ᠮᠤᠩᠭ᠋ᠤᠯ ᠮᠢᠨᠢ ᠡ᠊ᠨᠳᠡ ᠪᠠᠢ᠌ᠵᠠᠢ
- ᠭᠢᠩᠭ᠋ᠠᠨ ᠠᠢ᠌ᠮᠠᠭ ᠤᠨ ᠦᠪᠣᠷᠵᠢᠯᠠᠭ᠎ᠠ ᠨᠤᠳᠤᠭ ᠲᠤ ᠭᠦᠷᠦᠭᠡᠳ

ᠥᠪᠦᠷ ᠳᠦᠴᠢ ᠶ‍ᠢᠰᠤᠨ ᠳᠤ

ᠦᠪᠡᠷ ᠤᠨ ᠨᠤᠳᠤᠭ ᠯᠠ ᠭᠤᠶᠤᠬᠠᠨ ᠭᠡᠰᠡᠨ

ᠡᠪᠦᠭᠡᠳ ᠤᠨ ᠦᠶ᠎ᠡ ᠶᠢᠨ ᠰᠤᠷᠭᠠᠯ ᠢ

ᠦᠳᠡᠰᠢ ᠶᠢᠨ ᠵᠡᠭᠦᠳᠤᠨ ᠳᠤ ᠪᠠᠨ ᠴᠤ ᠵᠥᠪᠳᠡᠭᠡᠵᠤ ᠪᠠᠢ᠌ᠵᠠᠢ


ᠦᠨᠢᠷ ᠳᠠᠩᠰᠤᠭ ᠬᠤᠷᠴᠢᠨ ᠳᠤ

ᠠᠭᠤᠳᠠᠮ ᠪᠠᠶᠠᠯᠢᠭ ᠨᠤᠳᠤᠭ ᠦᠯᠠᠳᠠᠪᠠ ᠦᠦ ︖ ᠭᠡᠵᠤ

ᠦᠯᠢᠭᠡᠷ ᠳᠡᠦᠭᠡ᠂ ᠦᠨᠦ ᠦᠶ᠎ᠡ ᠡᠴᠡ ᠴᠤ

ᠣᠩᠰᠢᠵᠤ ᠨᠢᠳᠦᠯᠡᠭ᠍ᠰᠡᠭᠡᠷ ᠢᠷᠠᠯ᠎ᠠ᠂ ᠪᠢ


ᠭᠡᠶ᠎ᠡ᠂ ᠮᠤᠩᠭ᠋ᠤᠯ ᠮᠢᠨᠢ ᠡ᠊ᠨᠳᠡ ᠪᠠᠢ᠌ᠵᠠᠢ

ᠭᠡᠷᠡᠯᠳᠦᠵᠤ ᠪᠠᠢ᠌ᠭ᠎ᠠ ᠨᠠᠷᠠ ᠨᠢ ᠮᠤᠩᠭ᠋ᠤᠯ

ᠭᠡᠳᠡᠵᠤ ᠳᠠᠭᠠᠬᠤ ᠰᠡᠭᠦᠳᠡᠷ ᠨᠢ ᠮᠤᠩᠭ᠋ᠤᠯ

ᠭᠡᠵᠢᠭᠡ ᠶᠢ ᠢᠯᠪᠢᠭᠦ ᠰᠠᠯᠭᠢ ᠨᠢ ᠴᠤ ᠮᠤᠩᠭ᠋ᠤᠯ


ᠡᠭᠡ ᠮᠤᠩᠭ᠋ᠤᠯ ᠮᠢᠨᠢ ᠡ᠊ᠨᠳᠡ ᠪᠠᠢ᠌ᠵᠠᠢ

ᠣᠭᠳᠤᠵᠤ ᠢᠨᠢᠶᠡᠭᠦ ᠴᠢᠷᠠᠢ ᠨᠢ ᠮᠤᠩᠭ᠋ᠤᠯ

ᠣᠷᠳᠤᠭᠤᠯᠵᠤ ᠡᠭᠡᠰᠢᠭᠯᠡᠭᠦ ᠳᠠᠭᠤᠤ ᠨᠢ ᠮᠤᠩᠭ᠋ᠤᠯ

ᠣᠳᠤ ᠶᠢ ᠬᠤᠷᠮᠣᠢ᠌ᠯᠠᠭᠰᠠᠨ ᠳᠡᠭ᠍ᠷᠢ ᠨᠢ ᠴᠤ ᠮᠤᠩᠭ᠋ᠤᠯ


ᠨᠤᠭᠤᠭᠠᠨ ᠳᠠᠯ᠎ᠠ᠂ ᠨᠠᠯᠣᠢ᠌ᠮ᠎ᠠ ᠰᠦᠷᠦᠭ᠌ ᠢ

ᠵᠢᠷᠤᠭ ᠤᠨ ᠶ‍ᠢᠷᠳᠢᠠᠴᠤ ᠡᠴᠡ ᠬᠠᠷᠠᠵᠤ ᠪᠠᠢ᠌ᠭᠰᠠᠨ ᠪᠢ

ᠨᠤᠭᠤᠭᠠᠨ ᠳᠠᠯ᠎ᠠ᠂ ᠨᠠᠯᠣᠢ᠌ᠮ᠎ᠠ ᠰᠦᠷᠦᠭ᠌ ᠤᠨ ᠦᠨᠡᠨ ᠢ

ᠵᠠᠰᠠᠭᠳᠤ ᠶᠢᠨ ᠦᠪᠣᠷᠵᠠᠯᠠᠭ᠎ᠠ ᠡᠴᠡ ᠰᠡᠭᠦᠳᠡᠷᠯᠡᠯ᠎ᠡ


ᠮᠢᠨᠤ ᠮᠤᠩᠭ᠋ᠤᠯ ᠡ᠊ᠨᠳᠡ ᠪᠠᠢ᠌ᠵᠠᠢ

ᠭᠡᠷ ᠲᠤ ᠪᠠᠨ ᠭᠦᠡᠳᠦᠯᠡᠭᠦ ᠶᠤᠰᠤ ᠨᠢ ᠮᠤᠩᠭ᠋ᠤᠯ

ᠭᠡᠭᠡᠷᠡᠳᠡᠯ᠎ᠡ ᠶᠠᠷᠢᠯᠴᠠᠭᠰᠠᠨ ᠴᠤ ᠭᠡᠯᠡ ᠨᠢ ᠮᠤᠩᠭ᠋ᠤᠯ

ᠭᠦᠢᠯᠡᠷ ᠭᠤᠤᠯ ᠤᠨ ᠠᠮᠢᠰᠬᠤᠭ᠎ᠠ ᠨᠢ ᠴᠤ ᠮᠤᠩᠭ᠋ᠤᠯ ᠡ


ᠮᠢᠨᠤ ᠮᠤᠩᠭ᠋ᠤᠯ ᠡ᠊ᠨᠳᠡ ᠪᠠᠢ᠌ᠵᠠᠢ

ᠡᠮᠦᠰᠭᠡᠯ ᠵᠠᠰᠠᠯ ᠨᠢ ᠳᠡᠷᠯᠢᠭ᠌

ᠡᠮᠡᠭᠡᠯᠳᠤ ᠮᠤᠷᠢ ᠨᠢ ᠠᠷᠭᠤᠮᠠᠭ

ᠦᠨᠳᠦᠷ ᠠᠭᠤᠯᠠᠨ ᠨᠢ ᠴᠤ ᠪᠣᠷᠵᠢᠭᠢᠨ ᠡ


ᠮᠢᠨᠤ ᠮᠤᠩᠭ᠋ᠤᠯ ᠡ᠊ᠨᠳᠡ ᠪᠠᠢ᠌ᠵᠠᠢ

ᠠᠠᠳᠠ ᠶᠢᠨ ᠰᠡᠳᠭᠢᠯ ᠠᠷᠢᠭᠤᠨ ᠡᠴᠡ ᠠᠷᠢᠭᠤᠨ

ᠠᠢ᠌ᠯ ᠤᠨ ᠬᠡᠦᠭᠡᠡᠴᠦᠳ ᠴᠢᠷᠠᠢ᠌ᠯᠢᠭ ᠡᠴᠡ ᠴᠢᠷᠠᠢ᠌ᠯᠢᠭ

ᠠᠭᠤᠯᠠ ᠶᠢᠨ ᠣᠪᠣᠭ᠎ᠠ ᠰᠦᠷᠯᠢᠭ᠌ ᠡᠴᠡ ᠰᠦᠷᠯᠢᠭ᠌


ᠮᠢᠨᠤ ᠮᠤᠩᠭ᠋ᠤᠯ ᠡ᠊ᠨᠳᠡ ᠪᠠᠢ᠌ᠵᠠᠢ

ᠮᠢᠨᠤ ᠶ‍ᠢᠰᠤᠨ ᠭᠦᠰᠡᠯ ᠡ᠊ᠨᠳᠡ ᠪᠠᠶᠠᠯᠠᠵᠠᠢ

ᠮᠤᠩᠭ᠋ᠤᠯ ᠨᠤᠳᠤᠭ ᠡᠢ᠌ᠮᠤ ᠳᠤ ᠪᠠᠨ ᠣᠮᠤᠭᠰᠢᠯᠳᠠᠢ

ᠮᠤᠩᠭ᠋ᠤᠯ ᠨᠤᠳᠤᠭ ᠶᠢᠡᠨ ᠡᠭᠦᠷᠢᠳᠡ ᠰᠠᠭᠢᠯᠳᠠᠢ


ᠵᠤᠬᠢᠶᠠᠭᠴᠢ ᠶᠢᠨ ᠬᠠᠶ‍ᠢᠭ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠬᠠᠷᠢᠶ᠎ᠠ᠄ ᠰᠢᠯᠦᠭ
ᠳᠠᠷᠤᠮ᠄ 2116
ᠴᠠᠭ᠄ 2010 ᠤᠨ ᠤ 08 ᠰᠠᠷ᠎ᠠ ᠶᠢᠨ 03