ᠶᠠᠪᠣᠬᠤ ᠳᠤᠳᠤᠮ ᠳᠦᠭ᠍ᠰᠢᠭᠦᠷᠢ ᠰᠢᠭ᠌
᠊᠊᠊᠊᠊᠊᠊᠊᠊᠊᠊᠊᠊᠊᠊ ᠭᠠ᠊·ᠰᠢᠷᠠᠪᠵᠠᠮᠰᠤ ᠵᠢᠨ《ᠠᠠᠵᠢᠰᠤᠨ ᠬᠤᠰᠢᠭᠤᠨ ᠳᠤᠤᠷᠠᠭᠢ ᠦᠪᠣᠷ ᠮᠤᠠᠩᠭ᠋ᠤᠯ》 ᠊ᠢ ᠤᠩᠰᠢᠭᠡᠳ

ᠲ᠋ᠡᠭ᠍ᠷᠢ ᠥᠭᠡᠳᠡ ᠣᠯᠢᠭᠰᠠᠨ ᠳᠠᠯᠳᠤ ᠭᠦᠭᠡ ᠴᠢᠨ᠋ᠸ᠎ᠠ

ᠭᠠᠵᠠᠷ ᠣᠷᠤᠭᠤ ᠴᠠᠷᠪᠠᠭᠰᠠᠨ ᠢᠳᠠᠷ ᠭᠦᠷᠡᠩ ᠪᠦᠷᠭᠦᠤᠨ

ᠭᠠᠯᠪᠠ ᠶᠢᠨ ᠡᠯᠢᠭᠡ ᠶᠢ ᠳᠠᠪᠳᠤᠳᠠᠯ᠎ᠠ ᠳᠤᠰᠤᠯᠤᠭᠰᠠᠨ ᠮᠦᠰᠤᠨ ᠨᠢᠯᠪᠣᠰᠤ

ᠭᠤᠳᠤᠭᠠᠯ ᠭᠦᠳᠭᠡᠯ ᠳᠤ ᠴᠤᠭᠰᠢᠨ ᠮᠠᠨᠠᠭᠳᠠᠭᠰᠠᠨ ᠭᠦᠭᠡ ᠲᠦᠯᠤ


ᠦᠷᠦᠭᠡᠯ ᠤᠨ ᠳᠦᠷᠢᠯᠳᠠ ᠳᠤ ᠠᠶᠠᠰᠬᠤ ᠭᠡᠪᠷᠡᠭ᠌ ᠵᠠᠶᠠᠭᠠᠨ ᠤ ᠳᠤᠶᠠᠴᠢᠯ

ᠦᠪᠡᠷ ᠢ ᠪᠠᠨ ᠭᠤᠯᠤᠵᠤ ᠴᠥᠭᠦᠷᠡᠭ᠍ᠰᠡᠨ ᠴᠠᠯᠭᠠᠢ ᠪᠣᠳᠤᠯ ᠤᠨ ᠵᠢᠮᠠᠯᠠᠯ

ᠡᠭᠡᠵᠤ ᠪᠣᠴᠠᠬᠤ ᠵᠠᠶᠠᠭᠠᠨ ᠳ᠋ᠠᠭᠢ ᠭᠦᠡᠳᠤ ᠴᠢᠭᠢᠮᠠᠢ ᠳᠤᠩᠭ᠋ᠠᠯ

ᠡᠭᠦᠷᠢᠳᠡ ᠴᠡᠭᠡᠵᠢᠯᠡᠵᠤ ᠶᠠᠪᠣᠬᠤ ᠶᠢᠨ ᠳᠡᠦᠭᠡᠨ ᠭᠠᠰᠢᠭᠤᠨ ᠡᠪᠠᠷᠰᠢᠶᠡᠯ


ᠠᠳᠤᠭᠠᠨ ᠤ ᠪᠠᠨ ᠠᠷᠤ ᠡᠴᠠ ᠥᠭᠡᠢ᠌ᠯᠡᠨ ᠭᠤᠷᠠᠢ᠌ᠯᠠᠭ᠎ᠠ ᠡᠷᠢᠯᠴᠢᠨ ᠡᠷ᠎ᠡ

ᠠᠯᠳᠠᠭᠰᠠᠨ ᠵᠢᠡᠨ ᠡᠭᠡᠭᠦᠯᠭᠦ ᠪᠠᠷ ᠰᠢᠠᠳᠠᠰᠤ ᠴᠢᠩᠭ᠋ᠠᠯᠠᠭ᠎ᠠ ᠮᠤᠩᠭ᠋ᠤᠯ ᠭᠦᠮᠤᠨ

ᠭᠦᠴᠤ ᠵᠠᠳᠠᠭᠠᠢ᠌ᠷᠠᠭᠰᠠ ᠴᠤ ᠨᠤᠳᠤᠭ ᠳᠡᠭᠡᠳᠦᠯᠡᠳᠡᠭ᠌ ᠰᠡᠳᠭᠢᠯ ᠤᠨ ᠳᠡᠩᠭᠡᠭᠡ

ᠭᠦᠯᠦᠭ᠌ ᠴᠤᠴᠠᠭᠰᠠᠨ ᠴᠤ ᠤᠷᠭ᠎ᠠ ᠭᠦᠷᠳᠡᠭ᠌ ᠮᠤᠩᠭ᠋ᠤᠯ ᠵᠤᠷᠢᠭ


ᠣᠠᠳᠠᠭᠰᠠᠨ ᠳᠡᠦᠭᠡ ᠵᠢ ᠮᠦᠨ ᠶᠢᠡᠷ ᠦᠴᠢᠭᠯᠡᠭ᠍ᠰᠡᠨ ᠰᠢᠳᠤᠷᠭᠤ ᠪᠢᠴᠢᠭᠡᠴᠢ

ᠠᠯᠮᠠᠢ᠌ᠷᠠᠭᠰᠠᠨ ᠵᠡᠭᠦᠳᠤᠨ ᠢ ᠳᠠᠭᠤᠳᠠᠨ ᠰᠡᠷᠢᠭᠡᠭ᠍ᠴᠢ ᠦᠣᠷ ᠤᠨ ᠰᠢᠪᠠᠭᠤ

ᠡᠭᠡ ᠶᠢᠨ ᠬᠠᠢ᠌ᠷ᠎ᠠ ᠳᠤ ᠰᠥᠭᠦᠷᠡᠨ ᠮᠥᠯᠭᠦᠭᠡ ᠦᠷᠤ ᠵᠥᠭᠡᠯᠡᠨ ᠦᠯᠮᠡᠢ

ᠡᠴᠢᠭᠡ ᠶᠢᠨ ᠰᠦᠷ ᠲ᠋ᠤ ᠮᠦᠷᠭᠦᠨ ᠠᠮᠠᠯᠠᠭ᠎ᠠ ᠪᠠᠳᠤ ᠴᠢᠩᠭ᠎ᠠ ᠠᠠᠳᠠᠭᠠᠢ ︕



          ᠶᠠᠪᠣᠬᠤ ᠳᠤᠳᠤᠮ ᠳᠦᠭ᠍ᠰᠢᠭᠦᠷᠢ ᠰᠢᠭ᠌


ᠠᠰᠢᠭ ᠤᠨ ᠰᠢᠨᠤᠯ ᠣᠯᠠᠢ᠌ᠷᠠᠨ ᠣᠯᠠᠩᠭᠠᠳᠴᠤ

ᠡᠳ᠋ ᠠᠭᠤᠷᠠᠰᠤᠨ ᠬᠤᠷᠮᠤᠭᠠᠯᠠᠨ ᠴᠥᠯᠪᠠᠭ᠍ᠳᠡᠨ᠎ᠡ

ᠶᠠᠪᠣᠭᠤᠯ ᠢᠷᠭᠡᠨ ᠶᠠᠭᠰᠢᠷᠠᠳᠠᠯ᠎ᠠ ᠳᠦᠭᠦᠷᠴᠤ

ᠢᠮᠠᠭᠠᠨ ᠰᠦᠷᠦᠭ᠌ ᠦᠵᠡᠳᠠᠯ᠎ᠠ ᠴᠥᠭᠡᠭᠡᠷᠡᠨ᠎ᠡ


ᠭᠦᠯᠦᠰᠤᠨ ᠮᠠᠯᠴᠢᠨ ᠳᠠᠭᠢᠨ ᠵᠢᠡᠷ ᠨᠡᠮᠡᠭ᠍ᠳᠡᠵᠤ

ᠬᠤᠳᠠ ᠭᠦᠷᠢᠶ᠎ᠡ ᠠᠶᠠᠠᠳᠠᠭᠠᠨ ᠡᠵᠡᠭᠦᠢᠷᠡᠨ᠎ᠡ

ᠬᠤᠷ᠎ᠠ ᠪᠣᠷᠤᠭᠠᠨ ᠶᠠᠪᠣᠬᠤ ᠳᠤᠳᠤᠮ ᠶᠠᠷᠪᠢᠭᠯᠠᠵᠤ

ᠬᠠᠢ᠌ᠷ ᠡᠯᠡᠰᠤ ᠰᠢᠭᠤᠷᠠᠬᠤ ᠳᠤᠳᠤᠮ ᠰᠢᠷᠦᠭᠦᠰᠤᠨ᠎ᠡ


ᠠᠰᠠᠷ ᠳᠠᠭᠳᠤ ᠣᠢ ᠰᠢᠭ ᠰᠢᠭᠣᠢ᠌ᠷᠠᠵᠤ

ᠣᠨᠤᠭ᠎ᠠ ᠮᠠᠰᠢᠨ ᠢᠯᠠᠭ᠎ᠠ ᠰᠢᠭ ᠦᠩᠭᠢᠨᠠᠨ᠎ᠡ

ᠣᠳᠤᠭ᠎ᠠ ᠳᠤᠭᠤᠰᠤ ᠮᠠᠨᠠᠨ ᠰᠢᠭ ᠭᠦᠰᠢᠭᠯᠡᠵᠤ

ᠣᠳᠤᠷ ᠳᠤᠪᠣ ᠳᠤᠮᠤᠭ ᠰᠢᠭ ᠶᠠᠷᠢᠭᠳᠠᠨ᠎ᠠ


ᠣᠰᠤ ᠭᠤᠤᠯ ᠨᠢᠯᠪᠣᠰᠤ ᠰᠢᠭ ᠲ᠋ᠦᠯᠪᠦᠷᠡᠵᠤ

ᠠᠭᠤᠯᠠ ᠬᠠᠢ᠌ᠷᠬᠠᠨ ᠭᠡᠯᠦᠩ ᠰᠢᠭ᠌ ᠮᠤᠯᠳᠣᠢ᠌ᠨ᠎ᠠ

ᠡᠪᠠᠰᠤ ᠪᠠᠯᠴᠢᠭᠡᠷ ᠬᠤᠵᠢᠭᠢᠷ ᠰᠢᠭ ᠬᠤᠵᠠᠢ᠌ᠵᠤ

ᠠᠷᠢᠶᠠᠳᠠᠨ ᠵᠢᠭᠦᠷᠳᠡᠨ ᠰᠤᠯᠢᠷ ᠰᠢᠭ ᠬᠠᠷᠠᠭᠳᠠᠨ᠎ᠠ᠁


ᠶᠠᠪᠣᠬᠤ ᠳᠤᠳᠤᠮ ᠳᠦᠭ᠍ᠰᠢᠭᠦᠷᠢ ᠰᠢᠭ᠌

ᠶᠠᠭᠠᠭᠢᠬᠤ ᠶᠢᠨ ᠠᠷᠭ᠎ᠠ ᠦᠭᠡᠶ ᠵᠢᠷᠦᠭᠡ ᠳᠦᠭ᠍ᠰᠢᠨ᠎ᠡ

ᠳᠡᠭ᠍ᠷᠢ ᠶᠢᠨ ᠰᠠᠯᠭᠢ ᠳᠡᠭ᠍ᠰᠢ ᠥᠭᠡᠢ

ᠳᠠᠷᠠ ᠬᠤᠯᠠ ᠶᠢᠨ ᠪᠠᠷᠠᠭ᠎ᠠ ᠳᠤᠳᠤᠷᠬᠠᠢ ᠥᠭᠡᠢ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤᠨ ᠳ᠋ᠠᠭᠢ ᠪᠠᠶᠠᠠᠬᠤᠰᠢᠭᠤ ᠵᠢᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1304
ᠴᠠᠭ᠄ 2012 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁