ᠳᠤᠭᠤᠯ ᠤᠨ ᠭᠤᠤᠯ

ᠬᠠᠩᠭᠢᠨ ᠰᠢᠷᠤᠢ ᠶᠢ ᠡᠩᠭᠦᠷᠡᠢ᠌ᠯᠡᠨ ᠳᠤᠨᠤᠷᠠᠭᠰᠠᠨ ᠳᠤᠭᠤᠯ ᠤᠨ ᠭᠤᠤᠯ

ᠬᠠᠩᠭ᠋ᠠᠢ ᠭᠤᠪᠢ ᠪᠠᠨ ᠬᠠᠭᠠᠯᠵᠤ ᠭᠦᠡᠳᠡᠢ᠌ᠷᠡᠭ᠍ᠰᠡᠨ ᠳᠤᠮᠤᠭ ᠤᠨ ᠭᠤᠤᠯ

ᠬᠠᠯᠠᠭᠤᠨ ᠬᠤᠰᠢᠭᠤᠳᠤ ᠪᠠᠨ ᠪᠦᠣᠪᠠᠢ᠌ᠯᠠᠵᠤ ᠣᠮᠳᠠᠯᠠᠭᠰᠠᠨ ᠡᠭᠡ ᠭᠤᠤᠯ

ᠬᠠᠷᠠᠴᠤ ᠲᠦᠮᠡᠨ ᠤ ᠬᠠᠢ᠌ᠷ᠎ᠠ ᠶᠢ ᠳᠠᠳᠠᠭᠰᠠᠨ ᠰᠢᠳᠦᠭᠡᠨ ᠭᠤᠤᠯ ᠡ


ᠳᠤᠯᠭ᠎ᠠ ᠶᠢᠨ ᠭᠠᠯ ᠤᠨ ᠣᠠᠳᠠᠷᠠᠭᠰᠠᠨ ᠴᠤᠭ ᠰᠠᠯᠭᠢ ᠪᠣᠯᠵᠤ ᠳᠡᠭ᠍ᠳᠡᠪᠡ

ᠳᠡᠮᠡᠭᠡᠨ ᠵᠢᠩ ᠤᠨ ᠭᠠᠯ ᠠᠶᠠᠨ ᠤ ᠪᠣᠳᠠᠷᠠᠭᠰᠠᠨ ᠴᠤᠪᠣᠭ᠎ᠠ ᠬᠣᠢ᠌ᠯᠠᠷᠠᠪᠠ

ᠵᠡᠭᠦᠳᠤᠨ ᠳᠤ ᠢᠷᠡᠭ᠍ᠰᠡᠨ ᠣᠯᠠᠨ ᠮᠤᠷᠢᠳᠠᠤᠨ ᠤᠨ ᠳᠦᠷᠦᠭᠡᠨ ᠳᠠᠭᠤᠨ ᠬᠠᠩᠭᠢᠨᠠᠨ᠎ᠠ

ᠵᠡᠷᠭᠡᠯᠭᠡᠡᠳᠤ ᠭᠤᠪᠢ ᠶᠢᠨ ᠵᠡᠷᠯᠢᠭ᠌ ᠴᠢᠨ᠋ᠸ᠎ᠠ ᠳᠡᠭ᠍ᠷᠢ ᠶᠢᠨ ᠬᠠᠶᠠᠭᠠᠨ ᠳᠤ ᠣᠯᠢᠨ᠎ᠠ


ᠣᠨ ᠣᠳᠠᠭᠠᠨ ᠣᠷᠤᠰᠴᠤ ᠱᠤᠤᠭᠢᠭᠰᠠᠨ ᠳᠤᠭᠤᠯ ᠤᠨ ᠭᠤᠤᠯ ᠮᠢᠨᠢ

ᠣᠳᠤ ᠬᠠᠷᠢᠨ ᠣᠰᠤ ᠴᠤ ᠦᠭᠡᠶ᠂ ᠰᠢᠪᠠᠭᠤ ᠴᠤ ᠦᠭᠡᠶ ᠡᠮᠵᠡᠭᠯᠡᠨ

ᠣᠯᠠᠨ ᠵᠠᠭᠤᠨ ᠤ ᠪᠣᠭᠤᠷᠤᠯᠳᠤᠭᠰᠠᠨ ᠳᠡᠦᠭᠡ ᠶᠢᠨ ᠥᠯᠢᠭᠡᠷ ᠭᠦᠦᠷᠨᠢᠵᠤ

ᠣᠷᠴᠢᠯᠠᠩ ᠤᠨ ᠵᠠᠢ ᠳᠤ ᠨᠢᠴᠦᠭᠦᠨ ᠡᠯᠡᠰᠤ ᠪᠠᠨ ᠡᠪᠦᠷᠯᠡᠵᠤ ᠨᠣᠢ᠌ᠷᠰᠤᠵᠠᠢ


ᠪᠣᠭᠤᠷᠤᠯ ᠨᠤᠳᠤᠭ ᠤᠨ ᠳᠤᠭᠰᠢᠨ ᠰᠢᠭᠤᠷᠭ᠎ᠠ ᠰᠢᠭ ᠭᠦᠷᠭᠢᠷᠡᠨ ᠳᠤᠯᠭᠢᠶᠠᠯᠠᠵᠤ

ᠪᠣᠷᠤᠭᠠᠠᠳᠤ ᠣᠯᠠᠷᠢᠯ ᠤᠨ ᠴᠩᠭᠡᠷ ᠳᠠᠯ᠎ᠠ ᠪᠠᠨ ᠵᠦᠰᠤᠨ ᠥᠶᠡᠷᠯᠡᠳᠡᠭ᠌

ᠪᠣᠷᠬᠠᠨ ᠳᠡᠭᠡᠳᠤ ᠶᠢᠨ ᠭᠤᠯᠤᠮᠳᠠ ᠰᠠᠭᠢᠭᠰᠠᠨ ᠳᠤᠭᠤᠯ ᠤᠨ ᠭᠤᠤᠯ ᠮᠢᠨᠢ

ᠪᠣᠴᠠᠵᠤ ᠢᠷᠡᠭᠡ ᠦᠭᠡᠶ ᠨᠡᠭᠦᠳᠡᠯ ᠤᠨ ᠰᠢᠪᠠᠭᠤ ᠰᠢᠭ ᠵᠡᠭᠦᠳᠤᠨ ᠡᠴᠡ ᠬᠤᠯᠠᠳᠠᠵᠠᠢ


2010.4.19


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1272
ᠴᠠᠭ᠄ 2010 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁