ᠰᠦᠨᠢ

       1

ᠭᠦᠰᠡᠯ ᠡᠷᠡᠮᠡᠯᠵᠡᠯ ᠮᠢᠨᠢ ᠶᠠᠭ ᠯᠠ

ᠬᠠᠷ᠎ᠠ ᠰᠠᠯᠭᠢᠨ ᠳᠤ ᠬᠣᠢ᠌ᠯᠠᠷᠠᠬᠤ

ᠬᠤᠭ ᠨᠤᠪᠰᠢ ᠰᠢᠭ᠌ ᠭᠡᠢ᠌ᠰᠤᠨ᠎ᠡ


ᠬᠠᠢ᠌ᠷ᠎ᠠ ᠳᠤᠷᠠᠯᠠᠯ ᠮᠢᠨᠢ ᠶᠠᠭ ᠯᠠ

ᠭᠦᠡᠵᠢᠯᠡ ᠳᠡᠭᠡᠨ ᠪᠠᠭᠡᠷᠡᠭ᠍ᠰᠡᠨ ᠰᠦᠨᠢ ᠵᠢᠨ

ᠬᠠᠳᠠᠭᠰᠠᠨ ᠭᠦᠭᠦ ᠰᠢᠭ᠌ ᠬᠠᠮᠰᠢ᠌ᠨ᠎ᠠ


ᠦᠵᠡᠯ ᠰᠠᠨᠠᠭ᠎ᠠ ᠮᠢᠨᠢ ᠭᠠᠭᠴᠠᠭᠠᠷ ᠯᠠ

ᠠᠯᠤᠰ ᠲᠤ ᠰᠡᠭᠦᠢᠭᠦ ᠪᠣᠩᠬᠤᠨ ᠰᠢᠭ

ᠥᠭᠦᠯ ᠤᠨ ᠳᠠᠭᠤᠤ ᠶᠢ ᠴᠢᠪᠠᠭᠳᠠᠨ᠎ᠠ᠃

       2

ᠬᠤᠯᠠᠭᠠᠢ᠌ᠴᠢ ᠮᠤᠤᠷ ᠤᠨ ᠨᠢᠳᠤ ᠤᠳ

ᠬᠣᠢ᠌ᠨ᠎ᠠ ᠬᠣᠢ᠌ᠨ᠎ᠠ ᠡᠴᠠ ᠪᠠᠨ ᠮᠦᠷᠯᠡᠭ᠍ᠰᠡᠨ ᠶᠤᠮ ᠰᠢᠭ᠌

ᠬᠤᠳᠠ ᠵᠡᠭᠡᠯᠢ ᠶᠢᠨ ᠳ᠋ᠸᠩ ᠨᠤᠭᠦᠳ

ᠭᠦᠢᠳᠡᠨ ᠴᠡᠩᠭᠡᠷ ᠭᠢᠯᠪᠠᠭ᠎ᠠ ᠳᠠᠳᠠᠨ᠎ᠠ


ᠣᠩᠭ᠋ᠤᠨ ᠳᠠᠭᠠᠨ ᠡᠭᠦᠷᠯᠡᠭ᠍ᠰᠡᠨ ᠬᠤᠯᠤᠭᠠᠨ᠎ᠠ ᠰᠢᠭ

ᠣᠯᠠᠨ ᠣᠯᠤᠰ ᠤᠳ ᠵᠡᠭᠡᠯᠢ ᠪᠠᠷ ᠭᠦᠶ‍ᠦᠯᠳᠤᠨ᠎ᠡ

ᠣᠯᠬᠤ ᠳᠤ ᠭᠦᠶᠤᠨ᠎ᠡ᠂ ᠦᠭ‍ᠭᠦ ᠳᠤ ᠶᠠᠪᠣᠨ᠎ᠠ

ᠡᠴᠦᠰ ᠲᠡᠭᠡᠨ ᠪᠦᠷ ᠳᠠᠮᠤ ᠳᠤ ᠶᠠᠪᠣᠨ᠎ᠠ

       3

ᠴᠢᠩ ᠬᠠᠢ᠌ᠷ᠎ᠠ ᠶᠢᠨ ᠳᠠᠭᠤᠤ ᠮᠢᠨᠢ

ᠴᠢᠦᠡᠭᠦᠷ ᠤᠨ ᠵᠢᠷᠦᠭᠡ ᠶᠢ ᠴᠢᠪᠠᠭᠳᠠᠨ᠎ᠠ

ᠢᠨᠢᠶᠠᠳᠤ ᠪᠠᠨ ᠡᠯᠡᠭᠯᠡᠭ᠍ᠰᠡᠨ ᠮᠦᠰᠢᠶᠠᠯ ᠡᠴᠠ ᠴᠢᠨᠢ

ᠥᠭᠦᠭ᠍ᠰᠡᠨ ᠵᠢᠷᠦᠭᠡ ᠪᠠᠨ ᠱᠥᠭᠦᠨ᠎ᠡ


ᠴᠢᠪ ᠬᠠᠷᠠᠩᠭ᠋ᠤᠢ ᠰᠦᠨᠢ ᠳᠡᠭᠡᠷ᠎ᠡ ᠴᠢᠨᠢ

ᠴᠡᠩᠭᠡᠨ᠎ᠡ ᠭᠡᠵᠤ ᠣᠴᠢᠭᠰᠠᠨ ᠪᠠᠶ᠎ᠠ ᠡᠨᠡ︕

ᠴᠢᠷᠮᠠᠨ ᠨᠢᠴᠦᠭᠦᠨ ᠥᠭᠦᠳᠡᠯ ᠳᠡᠭᠡᠷ᠎ᠡ ᠴᠢᠨᠢ

ᠴᠢᠮ᠎ᠠ ᠳᠤ ᠭᠡᠵᠤ ᠣᠴᠢᠭᠰᠠᠨ ᠰᠡᠳᠭᠢᠯ ᠡᠨᠡ︕


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠠᠷᠠᠤᠨ ᠤᠨ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠯ·ᠪᠠᠶᠠᠠᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1521
ᠴᠠᠭ᠄ 2011 ᠤᠨ ᠤ 02 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ