ᠨᠠᠷᠠ ᠲᠡᠶ ᠭᠠᠵᠠᠷ ᠡᠴᠡ ᠴᠢᠳᠭᠦᠷ ᠴᠤ ᠠᠶᠤᠳᠠᠭ
᠊᠊᠊᠊᠊᠊᠊᠊᠊᠊᠊᠊᠊᠊᠊ ᠳᠤᠮᠳᠠᠳᠤ ᠣᠯᠤᠰ ᠤᠨ ᠡᠪ ᠬᠠᠮᠳᠤ ᠨᠠᠮ ᠪᠠᠢ᠌ᠭᠤᠯᠤᠭᠳᠠᠭᠰᠠᠨ 90 ᠵᠢᠯ ᠤᠨ ᠣᠢ ᠶᠢᠨ ᠪᠠᠶᠠᠷ ᠲᠤ

ᠪᠠᠢ᠌ᠭᠠᠯᠢ ᠶᠢᠨ ᠰᠤᠳᠤᠨ ᠵᠢᠷᠤᠭ ᠳᠤᠳᠤᠷᠠᠭᠤᠯᠵᠤ

ᠨᠠᠷᠠ ᠮᠥᠩᠭᠡ ᠳᠦᠷᠠᠯᠵᠠᠨ᠎ᠠ

ᠪᠠᠶᠠᠵᠢᠯ ᠤᠨ ᠴᠡᠩᠭᠡᠷ ᠬᠠᠷᠭᠤᠢ ᠳᠤᠨᠤᠯᠵᠠᠭᠤᠯᠵᠤ

ᠨᠠᠮ ᠦᠨᠢᠳᠠ ᠳᠤᠶᠠᠭᠠᠷᠠᠨ᠎ᠠ


ᠦᠷᠯᠦᠭᠡ ᠶᠢᠨ ᠳᠤᠶᠠᠭ᠎ᠠ ᠰᠦ᠋ ᠪᠠᠷ ᠢᠪᠢᠯᠵᠤ

ᠦᠷᠯᠦᠭ᠌ ᠣᠢ᠌ᠯᠠᠰ ᠶᠢᠡᠨ ᠳᠠᠯᠠᠯᠤᠨ ᠮᠢᠯᠢᠶᠠᠵᠤ

ᠥᠭ᠍‍ᠭᠢᠶᠡᠮᠦᠷ ᠬᠤᠷ᠎ᠠ ᠨᠤᠭᠤᠭᠠᠨ ᠶᠢᠡᠷ ᠠᠮᠢᠰᠬᠤᠯᠠᠵᠤ

ᠦᠷᠤᠴᠠᠨ ᠤ ᠮᠢᠨᠢ ᠳᠠᠯ᠎ᠠ ᠶᠢ ᠰᠠᠷᠠᠭᠤᠯᠵᠢᠭᠤᠯᠤᠭᠰᠠᠨ ᠶᠤᠮ


ᠭᠦᠰᠡᠯ ᠤᠨ ᠰᠤᠷ ᠲᠡᠶ ᠠᠶᠠᠨ ᠤ ᠳᠦᠷᠦᠭᠡᠨ ᠳᠤ

ᠭᠦᠭ᠍ᠵᠢᠯ ᠤᠨ ᠴᠡᠴᠡᠭ᠌ ᠢ ᠳᠡᠯᠭᠡᠷᠡᠭᠦᠯᠦᠭ᠍ᠰᠡᠨ ᠶᠤᠮ

ᠭᠦᠮᠤᠨ ᠵᠤᠨ ᠤ ᠪᠠᠨ ᠠᠮᠢᠳᠤᠷᠠᠯ ᠤᠨ ᠣᠷᠴᠢᠨ ᠳᠤ

ᠭᠦᠷ ᠤᠨ ᠨᠤᠲ᠋ ᠶᠢ ᠰᠡᠢ᠌ᠯᠪᠦᠷᠢᠯᠡᠭ᠍ᠰᠡᠨ ᠶᠤᠮ


ᠭᠠᠴᠢᠭ ᠣᠨ ᠤ ᠥᠵᠢᠷᠡᠭ᠍ᠰᠡᠨ ᠰᠠᠯᠠᠭᠠᠨ ᠡᠴᠡ

ᠭᠠᠩᠭ᠋ᠠᠩ ᠴᠡᠴᠡᠭ᠌ ᠢ  ᠮᠥᠰᠢᠶᠡᠯᠭᠡᠭ᠍ᠰᠡᠨ ᠶᠤᠮ

ᠭᠠᠯᠪᠠ ᠶᠢᠨ ᠭᠠᠯᠪᠠ ᠳᠠᠭᠤᠯᠠᠭᠠᠤᠨ ᠰᠠᠭᠤᠮᠠᠷ

ᠭᠠᠢ᠌ᠬᠠᠮᠰᠢᠭᠳᠤ ᠭᠠᠪᠢᠶ᠎ᠠ ᠶᠢ ᠪᠦᠳᠦᠭᠡᠭ᠍ᠰᠡᠨ ᠶᠤᠮ


ᠲ᠋ᠡᠯᠭᠡᠵᠤ ᠳᠠᠯᠪᠢᠭᠰᠠᠨ ᠴᠠᠭᠠᠨ ᠴᠠᠭᠠᠰᠤᠨ ᠳᠤ

ᠵᠢᠷᠤᠭᠳᠠᠬᠤ ᠨᠠᠷᠠᠨ ᠴᠢ ᠪᠠᠢ᠌ᠯ᠎ᠠ   ᠊᠊᠊᠊᠊᠊᠊᠊᠊᠊᠊᠊᠊᠊᠊ ᠨᠠᠮ ᠮᠢᠨᠢ  

ᠳᠤᠮᠤᠭᠵᠢᠵᠤ ᠮᠥᠩᠭᠡᠷᠡᠭᠦ ᠳᠡᠦᠭᠡᠨ ᠬᠠᠭᠤᠳᠠᠰᠤᠨ ᠳᠤ

ᠳᠦᠷᠡᠯᠵᠡᠭᠦ ᠭᠠᠯ ᠴᠢ ᠪᠠᠢ᠌ᠯ᠎ᠠ ᠊᠊᠊᠊᠊᠊᠊᠊᠊᠊᠊᠊᠊᠊᠊ ᠨᠠᠮ ᠮᠢᠨᠢ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1574
ᠴᠠᠭ᠄ 2011 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ