤ ᠪᠠᠷᠠᠭᠠᠤᠨ ᠨᠢᠭᠡ ᠠᠶᠠᠭ᠎ᠠ ᠴᠠᠪᠠᠷ ᠣᠰᠤ ᠭᠢᠵᠤ᠂ ᠭᠦᠯ ᠤᠨ ᠰᠠᠭᠠᠷᠢ ᠡᠴᠠ ᠪᠠᠨ ᠨᠢᠭᠡ ᠴᠢᠮᠭᠢ ᠬᠤᠯᠳᠤᠯᠤᠨ ᠠᠪᠣᠭᠠᠤᠨ ᠠᠶᠠᠭᠠᠨ ᠳᠤ ᠭᠢᠭᠡᠤᠨ ᠬᠤᠤᠠᠬᠤᠨ᠎ᠠ᠂ ᠢᠩᠭᠢᠭᠡᠤᠨ ᠰᠠ‍‌ᠶᠢ ᠳᠠᠷᠠᠭᠠᠭᠢ ᠭᠦᠮᠤᠨ ᠢ ᠣᠷᠤᠭᠤᠯᠳᠠᠭ ᠪᠠᠢ᠌ᠯ᠎ᠠ᠃ ᠳᠡᠢ᠌ᠮᠦᠷᠭᠦᠤ ᠪᠣᠵᠠᠷ ᠰᠢᠪᠠᠷᠢ ᠲᠡᠶ ᠣᠰᠤ ᠣᠤᠭᠤᠭᠰᠠᠨ ᠶᠢᠡᠨ ᠣᠯᠵᠤ ᠮᠡᠳᠡᠭ᠍ᠰᠡᠨ ᠪᠦᠭᠦᠨ ᠳᠡᠰᠭᠡᠯ ᠦᠭᠡᠶ ᠣᠭᠰᠢᠭᠤᠯᠵᠤ ᠪᠦᠭᠡᠯᠵᠢᠭᠦᠯᠳᠡᠭ᠌ ᠪᠠᠢ᠌ᠨ᠎ᠠ᠃ ᠱᠣᠢ᠌ᠱᠤᠭ ᠤᠨ ᠰᠢᠪᠠᠷᠢ ᠲᠡᠶ ᠣᠰᠤ ᠣᠤᠭᠤᠵᠤ᠂ ᠮᠠᠩᠨᠠᠢ ᠳᠡᠭᠡᠷ᠎ᠡ ᠪᠠᠨ ᠮᠠᠬᠠᠢ᠌ᠳᠠᠭᠤᠯᠤᠭᠰᠠᠤᠨ ᠭᠡᠢ᠌ᠮᠦᠷᠢ ᠭᠡᠪᠳᠡᠨ᠎ᠡ ᠭᠡᠮᠡᠨ ᠶᠡᠭᠡᠳᠡ ᠵᠢᠭ᠍ᠰᠢᠨ ᠰᠡᠵᠢᠭᠯᠡᠭᠡᠤᠨ ᠰᠢᠳᠤ ᠵᠠᠭᠤᠵᠤ ᠪᠠᠢ᠌ᠭᠠᠤᠨ ᠠᠷᠢᠭᠢ ᠶᠢ ᠴᠡᠭᠡᠷᠯᠡᠳᠡᠭ᠌ ᠡᠴᠠ ᠢᠳᠤᠭᠠᠨ ᠡᠮᠡᠭᠡᠨ ᠤ ᠠᠯᠳᠠᠷ ᠶᠡᠭᠡ ᠮᠠᠠᠳᠤᠵᠠᠢ᠃ ᠡᠢ᠌ᠮᠤ ᠵᠠᠰᠠᠯ ᠭᠢᠯᠭᠡᠭ᠍ᠰᠡᠳ ᠢᠴᠢᠭᠦᠷᠢ ᠡᠴᠠ ᠠᠶᠤᠵᠤ ᠥᠭᠡᠷ᠎ᠡ ᠪᠣᠰᠤᠳ ᠲᠠᠭᠠᠨ ᠵᠠᠰᠠᠭᠤᠯᠤᠭᠰᠠᠨ ᠥᠩᠭᠡᠷᠡᠯᠳᠡ ᠪᠠᠨ ᠭᠡᠯᠡᠭᠦ ᠦᠭᠡᠶ ᠮᠥᠷᠳᠡᠭᠡᠨ᠂ ᠪᠣᠵᠠᠷ ᠣᠰᠤ ᠣᠤᠭᠤᠭᠰᠠᠨ ᠶᠢᠡᠨ ᠭᠡᠳᠡᠷᠭᠦ ᠪᠣᠷᠬᠠᠨ ᠤ ᠰᠢᠭᠦᠰᠤ ᠭᠦᠷᠳᠡᠯ᠎ᠡ ᠭᠡᠵᠤ ᠭᠠᠢ᠌ᠬᠠᠭᠤᠯᠵᠤ ᠯᠠ ᠶᠠᠪᠣᠳᠠᠭ ᠶᠤᠮ ᠰᠢᠤ ᠮᠠᠨᠠᠢ᠌ᠭᠢᠳ ᠴᠢᠨᠢ︕ ᠢᠩᠭᠢᠭᠡᠤᠨ ᠰᠢᠮᠠᠵᠤ ᠣᠤᠭᠤᠳᠠᠭ ᠰᠠᠷᠬᠤᠤᠨ ᠡᠴᠠ ᠪᠠᠨ ᠰᠠᠯᠬᠤ ᠭᠡᠵᠤ ᠰᠢᠪᠠᠷᠢ ᠲᠡᠶ ᠣᠰᠤ ᠠᠮᠰᠠᠳᠠᠭ ᠶᠠᠭᠤᠮᠠᠰ ᠤᠳ ᠴᠢᠨᠢ ᠠᠷᠢᠭᠢ ᠪᠠᠨ ᠵᠤᠭᠰᠤᠭᠰᠠᠭᠠᠷ ᠯᠠ ᠠᠯᠢᠪᠠ ᠪᠣᠷᠤ ᠰᠢᠷ᠎ᠠ ᠶᠢᠨ ᠠᠷᠬᠠᠭ ᠨᠢ ᠪᠦᠷᠢᠨ ᠠᠷᠢᠯᠵᠤ ᠬᠤᠭᠤᠯᠠᠨ ᠳᠤ ᠣᠷᠤᠭᠠᠤᠨ ᠭᠡᠭᠡᠯ ᠭᠠᠷᠬᠤ ᠨᠢ ᠳᠠᠷᠠ᠃ ᠭᠡᠷ ᠤᠨ ᠡᠵᠡᠭ᠍ᠳᠡᠢ ᠴᠤ ᠡᠷ᠎ᠡ ᠨᠥᠭᠦᠷ ᠨᠢ 《ᠰᠢᠳᠢᠳᠤ ᠡᠮ》 ᠤᠨ ᠠᠰᠢᠭ ᠢ ᠭᠦᠷᠳᠡᠯ᠎ᠡ ᠭᠡᠵᠤ ᠣᠯᠠᠮ ᠶᠡᠭᠡ ᠰᠥᠵᠢᠭᠯᠡᠭᠦ ᠪᠣᠯᠳᠠᠭ ᠴᠤ᠂ ᠡᠷ᠎ᠡ ᠨᠥᠭᠦᠷ ᠤᠨ ᠭᠢᠨᠢ ᠰᠠᠤᠠᠭᠢᠯ ᠳᠤ ᠮᠠᠳᠠᠷᠠᠭᠰᠠᠨ ᠭᠢᠮᠤᠰᠤ ᠰᠠᠢ᠌ᠷ ᠲᠡᠶ ᠭᠦᠯ ᠠᠷᠪᠠᠯᠵᠠᠵᠤ ᠳᠤᠷ᠎ᠠ ᠪᠣᠯᠭᠢᠭᠤᠯᠵᠤ ᠭᠠᠷᠤᠳᠠᠭ ᠰᠠᠨ᠃

ᠰᠡᠭᠦᠯᠡᠷ ᠨᠢ ᠰᠤᠨᠤᠰᠬᠤ ᠳᠤ᠂ ᠦᠨᠦ ᠢᠳᠤᠭᠠᠨ ᠡᠮ᠎ᠡ ᠨᠢ ᠮᠠᠳᠠᠷᠠᠯ ᠤᠨ ᠡᠪᠠᠦᠡᠴᠢᠨ ᠲᠡᠶ ᠰᠤᠯᠢᠶᠠᠳᠤ ᠪᠠᠢ᠌ᠵᠠᠢ᠃ ᠪᠣᠷᠤᠭᠤ ᠪᠠᠷ ᠡᠷᠭᠢᠭ᠍ᠰᠡᠨ ᠡᠨᠡ ᠬᠤᠷᠸ᠎ᠠ ᠴᠢᠨᠢ ᠰᠤᠯᠢᠶᠠᠳᠤ ᠨᠢ ᠬᠠᠷᠢᠨ ᠡᠷᠡᠭᠦᠯ ᠭᠦᠮᠤᠨ ᠶᠢᠡᠨ ᠵᠠᠰᠠᠴᠢᠬᠠᠳᠠᠭ ᠪᠠᠢ᠌ᠵᠠᠢ᠃

ᠬᠤᠶᠠᠷ᠂ ᠮᠠᠨᠠᠢ᠌ᠭᠢᠳ ᠪᠣᠯ ᠨᠠᠢ᠌ᠷᠠᠰᠠᠭ ᠣᠯᠤᠰ

ᠡ᠊ᠨᠳᠡ ᠭᠡᠯᠡᠵᠤ ᠪᠦᠭᠦᠢ 《ᠨᠠᠢ᠌ᠷᠠᠰᠠᠭ》 ᠪᠣᠯ ᠨᠡᠢ᠌ᠭᠡᠮ ᠤᠨ ᠬᠠᠷᠢᠯᠴᠠᠭᠠᠨ ᠳᠤᠮᠳᠠ ᠶᠠᠷᠢᠭᠳᠠᠳᠠᠭ ᠡᠶᠡᠯᠰᠡᠭ᠌ ᠵᠠᠩ ᠢ ᠭᠡᠯᠡᠵᠤ ᠪᠠᠢ᠌ᠭ᠎ᠠ ᠪᠢᠰᠢ᠂ ᠬᠠᠷᠢᠨ ᠬᠤᠷᠢᠮ ᠨᠠᠢ᠌ᠷ ᠲᠤ ᠭᠡᠢ ᠲᠡᠶ ᠬᠤᠷᠮᠤᠢ ᠭᠡᠢ᠌ᠰᠭᠡᠳᠡᠭ᠌ ᠵᠠᠩ ᠢ ᠭᠡᠯᠡᠵᠤ ᠪᠣᠢ᠃ ᠶᠡᠭᠡ ᠳᠠᠯ᠎ᠠ ᠶᠢᠨ ᠨᠡᠭᠦᠳᠡᠯᠴᠢᠳ ᠮᠠᠯᠵᠢᠬᠤ ᠠᠮᠢᠳᠤᠷᠠᠯ ᠤᠨ ᠴᠢᠬᠤᠯᠠᠴᠢᠯᠭ᠎ᠠ ᠡᠴᠠ ᠪᠣᠯᠵᠤ ᠣᠰᠤᠨ ᠤ ᠳᠤᠩᠭ᠋ᠠᠯᠠᠭ ᠢ ᠰᠤᠩᠭ᠋ᠤᠨ ᠡᠪᠠᠰᠤᠨ ᠤ ᠰᠤᠷᠭᠤᠭ ᠢ ᠰᠢᠯᠢᠵᠤ ᠣᠳᠤᠷᠯᠠᠨ ᠨᠡᠭᠦᠵᠤ ᠠᠮᠢᠳᠤᠷᠠᠳᠠᠭ ᠡᠴᠠ ᠴᠢᠮᠡᠭᠡ ᠵᠠᠩᠭᠢ ᠨᠡᠪᠳᠡᠷᠡᠭᠦ ᠦᠭᠡᠶ᠂ ᠨᠡᠢ᠌ᠭᠡᠮ ᠤᠨ ᠬᠠᠷᠢᠯᠴᠠᠭ᠎ᠠ ᠳᠣᠢ᠌ᠯ ᠤᠨ ᠳᠦᠭ᠍ᠵᠢᠭ᠍ᠳᠡᠮᠡᠯ ᠪᠠᠢ᠌ᠵᠠᠢ᠃ ᠬᠠᠶᠠ ᠬᠠᠶᠠ ᠶᠠᠪᠣᠭᠳᠠᠬᠤ ᠸᠠᠩ ᠭᠦᠩ᠂ ᠭᠡᠭᠡᠨ ᠬᠤᠳᠤᠭᠳᠤ ᠶᠢᠨ ᠨᠠᠰᠤᠨ ᠪᠠᠶᠠᠷ ᠤᠨ ᠨᠠᠢ᠌ᠷ ᠪᠣᠯᠤᠨ ᠵᠢᠯ ᠳᠤ ᠨᠢᠭᠡ ᠶᠠᠪᠣᠭᠳᠠᠬᠤ ᠣᠪᠣᠭᠠᠨ ᠳᠠᠭᠢᠯᠭ᠎ᠠ ᠶᠢᠨ ᠨᠠᠢ᠌ᠷ ᠨᠢ ᠬᠠᠷᠠᠴᠤ ᠠᠷᠠᠤᠨ ᠤᠨ ᠬᠤᠯᠠ ᠶᠢᠨ ᠲᠦᠷᠦᠯ ᠲᠡᠶ ᠪᠠᠨ ᠠᠭᠤᠯᠵᠠᠨ ᠳᠤᠳᠤᠨᠤ ᠨᠠᠢ᠌ᠵᠠ ᠲᠡᠶ ᠪᠠᠨ ᠵᠤᠯᠭᠠᠯᠴᠠᠬᠤ ᠵᠤᠯ ᠵᠠᠪᠰᠢᠶᠠᠨ ᠪᠣᠯᠬᠤ ᠪᠠᠷ ᠪᠠᠷᠠᠬᠤ ᠦᠭᠡᠶ᠂ ᠠᠷᠠᠯᠵᠢᠶ᠎ᠠ ᠮᠠᠢ᠌ᠮᠠᠢ ᠭᠢᠵᠤ ᠨᠡᠢ᠌ᠭᠡᠮ ᠤᠨ ᠬᠠᠷᠢᠯᠴᠠᠭ᠎ᠠ ᠶᠠᠪᠣᠭᠤᠯᠬᠤ ᠰᠠᠢ᠌ᠨ ᠲᠤᠬᠢᠶᠠᠯ ᠪᠣᠯᠳᠠᠭ ᠪᠠᠢ᠌ᠪᠠ᠃ ᠨᠡᠢ᠌ᠭᠡᠮ ᠭᠦᠭ᠍ᠵᠢᠭᠡᠤᠨ ᠪᠦᠮᠪᠦᠷᠴᠡᠭ᠌ ᠤᠨ ᠴᠠᠭᠠᠨᠠᠭᠢ ᠲᠡᠶ ᠣᠯᠠᠭᠠᠨ ᠨᠢᠭᠤᠷ ᠶᠢᠡᠷ ᠶᠢᠡᠨ ᠵᠤᠭᠤᠭᠳᠠᠴᠢᠬᠤ ᠡᠨᠡ ᠡᠳᠦᠷ᠂ ᠦᠪᠣᠷ ᠮᠤᠩᠭ᠋ᠤᠯ ᠳᠤ ᠨᠡᠭᠦᠳᠡᠯ ᠮᠠᠯᠵᠢᠯ ᠨᠢ ᠰᠤᠶᠤᠯ ᠤᠨ ᠬᠤᠪᠢ ᠡᠴᠠ ᠣᠰᠠᠳᠤᠭᠰᠠᠨ ᠪᠣᠯᠪᠠᠴᠤ ᠨᠠᠢ᠌ᠷ ᠬᠤᠷᠢᠮ ᠨᠢ ᠬᠠᠷᠢᠨ ᠥᠷᠭᠡᠵᠢᠨ ᠳᠡᠯᠡᠭ᠍ᠰᠡᠭᠡᠷ ᠪᠠᠢ᠌ᠵᠤ ᠨᠠᠰᠤᠨ ᠪᠠᠶᠠᠷ ᠤᠨ ᠨᠠᠢ᠌ᠷ᠂ ᠭᠡᠦᠭᠡᠨ ᠥᠭ᠍ᠴᠤ ᠪᠠᠷᠢ ᠪᠠᠭᠤᠯᠭᠠᠬᠤ ᠬᠤᠷᠢᠮ᠂ ᠭᠡᠦᠭᠡᠤᠨ ᠤᠨ ᠣᠢ᠂ ᠥᠷᠪᠦᠯᠭᠡ ᠠᠪᠬᠤ᠁ ᠭᠡᠭᠦᠴᠢᠯᠡᠨ ᠴᠢᠨᠠᠭᠰᠢᠯᠠᠭᠠᠤᠨ ᠵᠡᠷᠭᠡ ᠳᠠᠪᠰᠢᠵᠤ ᠰᠤᠷᠭᠠᠭᠤᠯᠢ ᠳᠤ ᠣᠷᠤᠬᠤ ᠳᠤ ᠴᠤ ᠪᠦᠷ ᠨᠠᠢ᠌ᠷ ᠭᠢᠵᠡᠭᠡᠭᠦ ᠪᠣᠯᠵᠠᠢ᠃ ᠣᠷᠢᠳᠤ ᠳᠠᠭᠠᠨ ᠵᠠᠯᠬᠠᠭᠤ ᠬᠣᠢ᠌ᠷᠭᠤ ᠭᠦᠮᠤᠨ ᠢ 《ᠰᠠᠷ᠎ᠠ ᠰᠠᠷ᠎ᠠ ᠨᠠᠢ᠌ᠷ ᠲᠡᠶ ᠪᠣᠯᠤᠭᠠᠰᠠᠢ᠂ ᠰᠠᠬᠤᠤᠯ ᠮᠠᠢ᠌ᠮᠠᠢ ᠨᠢ ᠴᠤᠪᠣᠷᠠᠬᠤ ᠪᠣᠯᠤᠭᠠᠰᠠᠢ᠃ ᠬᠤᠨᠤᠭ ᠬᠤᠨᠤᠭ ᠬᠤᠷᠢᠮ ᠲᠡᠶ ᠪᠣᠯᠤᠭᠠᠰᠠᠢ᠂ ᠬᠤᠨᠤᠵᠤ ᠥᠡᠵᠢᠭᠦ ᠰᠢᠯᠳᠠᠭ ᠲᠡᠶ ᠪᠠᠢ᠌ᠭᠠᠰᠠᠢ》 ᠭᠡᠵᠤ ᠶᠤᠵᠤᠯᠠᠳᠠᠭ ᠪᠠᠢ᠌ᠭᠰᠠᠨ ᠪᠣᠯ ᠦᠨᠦᠳᠤᠷ ᠡᠨᠡ ᠭᠦᠰᠡᠯ ᠨᠢᠭᠡᠨᠳᠡ ᠪᠠᠶᠠᠯᠠᠵᠤ᠂ ᠨᠠᠢ᠌ᠷ ᠬᠤᠷᠢᠮ ᠵᠠᠯᠭᠠᠯᠳᠤᠭᠠᠤᠨ ᠳᠠᠰᠤᠷᠠᠬᠤ ᠦᠭᠡᠶ ᠪᠣᠯᠪᠠ᠃ ᠡᠳᠡᠭᠡᠷ ᠨᠠᠢ᠌ᠷ ᠬᠤᠷᠢᠮ ᠨᠢ ᠣᠷᠢᠳᠤ ᠶᠢᠨ ᠮᠠᠳᠤ ᠨᠡᠢ᠌ᠭᠡᠮ ᠤᠨ ᠬᠠᠷᠢᠯᠴᠠᠭᠠᠨ ᠤ ᠣᠢ᠌ᠯᠠᠳᠤᠯ ᠶᠢᠡᠨ ᠭᠡᠳᠥᠢ᠌ᠨᠡᠢ ᠠᠯᠳᠠᠵᠤ᠂ ᠭᠦᠷᠦᠩᠭᠡ ᠮᠥᠩᠭᠦᠨ ᠤ ᠵᠤᠵᠠᠭᠠᠨ ᠨᠢᠮᠭᠡᠨ ᠶᠢᠡᠨ ᠠᠳᠠᠯᠢᠤᠠᠬᠠᠵᠤ᠂ ᠴᠢᠨᠤ ᠪᠦᠭᠡ ᠶᠢᠨ ᠳᠡᠷᠢᠭᠦᠨ ᠱᠠᠩ ᠮᠤᠷᠢ ᠪᠣᠯ ᠮᠢᠨᠤ ᠳᠡᠷᠢᠭᠦᠨ ᠱᠠᠩ ᠳᠡᠮᠡᠭᠡ ᠪᠣᠶᠤ ᠳᠡᠷᠭᠡ ᠦᠭ‍ᠭᠦ ᠪᠠᠷ ᠠᠳᠠᠭᠠᠷᠬᠠᠨ ᠮᠦᠷᠣᠢ᠌ᠴᠠᠵᠤ ᠭᠦᠷᠦᠩᠭᠡ ᠪᠠᠨ ᠭᠦᠡᠳᠦᠷᠤᠨ ᠭᠦᠴᠤ ᠪᠠᠨ ᠰᠢᠪᠬᠠᠵᠤ ᠪᠠᠢ᠌ᠭᠠᠤᠨ ᠥᠭᠡᠷ᠎ᠡ ᠪᠣᠰᠤᠳ ᠡᠴᠠ ᠪᠠᠨ ᠳᠠᠪᠠᠬᠤ ᠮᠦᠷᠤᠢ ᠳᠠᠯᠪᠢᠳᠠᠭ ᠪᠠᠢ᠌ᠨ᠎ᠠ᠃ ᠡᠳᠡᠭᠡᠷ ᠬᠤᠷᠢᠮ ᠨᠠᠢ᠌ᠷ ᠤᠨ ᠶᠡᠷᠦᠩᠭᠡᠢ ᠬᠠᠠᠳᠤᠰᠢ ᠨᠢ ᠵᠤᠭ᠎ᠠ ᠴᠡᠩᠭᠡᠯ ᠤᠨ ᠰᠢᠠᠵᠢ ᠴᠢᠨᠠᠷᠳᠠᠢ ᠪᠣᠯᠵᠤ᠂ ᠣᠷᠢᠳᠤ ᠳᠠᠭᠠᠨ ᠵᠢᠷᠠᠨ ᠨᠢᠭᠡ ᠡᠴᠠ ᠳᠡᠭᠡᠭ᠍ᠰᠢ ᠵᠢᠯ ᠵᠢᠷᠭᠢᠭ᠍ᠰᠡᠳ ᠲᠤ ᠨᠠᠰᠤᠨ ᠪᠠᠶᠠᠷ ᠤᠨ ᠨᠠᠢ᠌ᠷ ᠭᠢᠳᠡᠭ᠌ ᠪᠠᠢ᠌ᠭᠰᠠᠨ ᠶᠢᠡᠨ ᠣᠳᠤ ᠨᠢᠭᠡ᠊ᠨᠳᠡ ᠠᠷᠪᠠᠨ ᠭᠤᠷᠪᠠ᠂ ᠬᠤᠷᠢᠨ ᠳᠠᠪᠣ᠂ ᠭᠤᠴᠢᠨ ᠳᠤᠯᠤᠭ᠎ᠠ ᠶᠢ ᠴᠤ ᠮᠦᠨ ᠠᠳᠠᠯᠢ ᠶᠡᠭᠡ ᠭᠦᠯ ᠤᠨ ᠨᠠᠢ᠌ᠷ ᠭᠢᠭᠦ ᠪᠠᠷ ᠪᠣᠯᠤᠯ᠎ᠠ᠃ ᠵᠠ᠂ ᠨᠠᠢ᠌ᠷ ᠣᠯᠠᠳᠠᠬᠤ ᠴᠤ ᠶᠠᠭᠠᠮᠠᠢ᠂ 《ᠨᠠᠢ᠌ᠷ ᠣᠷᠳᠤ ᠪᠣᠯ ᠨᠠᠰᠤ ᠣᠷᠳᠤ》 ᠭᠡᠰᠡᠨ ᠪᠠᠯᠭᠡᠰᠢᠶᠡᠯ ᠪᠠᠶᠠᠯᠠᠵᠤ ᠪᠠᠶᠠᠷᠯᠠᠵᠤ ᠨᠠᠢ᠌ᠷᠠᠯᠳᠤᠬᠤ ᠶᠢᠨ ᠵᠠᠪᠰᠠᠷ᠎ᠠ ᠠᠮᠢ ᠨᠠᠰᠤᠨ ᠤ ᠣᠢ᠌ᠤᠠᠬᠠᠷᠳᠤ ᠪᠣᠷᠤ ᠬᠤᠨᠤᠭ ᠤᠳ ᠢ ᠪᠠᠶᠠᠷ ᠵᠢᠷᠭᠠᠯᠳᠠᠢ ᠥᠩᠭᠡᠷᠡᠭᠦᠯᠴᠢᠭᠦ ᠴᠤ ᠮᠦᠨ ᠰᠠᠢ᠌ᠬᠠᠨ ᠶᠠᠪᠣᠳᠠᠯ ᠡ᠃ ᠭᠡᠭᠦ ᠳᠤ ᠮᠠᠯᠴᠢᠨ ᠭᠦᠮᠤᠨ ᠨᠢ ᠬᠠᠪᠣᠷ ᠳᠦᠯᠯᠡᠭᠦᠯᠤᠨ ᠵᠤᠨ ᠪᠣᠢ᠌ᠵᠢᠭᠤᠯᠵᠤ ᠨᠠᠮᠤᠷ ᠪᠣᠷᠳᠠᠬᠤ ᠠᠵᠢᠯ ᠳᠠᠭᠠᠨ ᠮᠤᠩᠭ᠋ᠠᠨᠢᠵᠤ ᠪᠠᠢ᠌ᠭᠠᠤᠨ ᠠᠮᠢᠳᠤᠷᠠᠯ ᠤᠨ ᠰᠠᠭᠤᠷᠢ ᠪᠠᠨ ᠴᠤᠭᠴᠠᠯᠠᠨ᠂ ᠬᠠᠶᠠ ᠬᠠᠶᠠ ᠬᠠᠷ᠎ᠠ ᠰᠢᠭᠤᠷᠭ᠎ᠠ ᠪᠠᠢ᠌ᠭᠠᠯᠢ ᠶᠢᠨ ᠭᠠᠮᠰᠢᠭ ᠲᠡᠶ ᠡᠷ᠎ᠡ ᠴᠢᠳᠠᠯ ᠶᠢᠡᠨ ᠦᠵᠡᠯᠴᠠᠵᠤ ᠪᠠᠢ᠌ᠮᠠᠨ ᠣᠷᠤᠰᠢᠨ ᠳᠤᠭᠳᠠᠨᠢᠵᠤ ᠪᠠᠢ᠌ᠭ᠎ᠠ ᠳᠤᠯᠠ᠂ ᠣᠯᠤᠰ ᠤᠨ ᠠᠯᠪᠠᠳᠠᠤᠨ ᠠᠳᠠᠯᠢ ᠰᠠᠷ᠎ᠠ ᠰᠠᠷ᠎ᠠ ᠭᠡᠳᠤᠨ ᠮᠢᠩᠭ᠎ᠠ ᠪᠠᠷ ᠳᠤᠭᠠᠯᠠᠬᠤ ᠠᠵᠤ ᠠᠬᠤᠢ ᠶᠢᠨ ᠢᠷᠠᠯᠳᠠ ᠦᠭᠡᠶ᠂ ᠭᠦᠳᠡᠯᠵᠤ ᠪᠠᠢ᠌ᠭ᠎ᠠ ᠭᠡᠳᠤᠨ ᠦᠰᠦ ᠡᠴᠠ ᠪᠠᠨ ᠳᠤᠭᠠᠳᠠᠢ ᠭᠡᠳᠤᠨ ᠮᠥᠩᠭᠦ ᠪᠣᠷᠤᠯᠠᠭᠤᠯᠵᠤ ᠣᠯᠤᠭᠠᠤᠨ ᠨᠢᠭᠡ ᠮᠥᠩᠭᠦ ᠶᠢ ᠬᠤᠶᠠᠷ ᠬᠤᠪᠢᠶᠠᠨ ᠵᠠᠷᠤᠵᠤ ᠪᠠᠢ᠌ᠭᠠᠤᠨ ᠨᠢᠭᠡ ᠭᠡᠷ ᠤᠨ ᠠᠮᠢᠳᠤᠷᠠᠯ ᠢ ᠡᠪᠯᠡᠭᠦᠯᠭᠦ ᠣᠬᠠᠭᠠᠨ ᠪᠢᠰᠢᠯᠭᠠᠭᠠᠤᠨ ᠵᠠᠪᠳᠤᠬᠤ ᠦᠭᠡᠶ ᠪᠠᠢ᠌ᠬᠤ ᠳᠤ ᠡᠨᠡ ᠣᠯᠠᠨ ᠨᠠᠢ᠌ᠷ ᠤᠨ ᠰᠠᠭᠠᠯᠢ ᠶᠢ ᠭᠠᠷᠠᠭᠠᠬᠤ ᠭᠡᠳᠡᠭ᠌ ᠴᠢᠨᠢ ᠥᠵᠦᠭᠦᠷ ᠦᠭᠡᠶ ᠶᠡᠭᠡ ᠳᠠᠷᠤᠭᠠᠰᠤ ᠪᠣᠯᠴᠢᠬᠠᠵᠠᠢ᠃ ᠳᠠᠭᠢᠭᠠᠤᠨ ᠭᠡᠯᠡᠭᠦ ᠳᠤ ᠣᠷᠢᠳᠤ ᠳᠠᠭᠠᠨ ᠠᠷᠪᠠ ᠬᠤᠷᠢ ᠠᠪᠣᠭᠠᠤᠨ ᠣᠴᠢᠪᠠᠴᠤ ᠨᠢᠭᠤᠷ ᠳᠠᠯ᠎ᠠ ᠶᠢ ᠡᠪᠳᠡᠢ ᠵᠠᠰᠠᠴᠢᠬᠠᠳᠠᠭ ᠪᠠᠢ᠌ᠭᠰᠠᠨ ᠶᠢᠡᠨ ᠣᠳᠤ ᠵᠠᠭᠤᠨ ᠳᠦᠭᠦᠷᠢᠭ᠌ ᠭᠠᠷᠭᠠᠬᠤ ᠳᠤ ᠨᠢᠭᠤᠷ ᠣᠯᠠᠢ᠌ᠬᠤ ᠪᠣᠯᠵᠠᠢ᠃ ᠮᠠᠯᠴᠢᠨ ᠭᠦᠮᠤᠨ ᠳᠤ ᠶᠠᠮᠠᠷ ᠬᠡ ᠪᠠᠢ᠌ᠬᠤᠪ ᠭᠡᠤᠨ ᠨᠢᠭᠤᠷ ᠰᠢᠷᠢᠯᠡᠭᠦ ᠪᠠᠷ ᠪᠣᠳᠤᠴᠢᠬᠠᠶ᠎ᠠ᠂ ᠰᠠᠷ᠎ᠠ ᠳᠤ ᠠᠷᠪᠠᠬᠠᠨ ᠨᠠᠢ᠌ᠷ ᠲᠤ ᠣᠴᠢᠪᠠᠯ ᠮᠢᠩᠭ᠋ᠠᠨ ᠳᠦᠭᠦᠷᠢᠭ᠌ ᠴᠢᠨᠢ ᠣᠷᠤᠰᠤᠭᠠᠤᠨ ᠭᠠᠷᠴᠢᠬᠠᠨ᠎ᠠ᠃ ᠡᠩ ᠤᠨ ᠮᠠᠯᠴᠢᠨ ᠳᠤ ᠡᠨᠡ ᠴᠢᠨᠢ ᠪᠠᠭ᠎ᠠ ᠳᠠᠷᠤᠭᠠᠰᠤ ᠪᠢᠰᠢ ᠯᠠ ᠳ᠋ᠠ᠃ ᠡᠭᠦᠨ ᠳᠤ ᠡᠳᠡᠭᠡᠷ ᠨᠠᠢ᠌ᠷ ᠲᠤ ᠭᠠᠷᠤᠵᠠᠳᠠᠭᠤᠯᠤᠭᠰᠠᠨ ᠠᠵᠢᠯ ᠤᠨ ᠴᠠᠭ᠂ ᠠᠷᠢᠭᠢ ᠪᠠᠷ ᠣᠭᠵᠢᠭᠤᠯᠵᠤ ᠪᠠᠢ᠌ᠭᠠᠤᠨ ᠣᠯᠤᠭᠰᠠᠨ ᠪᠣᠷᠤ ᠰᠢᠷ᠎ᠠ ᠶᠢ ᠡᠮᠨᠡᠭ᠍ᠰᠡᠨ ᠮᠥᠩᠭᠦ ᠶᠢ ᠳᠠᠩᠰᠠᠨ ᠳᠤ ᠪᠣᠳᠤᠭᠠᠳᠤᠢ ᠪᠠᠢ᠌ᠭ᠎ᠠ᠃

ᠭᠤᠷᠪᠠ᠂ ᠣᠤᠠᠬ᠎ᠠ ᠠᠭᠤᠯᠭ᠎ᠠ ᠲᠡᠶ ᠠᠮᠢᠳᠤᠷᠠᠯ᠂ ᠦᠨ᠎ᠡ ᠦᠷᠳᠡᠭ᠌ ᠲᠡᠶ ᠨᠠᠢ᠌ᠷ

ᠣᠷᠢᠳᠤ ᠶᠢᠨ ᠨᠠᠢ᠌ᠷ ᠲᠤ 《ᠡᠷ᠎ᠡ ᠶᠢᠨ ᠭᠤᠷᠪᠠᠨ ᠨᠠᠭᠠᠳᠤᠮ》 ᠭᠡᠵᠤ ᠳᠡᠪᠵᠢᠶᠡᠷᠡᠳᠡᠭ᠌ ᠪᠣᠯ ᠣᠳᠤ ᠭᠠᠭᠴᠠᠬᠠᠨ ᠪᠦᠭᠡ ᠯᠠ ᠥᠯᠡᠳᠡᠭᠡᠤᠨ ᠪᠣᠢ᠃ ᠰᠤᠷ ᠬᠠᠷᠪᠣᠬᠤ ᠭᠡᠳᠡᠭ᠌ ᠭᠦᠢᠳᠡᠨ ᠵᠡᠪᠰᠡᠭ᠌ ᠤᠨ ᠮᠥᠷᠥᠢᠴᠡᠭᠡᠨ ᠨᠢ ᠴᠠᠭ ᠦᠶ᠎ᠡ ᠶᠢᠨ ᠭᠦᠭ᠍ᠵᠢᠯᠳᠡ ᠶᠢ ᠳᠠᠭᠠᠯᠳᠤᠭᠠᠤᠨ ᠪᠠᠶ᠎ᠠ ᠳᠠᠮᠢᠷ ᠤᠨ ᠣᠷᠤᠯᠳᠤᠭᠠᠨ ᠪᠣᠶᠤ ᠥᠵᠡᠭᠦᠯᠭᠡ ᠶᠢᠨ ᠴᠢᠨᠠᠷᠳᠠᠢ ᠶᠠᠭᠤᠮ᠎ᠠ ᠪᠣᠯᠴᠢᠬᠠᠭᠰᠠᠨ ᠪᠠᠢ᠌ᠨ᠎ᠠ᠃ ᠭᠦᠷᠦᠰᠤ ᠰᠢᠷᠤᠢ ᠶᠢᠨ ᠳᠠᠴᠢᠷᠳᠠᠯ ᠪᠣᠯᠤᠨ ᠬᠠᠰᠢᠶᠠᠯᠠᠨ ᠮᠠᠯᠯᠠᠬᠤ ᠲᠦᠷᠦ ᠶᠢᠨ ᠪᠣᠳᠤᠯᠭ᠎ᠠ ᠨᠢ ᠭᠦᠯᠦᠰᠢᠨ ᠤ ᠮᠤᠷᠢ ᠡᠴᠠ ᠥᠭᠡᠷ᠎ᠡ ᠠᠳᠤᠭᠤ ᠳᠡᠵᠢᠭᠡᠭᠦ ᠪᠣᠯᠤᠯᠴᠠᠭ᠎ᠠ ᠶᠢ ᠥᠭᠡᠢ᠌ᠰᠭᠡᠭ᠍ᠰᠡᠨ ᠡᠴᠠ ᠣᠷᠤᠯᠳᠤᠭᠠᠨ ᠳᠤ ᠳᠠᠯᠪᠢᠮᠠᠷ ᠰᠤᠷᠢᠭᠠᠨ ᠤ ᠮᠤᠷᠢ ᠭᠡᠵᠤ ᠳᠤᠩ ᠬᠤᠪᠣᠷ ᠪᠣᠯᠪᠠ᠃ ᠡᠨᠡ ᠨᠢ ᠨᠠᠢ᠌ᠷ ᠭᠢᠭᠦ ᠳᠤ ᠣᠯᠠᠮ ᠳᠦᠭᠦᠮ ᠪᠣᠯᠵᠤ᠂ ᠭᠡᠳᠤᠨ ᠪᠦᠭᠡ ᠪᠠᠨ ᠨᠤᠴᠤᠯᠳᠤᠭᠤᠯᠵᠤ ᠪᠠᠷᠠᠭᠰᠠᠭᠠᠷ ᠰᠢᠷᠡᠭᠡᠨ ᠳᠤ ᠰᠠᠭᠤᠵᠤ ᠮᠢᠬ᠎ᠠ ᠢᠳᠠᠨ ᠠᠷᠢᠭᠢ ᠣᠤᠭᠤᠪᠠᠯ ᠥᠯᠢᠭᠡᠷ ᠪᠠᠷᠠᠴᠢᠬᠤ ᠨᠢ ᠳᠠᠷᠠ᠃ ᠠᠢ᠌ᠯ ᠠᠢ᠌ᠯ ᠭᠠᠵᠠᠷ ᠭᠠᠵᠠᠷ ᠪᠦᠷ ᠨᠠᠢ᠌ᠷ ᠲᠡᠶ ᠳᠤᠯᠠ᠂ ᠳᠤᠭᠠᠳᠠᠢ ᠭᠡᠳᠤᠨ ᠰᠠᠢ᠌ᠨ ᠨᠤᠴᠤᠯᠳᠤᠳᠠᠭ ᠨᠢ ᠨᠠᠰᠢ ᠴᠠᠰᠢ ᠰᠡᠯᠭᠦᠨ ᠭᠦᠶ‍ᠦᠵᠤ ᠱᠠᠩ ᠶᠢᠡᠨ ᠠᠪᠣᠭᠰᠠᠭᠠᠷ ᠦᠵᠡᠮᠠᠷ ᠶᠠᠭᠤᠮ᠎ᠠ ᠦᠭᠡᠶ ᠪᠣᠯᠴᠢᠬᠠᠳᠠᠭ᠃ ᠵᠠᠷᠢᠮ ᠭᠠᠵᠠᠷ ᠨᠢ ᠪᠦᠭᠡ ᠳᠠᠯᠪᠢᠬᠤ ᠪᠠᠨ ᠪᠣᠯᠢᠭᠠᠤᠨ ᠭᠦᠵᠦᠷ ᠤᠨ ᠮᠥᠷᠥᠢᠴᠡᠭᠡᠨ ᠶᠠᠪᠣᠭᠤᠯᠵᠤ ᠭᠤᠷᠪᠠᠨ ᠡᠳᠦᠷ ᠨᠠᠭᠠᠳᠤᠵᠤ ᠪᠠᠢ᠌ᠮᠠᠨ ᠰᠠ‍‌ᠶᠢ ᠰᠢᠯᠭᠠᠷᠠᠭᠤᠯᠵᠤ ᠪᠠᠷᠠᠳᠠᠭ ᠭᠡᠨ᠎ᠡ᠃ ᠪᠦᠭᠦᠳᠡ ᠢᠩᠭᠢᠵᠤ ᠭᠢᠪᠠᠯ ᠡᠳᠦᠷ ᠡᠳᠦᠷ ᠠᠵᠢᠯ ᠭᠢᠭᠦ ᠭᠡᠷᠡᠭ᠌ ᠦᠭᠡᠶ᠂ ᠭᠦᠵᠦᠷ ᠤᠨ ᠳᠤᠭᠯᠠᠭᠠᠮ ᠳᠤ ᠭᠦᠵᠦᠭᠦᠤ ᠭᠤᠷᠣᠢ᠌ᠯᠭᠠᠵᠤ ᠬᠤᠷᠤᠭᠤ ᠵᠢᠮᠠᠯᠴᠠᠨ ᠬᠤᠠᠳᠤᠭᠠᠳᠤ ᠪᠠᠨ ᠡᠷᠭᠦᠵᠤ ᠪᠠᠢ᠌ᠪᠠᠯ ᠪᠣᠯᠴᠢᠬᠠᠬᠤ ᠨᠢ ᠡ︕ ᠭᠡᠳᠡᠯ᠎ᠡ ᠴᠠᠭᠠᠨ᠎ᠠ ᠨᠢ ᠠᠮᠢᠳᠤᠷᠠᠯ ᠭᠡᠳᠡᠭ᠌ ᠬᠠᠳᠠᠭᠤ ᠠᠯᠪᠠ ᠭᠦᠯᠢᠶᠡᠵᠤ ᠪᠠᠢ᠌ᠳᠠᠭ ᠰᠢᠤ ᠳ᠋ᠠ᠃ ᠳᠡᠭᠡᠭᠦ ᠳᠤ ᠨᠠᠢ᠌ᠷ ᠣᠯᠠᠳᠠᠭᠰᠠᠨ ᠴᠤ ᠠᠭᠤᠯᠭ᠎ᠠ ᠨᠢ ᠨᠡᠮᠡᠭ᠍ᠳᠡᠭ᠍ᠰᠡᠨ ᠶᠠᠭᠤᠮ᠎ᠠ ᠪᠠᠢ᠌ᠬᠤ ᠦᠭᠡᠶ᠂ ᠡᠳᠦᠷ ᠡᠳᠦᠷ ᠬᠠᠷᠠᠵᠤ ᠬᠠᠯᠠᠰᠢᠷᠠᠭᠰᠠᠨ ᠭᠡᠳᠤᠨ ᠭᠦᠮᠤᠨ ᠤ ᠪᠠᠨ ᠠᠪᠣᠯᠴᠠᠬᠤ ᠶᠢ ᠦᠵᠡᠵᠤ᠂ ᠴᠠᠭ ᠴᠠᠭ ᠮᠢᠬ᠎ᠠ ᠪᠠᠷ ᠬᠤᠭᠤᠯᠠᠯᠠᠨ ᠠᠷᠢᠭᠢ ᠪᠠᠷ ᠱᠠᠯᠠᠭᠤᠯᠵᠤ᠂ ᠠᠵᠢᠯ ᠠᠮᠢᠳᠤᠷᠠᠯ ᠴᠠᠯᠭᠠᠢ᠌ᠷᠠᠨ ᠠᠷᠢᠭᠢᠨ ᠪᠣᠷᠤ ᠠᠬᠠᠳᠠᠵᠤ ᠡᠯᠢᠭᠡ ᠬᠤᠳᠤᠭᠠᠳᠤ ᠪᠠᠨ ᠭᠡᠮᠳᠦᠭᠡᠭ᠍ᠰᠡᠳ ᠣᠯᠠᠰᠢᠷᠠᠭᠰᠠᠨ ᠠᠵᠢ᠃ ᠡᠢ᠌ᠮᠦᠷᠭᠦᠤ ᠮᠠᠶ‍ᠢᠭ ᠤᠨ ᠨᠢᠭᠡᠯᠭᠡᠨ ᠭᠡᠪ ᠲᠤ ᠴᠢᠤᠠᠬᠤᠭᠰᠠᠨ ᠨᠠᠢ᠌ᠷ ᠢ ᠭᠡᠷ ᠭᠡᠷ ᠭᠢᠵᠤ ᠠᠢ᠌ᠯ ᠠᠢ᠌ᠯ ᠥᠷᠭᠦᠯᠵᠢᠯᠡᠭᠦᠯᠭᠦ ᠪᠣᠯᠤᠭᠰᠠᠨ ᠶᠢᠡᠷ᠂ ᠰᠠᠤᠠᠭᠢᠯ ᠳᠤᠳᠤᠷ᠎ᠠ ᠪᠠᠨ ᠪᠦᠷ ᠳᠤᠭᠠᠳᠠᠢ ᠪᠣᠯᠵᠤ᠂ ᠮᠠᠷᠭᠠᠰᠢ ᠶᠢᠨ ᠨᠠᠢ᠌ᠷ ᠲᠤ ᠭᠡᠨ ᠨᠢ ᠳᠡᠷᠢᠭᠦᠯᠡᠭᠦ᠂ ᠶᠠᠮᠠᠷ ᠭᠦᠮᠤᠨ ᠲᠡᠶ ᠳᠠᠭᠠᠷᠠᠭᠠᠤᠨ ᠭᠡᠳᠤᠨ ᠠᠶᠠᠭ᠎ᠠ ᠣᠤᠭᠤᠬᠤ ᠶᠢ ᠳᠦᠰᠦᠪᠯᠡᠴᠢᠭᠡᠪᠠᠯ ᠠᠷᠪᠠᠨ ᠤ ᠨᠢ᠋ᠮᠠ ᠶ‍ᠢᠰᠤ ᠨᠢ ᠳᠠᠭᠠᠷᠠᠴᠢᠬᠠᠳᠠᠭ ᠪᠣᠯᠪᠠ᠃ ᠡᠢ᠌ᠮᠦᠷᠭᠦ ᠭᠡᠪᠰᠢᠮᠡᠯ ᠨᠠᠢ᠌ᠷ ᠨᠢ ᠶᠠᠮᠠᠷᠴᠤ ᠣᠤᠠᠬ᠎ᠠ ᠠᠭᠤᠯᠭ᠎ᠠ ᠦᠭᠡᠶ ᠪᠠᠢ᠌ᠵᠤ᠂ ᠠᠮᠳᠠᠳᠠᠢ ᠬᠤᠭᠤᠯᠠ ᠶᠢ ᠴᠠᠭ ᠴᠠᠭ ᠢᠳᠠᠵᠤ᠂ ᠨᠢᠭᠡ ᠢᠳᠡᠭ᠍ᠰᠡᠨ ᠶᠢᠡᠨ ᠠᠭᠢᠨ ᠳᠠᠭᠢᠨ ᠭᠡᠪᠢᠵᠤ ᠵᠠᠵᠤᠯᠠᠭᠠᠤᠨ ᠪᠠᠢ᠌ᠪᠠᠯ ᠣᠯᠢᠭ ᠶᠢᠡᠨ ᠪᠠᠷᠠᠬᠤ ᠦᠭᠡᠶ ᠶᠠᠭᠠᠭᠢᠬᠤᠪ︕ ᠶᠠᠭᠠᠭᠢᠵᠤ ᠣᠤᠠᠬ᠎ᠠ ᠠᠭᠤᠯᠭ᠎ᠠ ᠦᠭᠡᠶ ᠪᠠᠢ᠌ᠯ᠎ᠠ ᠴᠤ ᠴᠢ ᠣᠴᠢᠬᠤ ᠦᠭᠡᠶ ᠪᠣᠯ ᠬᠠᠷᠢᠨ ᠠᠢ᠌ᠯ ᠠᠢ᠌ᠮᠠᠭ ᠠᠬ᠎ᠠ ᠳᠡᠭᠦᠤ ᠰᠠᠳᠤᠨ ᠤ ᠰᠠᠤᠠᠭᠢᠯ ᠢ ᠰᠡᠪᠳᠦᠭᠡᠴᠢᠭᠦ ᠳᠤ ᠭᠦᠷᠭᠦ ᠳᠤᠯᠠ ᠵᠠᠪᠠᠯ ᠣᠴᠢᠵᠤ ᠨᠠᠢ᠌ᠷ ᠳᠤᠨᠢ ᠭᠦᠷ ᠨᠡᠮᠡᠭᠦ ᠶᠢᠨ ᠠᠯᠪᠠ ᠶᠢ ᠬᠠᠰᠢᠳᠠᠭ ᠪᠠᠢ᠌ᠨ᠎ᠠ᠃ ᠡᠨᠡ ᠨᠢ ᠭᠦᠮᠤᠨ ᠤ ᠦᠪᠡᠷ ᠤᠨ ᠪᠣᠳᠠᠰ ᠤᠨ ᠭᠦᠴᠤ ᠶᠢ ᠰᠥᠢᠦᠡᠭᠡᠨ᠂ ᠮᠠᠯ ᠳᠠᠷᠢᠶᠠᠨ ᠤ ᠠᠵᠢᠯ ᠤᠨ ᠴᠠᠭ ᠢ ᠭᠠᠷᠤᠵᠠᠳᠠᠭᠤᠯᠤᠭᠠᠤᠨ ᠠᠷᠢᠭᠢᠴᠢᠨ ᠢ ᠪᠣᠢ᠌ᠵᠢᠭᠤᠯᠬᠤ ᠳᠤᠯᠠᠭᠠᠨ ᠥᠯᠦᠭᠡᠢ ᠪᠣᠯᠵᠤ ᠪᠠᠢ᠌ᠨ᠎ᠠ ᠭᠡᠭᠦ ᠳᠤ ᠠᠬᠠᠳᠠᠮᠠᠷ ᠦᠭᠡᠶ᠃ ᠶᠠᠮᠠᠷᠪᠠ ᠶᠠᠭᠤᠮ᠎ᠠ ᠶᠢ ᠣᠤᠠᠬ᠎ᠠ ᠠᠭᠤᠯᠭ᠎ᠠ ᠲᠡᠶ᠂ ᠰᠢᠨ᠎ᠠ ᠰᠡᠪᠠᠭᠦᠨ ᠭᠢᠪᠠᠯ ᠪᠠᠰᠠ ᠣᠯᠠᠨ ᠲᠦᠮᠡᠨ ᠳᠤ ᠡᠷᠭᠢᠴᠡᠭᠦᠯᠤᠨ ᠳᠠᠮᠰᠢᠶᠠᠯᠠᠬᠤ ᠳᠤᠷᠠᠰᠤᠮᠵᠢᠳᠠᠢ ᠪᠠᠢ᠌ᠵᠤ ᠴᠢᠳᠠᠨ᠎ᠠ᠃ ᠵᠢᠱᠢᠶᠠᠯᠠᠪᠠᠯ ᠣᠤᠷ ᠰᠤᠶᠤᠯ ᠤᠨ ᠳᠠᠢ᠌ᠯᠤᠮᠵᠢ ᠪᠣᠯᠤᠭᠰᠠᠨ ᠪᠠᠭᠠᠷᠢᠨ ᠬᠤᠷᠢᠮ (ᠦᠪᠣᠷ ᠮᠤᠩᠭ᠋ᠤᠯ ᠤᠨ ᠳᠸᠯᠸᠢᠰ ᠬᠤᠷᠢᠶ᠎ᠠ ᠥᠢᠯᠡᠳᠦᠭ᠍ᠰᠡᠨ)᠂ ᠠᠯᠠᠱᠠᠨ ᠤ ᠳᠡᠮᠡᠭᠡᠨ ᠰᠤᠶᠤᠯ ᠤᠨ ᠨᠠᠢ᠌ᠷ᠂ ᠭᠡᠰᠢᠭ᠍ᠳᠡᠨ ᠤ ᠠᠳᠤᠭᠤᠨ ᠰᠤᠶᠤᠯ ᠤᠨ ᠨᠠᠢ᠌ᠷ᠂ ᠵᠡᠭᠦᠨ ᠦᠵᠦᠮᠤᠴᠢᠨ ᠤ ᠰᠢᠯᠦᠭ᠌ ᠤᠨ ᠨᠠᠢ᠌ᠷ ᠮᠠᠳᠤ ᠶᠢᠨ ᠶᠠᠮᠠᠷ ᠨᠢᠭᠡᠨ ᠰᠤᠶᠤᠯ ᠣᠷᠠᠯᠢᠭ ᠢ ᠰᠤᠷᠳᠠᠯᠴᠢᠯᠠᠭᠰᠠᠨ ᠠᠭᠤᠯᠭ᠎ᠠ ᠲᠡᠶ ᠨᠠᠢ᠌ᠷ ᠭᠢᠵᠤ ᠪᠠᠢ᠌ᠪᠠᠯ ᠪᠠᠰᠠ ᠥᠷᠭᠡᠨ ᠲᠦᠮᠡᠨ ᠳᠤ ᠭᠤᠸ᠎ᠠ ᠳᠠᠭᠠᠰᠢᠶᠠᠯ ᠰᠤᠶᠤᠯ ᠤᠨ ᠭᠦᠷᠳᠡᠭᠡᠮᠵᠢ ᠣᠯᠭᠤᠵᠤ᠂ ᠦᠯᠡᠮᠵᠢ ᠠᠷᠪᠢᠨ ᠵᠤᠭᠤᠰ ᠮᠥᠩᠭᠦ ᠶᠢ ᠰᠥᠢᠦᠡᠭᠡᠭ᠍ᠰᠡᠨ ᠦᠷ᠎ᠡ ᠠᠰᠢᠭ ᠨᠢ ᠭᠠᠷᠳᠠᠭ ᠪᠠᠢ᠌ᠨ᠎ᠠ᠃ ᠡᠨᠡ ᠵᠤᠨ᠂ ᠵᠠᠯᠠᠭᠤ ᠨᠠᠢ᠌ᠷᠠᠭᠴᠢ ᠨᠠ᠊·ᠥᠯᠵᠡᠢ᠌ᠳᠡᠯᠭᠡᠷ ᠤᠨ ᠳᠡᠭᠦᠤ ᠦᠯᠵᠡᠢ᠌ᠪᠠᠶᠠᠷ᠂ ᠪᠠᠳᠤᠦ᠌ᠯᠵᠠᠢ ᠬᠤᠶᠠᠷ ᠠᠪᠣ ᠶᠢᠨ ᠶᠢᠡᠨ ᠳᠠᠯᠠᠨ ᠭᠤᠷᠪᠠᠨ ᠨᠠᠰᠤᠨ ᠤ ᠵᠢᠯ ᠵᠢᠷᠭᠢᠭ᠍ᠰᠡᠨ ᠨᠠᠢ᠌ᠷ ᠢ ᠭᠢᠭᠦ ᠳᠡᠭᠡᠨ ᠬᠠᠭᠤᠴᠢᠨ ᠵᠤᠷᠰᠢᠯ ᠶᠢᠡᠷ ᠪᠦᠭᠡ ᠪᠠᠷᠢᠯᠳᠤᠭᠤᠯᠤᠨ ᠮᠤᠷᠢ ᠳᠠᠯᠪᠢᠵᠤ᠂ ᠠᠷᠤ ᠬᠤᠷᠴᠢᠨ ᠡᠴᠠ ᠳᠦᠷᠪᠡᠤᠨ᠂ ᠡᠷᠳᠡᠨᠢᠪᠠᠶᠡᠷ᠂ ᠰᠠᠷᠠᠠᠴᠤᠭᠳᠤ᠂ ᠣᠮᠨᠠᠷᠤᠨ᠂ ᠴᠤᠯᠮᠤᠨ ᠵᠡᠷᠭᠡ ᠢᠷᠠᠭᠤ ᠨᠠᠢ᠌ᠷᠠᠭᠴᠢᠳ ᠪᠠ᠂ ᠵᠡᠭᠦᠨ ᠪᠠᠭᠠᠷᠢᠨ ᠤ 《ᠪᠠᠶᠠᠨ ᠠᠭᠤᠯᠠ ᠣᠷᠠᠨ ᠵᠤᠬᠢᠶᠠᠯ ᠤᠨ ᠬᠠᠮᠳᠤᠯᠢᠭ》᠊ᠤᠨ ᠨᠠᠢ᠌ᠷᠠᠭᠴᠢᠳ ᠢ ᠣᠷᠢᠵᠤ ᠭᠢᠨᠠᠨ ᠰᠢᠯᠭᠠᠷᠠᠭᠤᠯᠬᠤ ᠪᠦᠯᠭᠦᠮ ᠢ ᠵᠤᠬᠢᠶᠠᠨ ᠪᠠᠢ᠌ᠭᠤᠯᠵᠤ᠂ ᠢᠷᠠᠭᠤ ᠨᠠᠢ᠌ᠷᠠᠭ ᠤᠨ ᠮᠥᠷᠥᠢᠴᠡᠭᠡᠨ ᠢ ᠭᠦᠷ ᠭᠦᠭ᠍ᠵᠢᠶᠡᠨ ᠲᠡᠶ ᠶᠠᠪᠣᠭᠳᠠᠭᠤᠯᠵᠠᠢ᠃ ᠢᠩᠭᠢᠭᠡᠤᠨ ᠣᠶᠠᠩᠭ᠎ᠠ ᠰᠢᠯᠦᠭ᠌ ᠤᠨ ᠰᠤᠯᠤᠩᠭ᠋ᠠᠨ ᠡᠭᠡᠰᠢᠭ᠌ ᠠᠭᠳᠠ ᠶᠢᠨ ᠳᠠᠯ᠎ᠠ ᠪᠠᠷ ᠣᠶᠠᠩᠭ᠋ᠠᠷᠠᠵᠤ᠂ ᠣᠷᠳᠤ ᠶᠢᠨ ᠳᠠᠭᠤᠨ ᠤ ᠣᠮᠤᠭᠯᠠᠭᠤᠨ ᠡᠭᠡᠰᠢᠭ᠌ ᠬᠠᠨ ᠬᠠᠢ᠌ᠷᠬᠠᠤᠨ ᠶᠢᠡᠷ ᠴᠤᠤᠷᠢᠶᠠᠯᠠᠭᠰᠠᠨ ᠪᠠᠢ᠌ᠳᠠᠭ᠃ ᠡᠨᠡ ᠨᠠᠢ᠌ᠷ ᠨᠢ ᠭᠡᠳᠥᠢᠪᠠᠷ ᠮᠤᠩᠭ᠋ᠤᠯ ᠤᠨ 《ᠪᠣᠯᠤᠷ ᠴᠤᠮᠤ》 ᠰᠢᠭ ᠳᠡᠯᠡᠭᠡᠢ ᠶᠢ ᠳᠦᠷᠭᠢᠭᠦᠯᠦᠭ᠍ᠰᠡᠨ ᠦᠭᠡᠶ ᠴᠤ᠂ ᠪᠠᠭᠠᠷᠢᠨ ᠨᠤᠳᠤᠭ ᠲᠤ ᠰᠤᠶᠤᠯ ᠤᠨ ᠣᠨᠢᠶᠠᠷ ᠳᠠᠳᠠᠵᠤ᠂ ᠨᠠᠢ᠌ᠷ ᠬᠤᠷᠢᠮ ᠤᠨ ᠭᠡᠪᠰᠢᠮᠡᠯ ᠵᠠᠭᠪᠣᠷ ᠲᠤ ᠰᠢᠨᠠᠴᠢᠯᠠᠯᠳᠠ ᠭᠢᠭ᠍ᠰᠡᠨ ᠭᠢᠯᠠᠯᠵᠠᠮ᠎ᠠ ᠳᠠᠭᠤᠷᠢᠶᠠᠯ ᠪᠣᠯᠵᠠᠢ᠃

ᠳᠦᠷᠪᠡ᠂ ᠪᠢᠳᠠ ᠶᠠᠭᠤ ᠶᠢ ᠬᠠᠮᠤᠭ ᠢᠯᠡᠭᠦᠤ ᠳᠡᠭᠡᠳᠦᠯᠡᠳᠡᠭ᠌ ᠣᠯᠤᠰ ᠪᠣᠢ︖

ᠪᠢᠳᠠ ᠪᠢᠴᠢᠭ᠌ ᠰᠤᠶᠤᠯ ᠢ ᠳᠡᠭᠡᠳᠦᠯᠡᠭᠦ ᠦᠭᠡᠶ᠂ ᠮᠤᠬᠤᠷ ᠪᠢᠰᠢᠷᠠᠯ ᠳᠤ ᠭᠦᠯᠢᠭ᠍ᠳᠡᠵᠤ ᠠᠷᠢᠭᠢᠨ ᠰᠤᠶᠤᠯ ᠢ ᠳᠡᠭᠡᠳᠦᠯᠡᠭᠡᠤᠨ ᠳᠠᠩᠴᠢ ᠣᠳᠠᠵᠠᠢ᠃ ᠠᠯᠢ ᠡᠷᠳᠡ ᠶᠤᠸᠠᠨ ᠣᠯᠤᠰ ᠤᠨ ᠦᠶ᠎ᠡ ᠳᠤ᠂ ᠨᠡᠢ᠌ᠭᠡᠮ ᠤᠨ ᠪᠠᠢ᠌ᠷᠢ ᠰᠠᠭᠤᠷᠢ ᠪᠠᠷ ᠨᠢ ᠭᠦᠮᠤᠨ ᠢ ᠠᠷᠪᠠᠨ ᠳᠠᠰ ᠬᠤᠪᠢᠶᠠᠵᠠᠢ᠄ ᠨᠢᠭᠡᠳᠦᠭᠡᠷ ᠳᠠᠰ ᠨᠤᠶᠠᠨ᠂ ᠬᠤᠶᠠᠳᠤᠭᠠᠷ ᠳᠠᠰ ᠲᠦᠰᠢᠮᠠᠯ᠂ ᠭᠤᠷᠪᠠᠳᠤᠭᠠᠷ ᠳᠠᠰ ᠯᠠᠮ᠎ᠠ᠂ ᠳᠦᠷᠪᠠᠳᠦᠭᠡᠷ ᠳᠠᠰ ᠪᠣᠮᠪᠣ᠂ ᠳᠠᠪᠣᠳᠤᠭᠠᠷ ᠳᠠᠰ ᠡᠮᠴᠢ᠂ ᠵᠢᠷᠭᠤᠳᠤᠭᠠᠷ ᠳᠠᠰ ᠣᠷᠠᠴᠤᠳ᠂ ᠳᠤᠯᠤᠳᠤᠭᠠᠷ ᠳᠠᠰ ᠠᠪᠠᠴᠢᠨ᠂ ᠨᠢ᠋ᠮᠠᠳᠤᠭᠠᠷ ᠳᠠᠰ ᠶᠠᠩᠬᠠᠨ᠂ ᠶ‍ᠢᠰᠦᠳᠡᠭᠡᠷ ᠳᠠᠰ ᠪᠢᠴᠢᠭ᠍ᠳᠡᠨ᠂ ᠠᠷᠪᠠᠳᠤᠭᠠᠷ ᠳᠠᠰ ᠨᠢ ᠭᠣᠢ᠌ᠷᠠᠠᠴᠢ ᠪᠠᠢ᠌ᠵᠠᠢ᠃ ᠪᠢᠴᠢᠭ᠌ ᠤᠨ ᠭᠦᠮᠤᠨ ᠢ ᠭᠣᠢ᠌ᠷᠠᠠᠴᠢ ᠡᠴᠠ ᠳᠡᠭᠡᠭᠦᠷ᠂ ᠶᠠᠩᠬᠠᠨ ᠡᠴᠠ ᠳᠤᠤᠭᠤᠷ ᠳᠤᠭᠢᠷᠠᠭᠤᠯᠤᠭᠰᠠᠨ ᠢ ᠪᠣᠳᠤᠪᠠᠴᠤ ᠪᠢᠴᠢᠭ᠌ ᠤᠨ ᠭᠦᠮᠤᠨ ᠢ ᠭᠢᠷᠢ ᠵᠡᠷᠭᠡ ᠮᠠᠭᠤ ᠦᠵᠡᠵᠤ 《ᠳ᠋ᠸᠤ ᠡᠧ ᠶᠢᠨ ᠭᠤᠮᠤᠳᠠᠯ》 ᠮᠠᠳᠤ ᠶᠢᠨ ᠠᠪᠣᠷᠭᠤ ᠪᠦᠳᠦᠭᠡᠯ ᠲᠡᠶ ᠭᠦᠮᠤᠨ ᠢ ᠵᠥᠴᠦᠭᠡ ᠶᠢᠨ ᠭᠦᠷᠢᠶᠡᠯᠡᠩ ᠳᠤ ᠭᠤᠮᠤᠳᠠᠯ ᠢ ᠨᠢ ᠳᠤᠭᠠᠴᠢᠭᠤᠯᠤᠨ ᠬᠤᠷᠢᠵᠤ ᠣᠷᠭᠢᠭᠰᠠᠨ ᠨᠢ ᠳᠠᠳᠣᠢ᠌ᠯᠠ ᠭᠠᠢ᠌ᠬᠠᠯᠳᠠᠢ ᠣᠴᠢᠷ ᠪᠢᠰᠢ ᠡ᠃ ᠪᠢᠴᠢᠭ᠌ ᠰᠤᠶᠤᠯ ᠢ ᠳᠡᠭᠡᠳᠦᠯᠡᠭᠦ ᠦᠭᠡᠶ ᠡᠨᠡ ᠵᠠᠩᠰᠢᠯ ᠨᠢ ᠳᠡᠭᠦᠨ ᠤ ᠡᠴᠢᠨ᠎ᠡ ᠣᠤᠠᠬ᠎ᠠ᠂ ᠦᠨ᠎ᠡ ᠴᠠᠨ᠎ᠠ᠂ ᠠᠯᠤᠰᠴᠢ ᠠᠴᠢ ᠬᠤᠯᠪᠣᠭᠳᠠᠯ ᠢ ᠣᠢ᠌ᠯᠠᠭᠠᠬᠤ ᠦᠭᠡᠶ ᠪᠠᠯᠠᠷᠯᠢᠭ ᠴᠠᠭ ᠦᠶ᠎ᠡ ᠳᠤ ᠡᠭᠦᠰᠦᠭ᠍ᠰᠡᠨ ᠪᠣᠯᠬᠤᠷ ᠳᠡᠭᠦᠨ ᠢ ᠣᠳᠤ ᠪᠢᠳᠠ ᠪᠤᠷᠤᠭᠤᠰᠢᠶᠠᠬᠤ ᠦᠭᠡᠶ᠂ ᠰᠤᠶᠤᠯ ᠰᠢᠡᠵᠢᠯᠡᠭᠦ ᠣᠬᠠᠭᠠᠨ ᠳᠡᠭᠡᠳᠤ ᠭᠡᠮᠵᠢᠶ᠎ᠡ ᠪᠠᠷ ᠭᠦᠭ᠍ᠵᠢᠭ᠍ᠰᠡᠨ ᠡᠨᠡ ᠡᠳᠦᠷ ᠪᠠᠰᠠ ᠣᠢ᠌ᠯᠠᠭᠠᠬᠤ ᠦᠭᠡᠶ ᠭᠦᠮᠤᠨ ᠪᠠᠢ᠌ᠬᠤ ᠳᠤ ᠭᠦᠷᠪᠠᠯ ᠳᠠᠷᠠ ᠨᠢ ᠥᠨᠡᠭᠡᠷ ᠴᠠᠭ ᠦᠶ᠎ᠡ ᠶᠢᠨ ᠬᠠᠷᠠᠮᠰᠠᠯ ᠪᠠᠢ᠌ᠵᠤ ᠳᠠᠭᠠᠷᠠᠨ᠎ᠠ᠃ ᠪᠦᠭᠡ ᠶᠢᠨ ᠳᠡᠷᠢᠭᠦᠨ ᠱᠠᠩ ᠠᠷᠪᠠᠨ ᠲᠦᠮᠡ ᠳᠠᠪᠠᠵᠤ ᠪᠠᠢ᠌ᠳᠠᠯ᠎ᠠ ᠪᠠᠨ᠂ ᠭᠦᠮᠤᠨ ᠲᠦᠷᠦᠯᠭᠢᠳᠠᠨ ᠤ ᠣᠶᠤᠨ ᠤ ᠢᠨᠵᠧᠨᠧᠷ ᠪᠣᠯᠤᠭᠰᠠᠨ ᠵᠤᠬᠢᠶᠠᠯᠴᠢ ᠶᠢᠨ ᠪᠦᠳᠦᠭᠡᠯ ᠨᠢ ᠵᠤᠭᠤᠰ ᠭᠦᠷᠭᠦ ᠦᠭᠡᠶ ᠪᠢᠴᠢᠭ᠌ ᠤᠨ ᠣᠪᠣᠭᠠᠨ ᠳᠤ ᠬᠠᠶᠠᠭᠳᠠᠵᠤ᠂ ᠬᠤᠶᠠᠷ ᠵᠢᠯ ᠳᠤ ᠨᠢᠭᠡ ᠶᠠᠪᠣᠭᠳᠠᠬᠤ 《ᠪᠣᠷᠵᠢᠭᠢᠨ ᠱᠠᠩᠨᠠᠯ》 ᠨᠢ ᠴᠤ ᠷᠢᠴᠢᠠᠵᠤᠩᠨᠠᠢ ᠠᠪᠣᠭᠠᠢ ᠶᠢᠨ ᠳᠠᠮᠢᠷ ᠢ ᠰᠢᠪᠬᠠᠭᠠᠤᠨ ᠪᠣᠤᠭᠢᠶ᠎ᠠ ᠶᠢ ᠨᠢ ᠵᠠᠯᠭᠠᠵᠤ ᠠᠪᠬᠤ ᠭᠦᠮᠤᠨ ᠦᠭᠡᠶ ᠪᠠᠢ᠌ᠬᠤ ᠶᠢ ᠥᠵᠡᠭᠦ ᠦᠭᠡᠶ ᠦᠦ︖ ᠳᠠ ᠪᠦᠭᠦᠳᠡᠭᠡᠷ ᠰᠠᠢ᠌ᠳᠤᠷ ᠪᠣᠳᠤᠵᠤ ᠥᠵᠡᠭᠡᠴᠢ᠂ ᠭᠦᠮᠤᠨ ᠤ ᠪᠢᠯᠢᠭ᠌ ᠢ ᠨᠡᠭᠡᠭᠡᠭ᠍ᠳᠡᠭᠦᠯᠤᠨ ᠣᠶᠤᠨ ᠢ ᠬᠤᠷᠴᠠᠯᠠᠬᠤ ᠨᠢᠭᠡᠨ ᠳᠠᠪᠳᠠᠷ ᠨᠤᠮ ᠢ ᠪᠢᠴᠢᠭ᠍ᠰᠡᠨ ᠵᠤᠬᠢᠶᠠᠯᠴᠢ ᠨᠢ ᠠᠳᠠᠭ ᠲᠠᠭᠠᠨ ᠳᠤᠯᠤᠭ᠎ᠠ ᠨᠤᠭᠤᠯᠤᠭᠰᠠᠨ ᠪᠦᠭᠡ ᠶᠢᠨ ᠭᠢᠷᠢ ᠬᠤᠪᠢ ᠨᠠᠮᠠᠷᠢ ᠥᠵᠡᠭᠦᠯᠦᠭ᠍ᠰᠡᠨ ᠦᠭᠡᠶ ᠭᠡᠵᠢ ᠦᠦ︖ ᠰᠤᠨᠤᠰᠬᠤ ᠳᠤ ᠳᠤᠮᠤ ᠨᠤᠶᠠᠤᠨ ᠪᠣᠯᠤᠨ ᠪᠠᠶᠠᠨ ᠭᠦᠷᠦᠩᠭᠡᠳᠡᠳ ᠦᠪᠡᠷ ᠤᠨ ᠪᠠᠶ᠎ᠠ ᠪᠠᠨ ᠶᠡᠭᠡ ᠪᠢᠴᠢᠭ᠌ ᠲᠡᠶ ᠪᠠᠷ ᠶᠠᠩᠵᠤᠯᠠᠬᠤ ᠳᠤᠷᠠᠳᠠᠢ ᠪᠠᠢ᠌ᠵᠤ᠂ ᠳᠤᠭᠤᠰᠬ᠎ᠠ ᠠᠳᠠᠯᠢ ᠵᠤᠵᠠᠭᠠᠨ ᠨᠤᠮ ᠢ ᠳᠡᠷᠭᠡ ᠪᠠᠷ ᠳᠠᠭᠠᠵᠤ ᠭᠡᠷ ᠲᠡᠭᠡᠨ ᠵᠡᠷᠭᠡᠯᠡᠳᠡᠭ᠌ ᠭᠡᠳᠡᠭ᠌᠃ ᠡᠨᠡ ᠨᠢ ᠨᠤᠮ ᠪᠢᠴᠢᠭ᠌ ᠤᠨ ᠪᠣᠳᠠᠳᠤ ᠭᠡᠷᠡᠭ᠍ᠴᠡᠭᠡᠨ ᠡᠴᠠ ᠡᠭᠦᠰᠦᠭ᠍ᠰᠡᠨ ᠪᠢᠰᠢ ᠬᠠᠷᠢᠨ ᠳᠡᠭᠦᠨ ᠶᠢᠡᠷ ᠵᠠᠰᠠᠯ ᠪᠣᠯᠭᠠᠨ ᠭᠡᠷ ᠶᠢᠡᠨ ᠴᠢᠮᠡᠭ᠍ᠰᠡᠨ ᠳᠠᠳᠤᠢ᠃ ᠮᠢᠨᠤ ᠨᠢᠭᠡ ᠬᠠᠮᠳᠤ ᠰᠤᠷᠤᠭᠴᠢ ᠠᠪᠣ ᠶᠢᠨ ᠶᠢᠡᠨ ᠨᠠᠰᠤᠨ ᠪᠠᠶᠠᠷ ᠤᠨ ᠨᠠᠢ᠌ᠷ ᠲᠤ ᠨᠠᠳᠠ ᠶᠢ ᠵᠠᠯᠠᠵᠤ᠂ ᠬᠠᠮᠳᠤᠯᠢᠭ ᠤᠨ ᠭᠦᠮᠤᠨ ᠶᠢᠡᠨ ᠵᠤᠬᠢᠶᠠᠨ ᠪᠠᠢ᠌ᠭᠤᠯᠤᠭᠠᠤᠨ ᠣᠴᠢᠵᠤ ᠰᠢᠯᠦᠭ᠌ ᠤᠨ ᠣᠷᠤᠯᠳᠤᠭᠠᠨ ᠶᠠᠪᠣᠭᠤᠯ ᠭᠡᠰᠡᠨ ᠶᠤᠮ᠃ ᠡᠭᠦᠨ ᠳᠤ ᠪᠢ ᠳᠡᠭᠦᠨ ᠡᠴᠠ ᠱᠠᠩ ᠤᠨ ᠪᠠᠢ᠌ᠳᠠᠯ ᠢ ᠠᠰᠠᠭᠤᠭᠰᠠᠨ ᠳᠤ᠂ ᠪᠦᠭᠡ ᠶᠢᠨ ᠳᠡᠷᠢᠭᠦᠨ ᠱᠠᠩ ᠨᠢ ᠮᠤᠷᠢ᠂ ᠳᠠᠳ᠋ ᠲᠤ ᠥᠭᠡᠷ ᠥᠭ᠍ᠴᠤ᠂ ᠰᠢᠯᠦᠭ᠌ ᠤᠨ ᠳᠡᠷᠢᠭᠦᠨ ᠳᠤ ᠳᠡᠮᠳᠡᠭᠯᠡᠯ ᠤᠨ ᠳᠠᠪᠳᠠᠷ ᠦᠭ‍ᠭᠦ ᠶᠤᠮ ᠭᠡᠨ᠎ᠡ᠃ ᠡᠭᠦᠨ ᠢ ᠰᠤᠨᠤᠰᠤᠭᠠᠤᠨ ᠪᠢ ᠦᠰᠦᠷᠳᠠᠯ᠎ᠠ ᠠᠭᠤᠷᠯᠠᠭᠠᠤᠨ 《ᠪᠢᠴᠢᠭ᠌ ᠤᠨ ᠭᠦᠮᠤᠨ ᠢ ᠭᠣᠢ᠌ᠷᠠᠠᠴᠢ ᠪᠠᠷ ᠦᠵᠡᠵᠤ ᠪᠠᠢ᠌ᠨ᠎ᠠ ᠦᠦ︖》 ᠭᠡᠵᠤ ᠵᠠᠩᠨᠠᠭᠠᠤᠨ ᠭᠡᠷ ᠡᠴᠠ ᠪᠠᠨ ᠭᠦᠭᠡᠭᠡᠵᠤ ᠭᠠᠷᠭᠠᠭᠰᠠᠨ ᠶᠤᠮ᠃ ᠳᠠᠷᠠ ᠪᠠᠰᠠ ᠦᠨᠦᠭᠢ ᠪᠢᠴᠢᠭ᠍ᠳᠡᠨ ᠤ ᠯᠠᠷᠵᠢᠶ᠎ᠠ ᠳᠠᠳᠠᠵᠤ᠂ ᠰᠤᠶᠤᠯ ᠤᠨ ᠦᠨᠦᠷ ᠣᠷᠤᠭᠤᠯᠬᠤ ᠶᠢ ᠭᠤᠷᠢᠳᠠᠨ ᠮᠠᠨ ᠤ ᠶᠠᠭᠤᠮ᠎ᠠ ᠪᠢᠴᠢᠳᠡᠭ᠌ ᠣᠯᠤᠰ ᠢ ᠠᠪᠠᠴᠢᠭᠠᠤᠨ ᠵᠠᠰᠠᠯ ᠴᠢᠮᠡᠭ᠌ ᠪᠣᠯᠭᠠᠬᠤ ᠪᠠᠷ ᠰᠠᠨᠠᠭᠠᠰᠢᠷᠠᠭᠰᠠᠨ ᠠᠵᠢ᠃ ᠮᠠᠨ ᠤ ᠨᠡᠢ᠌ᠭᠡᠮ᠂ ᠮᠠᠨ ᠤ ᠦᠨᠳᠦᠰᠦᠳᠠᠨ ᠦᠪᠡᠷ ᠤᠨ ᠰᠤᠶᠤᠯ ᠶᠢᠡᠨ ᠳᠡᠭᠡᠳᠦᠯᠡᠭᠦ ᠦᠭᠡᠶ᠂ ᠪᠢᠴᠢᠭ᠍ᠳᠡᠨ ᠶᠢᠡᠨ ᠶᠠᠩᠬᠠᠨ ᠡᠴᠠ ᠳᠡᠭᠡᠭᠦᠷ ᠥᠵᠡᠭᠦ ᠦᠭᠡᠶ ᠪᠠᠢ᠌ᠯ᠎ᠠ ᠴᠤ᠂ ᠵᠢᠶᠠ ᠫᠢᠩ ᠸᠨ ᠶᠢᠨ ᠵᠤᠬᠢᠶᠠᠯ ᠳᠤ ᠭᠠᠷᠳᠠᠭ ᠳᠤᠤᠷᠠᠳᠤ ᠳᠠᠰ ᠤᠨ ᠪᠢᠴᠢᠭ᠍ᠳᠡᠨ ᠠᠳᠠᠯᠢ ᠪᠢᠳᠠ ᠴᠢᠨᠢ ᠦᠪᠡᠷ ᠤᠨ ᠪᠠᠶ᠎ᠠ ᠪᠠᠨ ᠡᠷᠭᠦᠵᠤ ᠶᠠᠪᠣᠬᠤ ᠦᠭᠡᠶ ᠰᠥᠭ᠌ ᠰᠦᠨᠠᠰᠤ ᠪᠠᠨ ᠠᠯᠳᠠᠴᠢᠬᠠᠭᠠᠤᠨ ᠪᠣᠯᠬᠤ ᠦᠭᠡᠶ ᠪᠢᠵᠠ᠃ ᠢᠪᠷᠠᠢ ᠭᠦᠮᠤᠨ ᠳᠠᠪᠣᠭᠤᠯᠠ ᠭᠢᠠᠳᠠᠨ ᠳᠤ ᠬᠤᠷᠢᠭᠳᠠᠵᠤ᠂ ᠳᠤᠳᠤᠷ᠎ᠠ ᠨᠢ ᠨᠢᠭᠡ ᠪᠢᠴᠢᠭ᠌ ᠮᠡᠳᠡᠳᠡᠭ᠌ ᠭᠦᠮᠤᠨ ᠪᠠᠢ᠌ᠪᠠᠯ ᠳᠦᠷᠪᠡᠨ ᠭᠦᠮᠤᠨ ᠤ ᠠᠮᠢ ᠪᠠᠷ ᠵᠤᠯᠢᠶ᠎ᠠ ᠭᠢᠵᠤ ᠪᠠᠢ᠌ᠭᠠᠤᠨ ᠦᠨᠦ ᠪᠢᠴᠢᠭ᠍ᠳᠡᠨ ᠶᠢᠡᠨ ᠠᠪᠣᠷᠠᠨ ᠭᠠᠷᠭᠠᠳᠠᠭ ᠭᠡᠨ᠎ᠡ᠃ ᠡᠨᠡᠭᠦ ᠰᠤᠶᠤᠯ ᠭᠡᠭᠡᠷᠡᠯ ᠤᠨ ᠦᠷ᠎ᠡ ᠰᠠᠴᠤᠭᠴᠢ ᠪᠢᠴᠢᠭ᠍ᠳᠡᠨ ᠨᠢ ᠠᠮᠢᠳᠤ ᠭᠠᠷᠪᠠᠯ ᠦᠨᠳᠦᠰᠦᠳᠠᠨ ᠤ ᠦᠨᠳᠠᠢ᠌ᠵᠤ ᠪᠣᠰᠬᠤ ᠳᠤ ᠨᠠᠩ ᠢᠳᠠᠪᠭᠢᠳᠠᠢ ᠣᠢ᠌ᠯᠠᠳᠤᠯ ᠥᠵᠡᠭᠦᠯᠵᠤ ᠴᠢᠳᠠᠬᠤ ᠶᠢ ᠳᠠᠳᠠᠨᠤᠰ ᠭᠦᠮᠤᠨ ᠪᠦᠭᠦᠨ ᠮᠡᠳᠡᠳᠡᠭ᠌᠃ ᠡᠢ᠌ᠮᠤ ᠲᠤᠬᠢᠶᠠᠯᠳᠤᠯ ᠮᠠᠨᠠᠢ᠌ᠭᠢᠨ ᠳᠤ ᠲᠤᠬᠢᠶᠠᠯᠳᠤᠭᠰᠠᠨ ᠪᠣᠯ ᠶᠠᠭᠠᠭᠢᠳᠠᠭ ᠢ ᠳᠠᠨᠤᠰ ᠲᠦᠰᠤᠪᠯᠠᠵᠤ ᠥᠵᠡᠭᠡᠷᠡᠢ ᠊᠊᠊᠊᠊᠊᠊᠊᠊᠊᠊᠊᠊᠊᠊ ᠳᠠᠷᠠ ᠪᠢᠴᠢᠭ᠍ᠳᠡᠨ ᠢ ᠠᠪᠣᠷᠠᠨ ᠭᠠᠷᠭᠠᠬᠤ ᠪᠣᠯᠤᠯᠴᠠᠭ᠎ᠠ ᠪᠠᠢ᠌ᠨ᠎ᠠ ᠭᠡᠵᠢ ᠦᠦ︖ ᠬᠤᠪᠯᠠᠨ ᠵᠠᠭᠠᠯᠳᠤᠵᠤ ᠪᠠᠢ᠌ᠭᠠᠤᠨ ᠶᠠᠯ᠎ᠠ ᠶᠢ ᠨᠢ ᠭᠦᠡᠳᠦᠷᠡᠭᠦᠯᠭᠦ ᠦᠭᠡᠶ ᠪᠣᠯ ᠪᠣᠷᠬᠠᠨ ᠦᠷᠦᠰᠢᠶᠠᠯ᠎ᠠ ᠭᠡᠵᠤ ᠮᠡᠳᠡᠭᠡᠷᠡᠢ︕ ᠡᠨᠡ ᠪᠣᠯ ᠨᠢᠭᠡ ᠬᠤᠴᠤᠷᠠᠭᠳᠠᠩᠭ᠋ᠤᠢ ᠦᠨᠳᠦᠰᠦᠳᠠᠨ ᠪᠣᠯᠤᠨ ᠳᠠᠪᠰᠢᠭᠰᠠᠨ ᠣᠭᠰᠠᠭᠠᠳᠠᠨ ᠤ ᠵᠦᠷᠢᠶ᠎ᠠ ᠶᠢ ᠳᠤᠳᠤᠬᠠᠨ ᠬᠠᠷᠠᠭᠤᠯᠬᠤ ᠢᠯᠡᠳᠭᠡᠮᠵᠢ ᠪᠣᠯᠬᠤ ᠶᠤᠮ᠃ ᠪᠦᠭᠡ ᠶᠢᠨ ᠰᠤᠶᠤᠯ ᠪᠣᠯ ᠮᠠᠨ ᠤ ᠦᠨᠳᠦᠰᠦᠳᠠᠨ ᠤ ᠣᠯᠠᠮᠵᠢᠯᠠᠯᠳᠤ ᠪᠠᠶ᠎ᠠ ᠳᠠᠮᠢᠷ ᠤᠨ ᠭᠦᠳᠡᠯᠭᠡᠭᠡᠨ ᠪᠣᠯᠬᠤ ᠡᠴᠠ ᠪᠢᠰᠢ᠂ ᠣᠭᠰᠠᠭ᠎ᠠ ᠪᠠᠳᠠᠷᠠᠨ ᠦᠨᠳᠦᠰᠦᠳᠠᠨ ᠮᠠᠠᠳᠤᠬᠤ ᠶᠢᠨ ᠳᠦᠰᠢᠭ᠌ ᠳᠤᠯᠭᠠᠭᠤᠷᠢ ᠯᠠᠪᠳᠠᠢ ᠪᠢᠰᠢ ᠡ᠃ 《ᠪᠠᠶ᠎ᠠ ᠪᠠᠭᠠᠳᠤᠷ ᠪᠣᠯᠪᠠᠰᠤ ᠨᠢᠭᠡᠨ ᠦᠶ᠎ᠡ ᠶᠢᠨ ᠪᠠᠭᠠᠳᠤᠷ᠂ ᠪᠢᠯᠢᠭ᠌ ᠪᠭᠠᠳᠤᠷ ᠪᠣᠯᠪᠠᠰᠤ ᠲᠦᠮᠡᠨ ᠦᠶ᠎ᠡ ᠶᠢᠨ ᠪᠠᠭᠠᠳᠤᠷ》 ᠭᠡᠵᠤ ᠮᠠᠨ ᠤ ᠶᠡᠭᠡ ᠪᠣᠭᠳᠠ ᠰᠤᠷᠭᠠᠭᠰᠠᠨ ᠨᠢ ᠠᠷᠭ᠎ᠠ ᠦᠭᠡᠶ ᠵᠦᠪ᠂ ᠳᠠᠭᠢᠶ᠎ᠠ ᠨᠤᠭᠤᠰᠤᠯᠠᠬᠤ ᠴᠢᠳᠠᠯ ᠦᠭᠡᠶ ᠢᠠᠵᠠᠠᠨᠠᠰᠢ ᠠᠪᠣᠭᠠᠢ 《ᠭᠦᠩᠭᠡᠨ ᠪᠢᠷ》 ᠶᠢᠡᠨ ᠭᠦᠰᠢᠵᠤ ᠪᠠᠢ᠌ᠭᠠᠤᠨ 《ᠭᠦᠭᠡ ᠰᠤᠳᠤᠷ》 ᠢ ᠳᠤᠭᠤᠷᠪᠢᠵᠤ᠂ ᠪᠦᠭᠦᠢᠯᠡ ᠮᠤᠩᠭ᠋ᠤᠯ ᠤᠨ ᠥᠡᠳᠦᠷᠯᠢᠭ᠌ ᠳᠡᠭᠡᠷᠡᠭᠢ ᠨᠡᠭᠦᠳᠡᠯᠴᠢᠳ ᠤᠨ ᠬᠣᠢ᠌ᠴᠢᠰ ᠲᠤ ᠰᠡᠭᠡᠭᠡᠷᠡᠨ ᠣᠬᠠᠮᠰᠠᠷᠠᠬᠤ ᠭᠡᠷᠡᠯ ᠭᠡᠭᠡ ᠠᠰᠠᠭᠠᠵᠤ ᠦᠭ‍ᠭᠦᠭ᠍ᠰᠡᠨ ᠢ ᠭᠦᠮᠤᠨ ᠪᠦᠭᠦᠨ ᠮᠠᠳᠠᠨ᠎ᠡ᠂ ᠡᠭᠦᠨ ᠢ ᠠᠯᠢ ᠨᠢᠭᠡ ᠠᠯᠳᠠᠷᠳᠠᠢ ᠪᠦᠭᠡ ᠲᠡᠶ ᠠᠳᠠᠯᠢᠤᠠᠬᠠᠨ ᠭᠡᠯᠡᠯᠴᠡᠵᠤ ᠪᠣᠯᠬᠤ ᠭᠡᠵᠢ ᠦᠦ︖ ᠮᠠᠨ ᠤ ᠦᠨᠳᠦᠰᠦᠳᠠᠨ ᠳᠤᠭᠠᠳᠠᠢ ᠭᠡᠳᠤᠨ ᠪᠢᠷ᠎ᠠ ᠴᠢᠳᠠᠯ ᠪᠣᠯᠴᠢᠩ ᠰᠢᠷᠪᠣᠰᠤ ᠲᠡᠶ ᠪᠦᠭᠡ ᠪᠠᠷ ᠶᠢᠡᠨ ᠳᠡᠯᠡᠭᠡᠢ ᠶᠢᠨ ᠳᠠᠪᠴᠠᠩ ᠳᠡᠭᠡᠷ᠎ᠡ ᠭᠡᠳᠡᠢ᠌ᠵᠤ ᠵᠤᠭᠰᠤᠨ᠎ᠠ ᠭᠡᠭ᠍ᠴᠢ ᠪᠣᠯᠤᠯᠴᠠᠭ᠎ᠠ ᠦᠭᠡᠶ ᠭᠡᠷᠡᠭ᠌᠂ ᠬᠠᠷᠢᠨ ᠭᠦᠮᠤᠨ ᠲᠦᠷᠦᠯᠭᠢᠳᠠᠨ ᠤ ᠣᠶᠤᠨ ᠤ ᠳᠠᠯᠠᠰ ᠪᠣᠯᠤᠭᠰᠠᠨ ᠨᠤᠮ ᠪᠢᠴᠢᠭ᠌ ᠡᠴᠠ ᠰᠢᠮ᠎ᠠ ᠳᠡᠵᠢᠭᠡᠯ ᠭᠦᠷᠳᠡᠵᠤ᠂ ᠪᠠᠯᠠᠢ ᠮᠤᠩᠬᠠᠭ ᠤᠨ ᠳᠤᠭᠳᠤᠢ ᠡᠴᠠ ᠪᠠᠨ ᠰᠤᠭᠤᠷᠠᠵᠤ ᠭᠠᠷᠤᠭᠠᠤᠨ ᠮᠠᠠᠳᠤᠨ ᠭᠦᠭ᠍ᠵᠢᠭᠦ ᠳᠠᠷᠳᠠᠩ ᠬᠠᠷᠭᠤᠢ ᠪᠠᠨ ᠡᠷᠳᠡᠭᠡᠨ ᠡᠯᠭᠦᠵᠤ ᠠᠪᠬᠤ ᠭᠡᠷᠡᠭ᠍ᠳᠡᠢ ᠪᠣᠯᠵᠠᠢ᠃

ᠮᠠᠨ ᠤ ᠦᠨᠳᠦᠰᠦᠳᠠᠨ ᠭᠡᠷᠪᠡ ᠪᠦᠭᠡ ᠪᠠᠨ ᠳᠡᠭᠡᠳᠦᠯᠡᠭᠦ ᠰᠢᠭ᠌ ᠶᠢᠡᠨ ᠪᠢᠴᠢᠭ᠌ ᠰᠤᠶᠤᠯ ᠶᠢᠡᠨ ᠳᠡᠭᠡᠳᠦᠯᠡᠴᠢᠭᠦ ᠶᠤᠮ ᠪᠣᠯ ᠯᠠᠪᠳᠠᠢ ᠡᠨᠡ ᠡᠳᠦᠷ ᠠᠳᠠᠯᠢ ᠰᠦᠨᠠᠰᠤ ᠦᠭᠡᠶ ᠯᠠᠪᠳᠠᠢ᠌ᠵᠤ ᠶᠠᠪᠣᠬᠤ ᠪᠠᠷ ᠦᠭᠡᠶ᠃

ᠦᠨᠳᠦᠰᠦᠳᠠᠨ ᠤ ᠮᠢᠨᠢ ᠰᠥᠭ᠌᠂ ᠣᠭᠰᠠᠭᠠᠳᠠᠨ ᠤ ᠮᠢᠨᠢ ᠭᠡᠢ᠌ᠮᠦᠷᠢ ᠬᠤᠷᠤᠢ ᠬᠤᠷᠤᠢ ᠁


2009 ᠣᠨ ᠤ10 ᠰᠠᠷᠠᠢ᠌ᠨ 20 ᠳ᠋ᠤ᠃

ᠵᠤᠬᠢᠶᠠᠭᠴᠢ ᠶᠢᠨ ᠬᠠᠶ‍ᠢᠭ ᠄ ᠵᠡᠭᠦᠨ ᠪᠠᠭᠠᠷᠢᠨ ᠤ ᠪᠠᠶᠠᠨ ᠠᠭᠤᠯᠠ ᠣᠷᠠᠨ ᠵᠤᠬᠢᠶᠠᠯ ᠤᠨ ᠬᠠᠮᠳᠤᠯᠢᠭ


ᠵᠤᠬᠢᠶᠠᠭᠴᠢ᠄ ᠨᠤ᠋·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1607
ᠴᠠᠭ᠄ 2009 ᠤᠨ ᠤ 12 ᠰᠠᠷ᠎ᠠ ᠶᠢᠨ 05
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠨᠠᠢ᠌ᠷᠠᠭᠤᠯᠤᠯ - ᠮᠠᠨᠠᠢ᠌ᠬᠢᠳ ᠴᠢᠨᠢ ᠶᠠᠭᠤ ᠬᠢᠵᠡᠭᠡᠳᠡᠭ ᠤᠯᠤᠰ ᠪᠤᠢ︖