ᠵᠡᠭᠦᠳᠤᠨ ᠳᠤ ᠪᠠᠭᠤᠳᠠᠭ ᠴᠢ ᠮᠢᠨᠢ

ᠣᠤᠯ ᠨᠢ ᠵᠡᠭᠦᠳᠡᠨ ᠳᠤ ᠴᠢ ᠪᠠᠢ᠌ᠭᠰᠠᠨ ᠶᠤᠮ

ᠣᠳᠤ ᠰᠠᠢ᠌ᠬᠠᠨ ᠵᠡᠭᠦᠳᠤ ᠲᠡᠶ ᠪᠠᠨ ᠭᠦᠭᠡᠰᠤ ᠪᠣᠯᠵᠤ ᠵᠠᠮᠬᠠᠷᠠᠯ᠎ᠠ

ᠣᠶᠠᠬᠠᠨ ᠭᠠᠷ ᠡᠴᠡ ᠴᠢᠨᠢ ᠭᠦᠳᠦᠯᠵᠤ ᠭᠡᠳᠦᠢ ᠴᠤ ᠶᠠᠪᠣᠯ᠎ᠠ

ᠣᠭᠢᠯᠠᠵᠤ ᠬᠤᠨᠤᠳᠠᠭ ᠵᠢᠷᠦᠭᠡ ᠮᠢᠨᠢ ᠣᠳᠤᠭ᠎ᠠ ᠮᠠᠨᠠᠨ ᠳᠤ ᠳᠦᠭ᠍ᠵᠢᠭ᠍ᠳᠡᠯ᠎ᠡ

ᠣᠷᠤᠢ ᠭᠡᠮᠰᠢᠯ ᠮᠢᠨᠢ ᠣᠤᠯ ᠨᠢ ᠰᠡᠳᠭᠢᠯ ᠶᠢᠡᠨ ᠴᠢᠮ᠎ᠠ ᠳᠤ ᠳᠤᠰᠢᠶᠠᠭᠰᠠᠨ ᠦᠭᠡᠶ ᠣᠰᠤᠯ

ᠣᠳᠤ ᠪᠣᠯᠬᠤ ᠳᠤ ᠦᠨᠦᠴᠢᠨ ᠰᠡᠳᠭᠢᠯ ᠮᠢᠨᠢ ᠥᠨᠦᠭᠡᠨ ᠬᠠᠷᠠᠩᠭ᠋ᠤᠢ ᠶᠢ ᠶᠠᠭᠠᠭᠢᠵᠤ ᠳᠤᠭᠤᠯᠬᠤ ᠪᠠᠨ ᠣᠯᠵᠤ ᠶᠠᠳᠠᠨ᠎ᠠ

ᠣᠤᠭᠤᠭᠰᠠᠨ ᠠᠷᠢᠭᠢᠨ ᠤ ᠊ᠭ᠍ᠷᠡᠳ᠋ᠦ᠋ᠰ ᠤᠨ ᠳᠤᠭ᠎ᠠ ᠪᠠᠷ ᠬᠠᠪᠣᠷ ᠤᠨ ᠰᠠᠯᠭᠢ ᠡᠪᠦᠯ ᠤᠨ ᠰᠢᠭᠤᠷᠭ᠎ᠠ ᠶᠢᠨ ᠭᠤᠨᠢᠭ ᠵᠠᠩᠭᠢᠷᠠᠨ᠎ᠠ

ᠣᠷᠤᠨ ᠳᠠᠭᠠᠨ ᠪᠢ ᠡᠯᠢᠭᠡ ᠵᠢᠷᠦᠭᠡᠨ ᠤ ᠡᠮᠵᠡᠭ᠌ ᠰᠢᠷᠬᠠᠯᠠᠯ ᠡᠴᠡ ᠡᠳᠡᠭᠡᠷᠡᠵᠤ ᠡᠰᠡ ᠪᠣᠰᠤᠨ᠎ᠠ


ᠡᠭᠦᠨ ᠤ ᠬᠣᠢ᠌ᠰᠢ ᠰᠡᠳᠭᠢᠯ ᠤᠨ ᠳᠡᠭ᠍ᠷᠢ ᠳᠤ ᠮᠢᠨᠢ ᠭᠡᠷᠡᠯᠳᠤ ᠨᠠᠷᠠᠨ ᠪᠠᠷᠠᠭᠠᠨ ᠬᠠᠷᠠᠭᠳᠠᠨ᠎ᠠ

ᠡᠭᠢᠯᠡᠯ ᠡᠴᠦᠰ ᠡᠨᠡᠦᠭᠡᠨ ᠬᠤᠷᠤᠮ ᠶᠢᠡᠷ ᠠᠭᠤᠯᠠᠰ ᠤᠨ ᠪᠠᠷ᠎ᠠ ᠰᠥᠡᠳᠡᠷᠯᠡᠭᠦ ᠪᠠᠨ ᠮᠠᠷᠳᠠᠨ᠎ᠠ

ᠨᠠᠮᠤᠷ ᠤᠨ ᠣᠯᠠᠭᠠᠨ ᠨᠠᠪᠴᠢ ᠨᠠᠳᠠ ᠶᠢ ᠳᠤᠭᠤᠷᠢᠵᠤ ᠭᠡᠢ᠌ᠰᠭᠦ ᠮᠦᠴᠡ ᠨᠠᠢ᠌ᠵᠠ ᠮᠢᠨᠢ

ᠨᠠᠢ᠌ᠷᠠᠭ ᠤᠨ ᠨᠤᠭᠤᠭᠠᠨ ᠰᠢᠪᠠᠨᠠᠯ ᠢ ᠨᠠᠪᠴᠢᠨ ᠤ ᠪᠣᠷᠤᠭᠠᠨ ᠶᠢᠡᠷ ᠣᠩᠰᠢᠭᠠᠷᠠᠢ᠃


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1407
ᠴᠠᠭ᠄ 2011 ᠤᠨ ᠤ 02 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁