ᠠᠷᠢᠭᠢᠯᠠᠬᠤ ᠶᠢᠨ ᠣᠬᠠᠭᠠᠨ

ᠠᠷᠢᠭᠢᠯᠠᠬᠤ ᠶᠢᠨ ᠣᠬᠠᠭᠠᠨ


ᠨᠤᠶᠠᠤᠨ ᠤᠨ ᠰᠢᠷᠡᠭᠡᠨ ᠳᠤ

ᠡᠯᠵᠢᠭᠡᠨ ᠡᠷᠭᠢᠯᠳᠡ ᠣᠳᠠᠭᠠᠨ ᠪᠣᠯᠬᠤᠷ

ᠰᠤᠭᠳᠤᠬᠤ ᠨᠢ ᠬᠤᠷᠳᠤᠨ


ᠨᠠᠢ᠌ᠵᠠ ᠶᠢᠨ ᠰᠢᠷᠡᠭᠡᠨ ᠳᠤ

ᠨᠠᠷᠠᠨ ᠡᠷᠭᠢᠯᠳᠡ ᠬᠤᠷᠳᠤᠨ ᠪᠣᠯᠬᠤᠷ

ᠰᠡᠷᠭᠦᠭᠦ ᠨᠢ ᠣᠳᠠᠭᠠᠨ


ᠠᠮᠢᠳᠤᠷᠠᠯ


ᠶᠠᠭᠠᠭᠢᠶ᠎ᠠ ᠭᠡᠳ

ᠶᠠᠰᠤᠨ ᠡᠴᠡ ᠪᠠᠨ ᠭᠦᠯᠦᠰᠤ ᠭᠠᠷᠭᠠᠵᠤ ᠶᠠᠪᠣᠭᠰᠠᠨ ᠪᠢᠯᠠ

ᠳᠠᠷᠠ ᠭᠦᠯᠦᠰᠤ ᠡᠳᠦᠭᠡ ᠱᠢᠷᠤ ᠰᠤᠪᠣᠤᠨ ᠪᠣᠯᠵᠤ

ᠮᠢᠨᠤ ᠭᠦᠵᠦᠭᠦᠨ ᠳᠤ ᠭᠢᠯᠳᠦᠭᠡᠨᠡᠨ ᠵᠡᠭᠦᠭ᠍ᠳᠡᠵᠤ ᠪᠢᠯᠠ


ᠶᠠᠭᠠᠭᠢᠪᠠᠯ ᠶᠠᠭᠠᠭᠢᠭ ᠭᠡᠵᠤ

ᠠᠭᠤᠵᠢᠷᠠᠵᠤ ᠪᠠᠰᠠ ᠥᠵᠡᠭ᠍ᠰᠡᠨ ᠪᠢᠯᠠ

ᠳᠠᠷᠠ ᠰᠡᠳᠭᠢᠯ ᠬᠤᠵᠢᠮ ᠨᠢ ᠴᠢᠯᠠᠭᠤ ᠪᠣᠯᠵᠤ

ᠮᠢᠨᠤ ᠠᠮᠢᠳᠤᠷᠠᠯ ᠳᠤ ᠭᠦᠡᠳᠦᠭᠡᠨ ᠳᠡᠭᠦᠵᠢᠯᠡᠭ᠍ᠳᠡᠵᠤ ᠪᠢᠯᠠ


ᠦᠴᠦᠭᠡᠨ ᠨᠠᠮ᠎ᠠ ᠶᠢ ᠠᠷᠠᠤᠨ ᠲᠦᠮᠡᠨ ᠦᠷᠤᠪᠳᠠᠨ ᠡᠷᠭᠦᠭ᠍ᠰᠡᠨ ᠶᠤᠮ


ᠨᠤᠶᠠᠨ ᠭᠡᠪᠠᠯ ᠨᠤᠶᠠᠨ ᠰᠤᠮᠤᠨ ᠤ ᠦᠴᠦᠭᠡᠨ ᠳᠠᠷᠤᠭ᠎ᠠ ᠳᠠᠳᠤᠢ

ᠰᠢᠯᠦᠭ᠍ᠴᠢ ᠭᠡᠪᠠᠯ ᠰᠢᠯᠦᠭ᠍ᠴᠢ ᠣᠯᠳᠤᠢ ᠨᠢᠭᠡᠭᠡᠨ ᠳᠡᠭᠦᠪᠦᠷᠢ ᠲᠡᠶ

ᠨᠤᠶᠠᠨ ᠪᠢᠰᠢ ᠭᠡᠪᠠᠯ ᠨᠤᠶᠠᠨ ᠪᠢᠰᠢ ᠠᠷᠠᠤᠨ ᠲᠦᠮᠡᠨ ᠮᠢᠨᠢ ᠠᠭᠤᠷᠯᠠᠪᠠᠯ

ᠨᠤᠶᠠᠨ ᠵᠡᠷᠭᠡ ᠶᠢ ᠬᠤᠰᠤᠭᠠᠤᠨ ᠬᠠᠶᠠᠴᠢᠬᠠᠨ᠎ᠠ

ᠰᠢᠯᠦᠭ᠍ᠴᠢ ᠪᠢᠰᠢ ᠭᠡᠪᠠᠯ ᠰᠢᠯᠦᠭ᠍ᠴᠢ ᠪᠢᠰᠢ ᠠᠷᠠᠤᠨ ᠲᠦᠮᠡᠨ ᠮᠢᠨᠢ ᠭᠤᠯᠤᠪᠠᠯ

ᠰᠢᠯᠦᠭ᠍ᠴᠢ ᠶᠢᠨ ᠳᠢᠳᠢᠮ ᠢ ᠮᠤᠯᠳᠤᠯᠤᠭᠠᠤᠨ ᠠᠪᠴᠢᠬᠠᠨ᠎ᠠ


ᠦᠴᠦᠭᠡᠨ ᠨᠠᠮ᠎ᠠ ᠶᠢ ᠠᠷᠠᠤᠨ ᠲᠦᠮᠡᠨ ᠮᠢᠨᠢ ᠦᠷᠤᠪᠳᠠᠨ ᠡᠷᠭᠦᠭ᠍ᠰᠡᠨ ᠶᠤᠮ

ᠰᠢᠯᠦᠭ᠍ᠴᠢ᠂ ᠨᠤᠶᠠᠨ ᠬᠤᠶᠠᠷ ᠡᠴᠡ ᠠᠯᠢ ᠨᠢᠭᠡ ᠶᠢ ᠨᠢ ᠰᠢᠯᠢ ᠭᠡᠪᠠᠯ

ᠰᠢᠠᠳᠠᠰᠤ ᠶᠢ ᠮᠢᠨᠢ ᠰᠢᠯᠭᠠᠵᠤ ᠭᠦᠮᠤᠨ ᠪᠣᠯᠭᠠᠬᠤ

ᠰᠢᠯᠦᠭ᠌ ᠤᠨ ᠵᠠᠮ ᠶᠢᠡᠨ ᠯᠠ ᠪᠢ ᠰᠤᠩᠭ᠋ᠤᠨᠠᠮ ︕


ᠵᠤᠬᠢᠶᠠᠭᠴᠢ ᠶᠢᠨ ᠬᠠᠶ‍ᠢᠭ᠄ ᠲᠦᠰᠢᠶᠠᠳᠤ ᠶᠢᠨ ᠭᠦᠡᠳᠦᠯ ᠰᠤᠮᠤ


ᠵᠤᠬᠢᠶᠠᠭᠴᠢ᠄ ᠢ᠊·ᠴᠡᠩᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1568
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁