ᠲᠠᠮᠤ ᠶᠢᠨ ᠲᠤᠭᠤᠭ᠎ᠠ

ᠡᠷᠳᠡ ᠣᠷᠢᠳᠤ ᠶᠢᠨ ᠴᠠᠭ ᠲᠤ ᠨᠢᠭᠡᠨ ᠪᠠᠠᠳᠢ᠂ ᠪᠠᠭᠰᠢ ᠡᠴᠡ ᠪᠠᠨ 《ᠳᠠᠮᠤ ᠶᠢᠨ ᠳᠤᠭᠤᠭ᠎ᠠ》 ᠭᠡᠵᠤ ᠶᠠᠭᠤ ᠪᠣᠯᠬᠤ ᠶᠢ ᠠᠰᠠᠭᠤᠵᠤ ᠭᠡᠨ᠎ᠡ᠃ ᠪᠠᠭᠰᠢ ᠯᠠᠮᠠ ᠨᠢ ᠢᠩᠭᠢᠵᠤ ᠳᠠᠢ᠌ᠯᠪᠣᠷᠢᠯᠠᠵᠤ ᠥᠭ᠍ᠴᠡᠢ᠄

ᠪᠣᠷᠬᠠᠨ ᠪᠠᠭᠰᠢ ᠥᠯᠦᠰᠦᠭ᠍ᠰᠡᠨ ᠣᠯᠠᠨ ᠭᠦᠮᠤᠨ ᠳᠤ ᠢᠳᠡᠭᠦᠯᠭᠦ ᠶᠢᠨ ᠳᠤᠯᠡᠳᠡ᠂ ᠨᠢᠭᠡᠨ ᠥᠭᠡᠷ ᠢ ᠪᠦᠭᠦᠯᠢ ᠪᠠᠷ ᠨᠢ ᠴᠢᠨᠠᠵᠤ ᠪᠣᠯᠳᠠᠭ ᠳᠤᠮᠤ ᠳᠤᠭᠤᠭᠠᠨ ᠳᠤ ᠶᠡᠭᠡᠭᠡᠨ ᠬᠠᠳᠠᠭᠠᠭᠰᠠᠨ ᠭᠡᠷᠴᠢᠮᠡᠯ ᠭᠤᠯᠢᠷ (ᠭᠤᠸᠠᠮᠢᠶᠠᠨ) ᠊ᠢ ᠴᠢᠨᠠᠵᠤ ᠪᠣᠯᠭᠠᠭᠠᠤᠨ ᠭᠦᠮᠤᠨ ᠪᠦᠭᠦᠨ ᠳᠤ ᠳᠠᠯᠢᠮ ᠣᠷᠳᠤ (ᠮᠸᠲ᠋ᠷ ᠣᠷᠳᠤ) ᠰᠠᠪᠬ᠎ᠠ ᠪᠠᠷᠢᠭᠤᠯᠤᠨ ᠰᠠᠪᠬᠠᠳᠠᠭᠤᠯᠵᠠᠢ᠃ ᠥᠯᠦᠰᠦᠭ᠍ᠰᠡᠨ ᠣᠯᠠᠨ ᠣᠷᠳᠤ ᠰᠠᠪᠬ᠎ᠠ ᠪᠠᠷᠢᠨ ᠭᠤᠯᠢᠷ ᠰᠠᠪᠬᠠᠳᠠᠭᠠᠤᠨ ᠨᠢᠭᠡ ᠨᠢᠭᠡᠨ ᠳᠡᠭᠡᠨ ᠰᠠᠭᠠᠤᠨ ᠪᠣᠯᠵᠤ ᠶᠠᠷᠤ ᠣᠯᠵᠤ ᠢᠳᠡᠭ᠍ᠰᠡᠨ ᠶᠠᠭᠤᠮ᠎ᠠ ᠠᠯᠠᠭ᠎ᠠ᠂ ᠦᠷᠭᠦᠯᠵᠢᠯᠡᠨ ᠪᠣᠯᠢᠶᠠᠯᠳᠤᠨ ᠰᠠᠪᠬᠠᠯᠠᠵᠤ ᠰᠠᠮᠪᠠᠭᠠᠯᠠᠭᠰᠠᠭᠠᠷ ᠪᠠᠢ᠌ᠳᠠᠯ᠎ᠠ᠂ ᠳᠤᠮᠤ ᠳᠤᠭᠤᠭᠠᠨ ᠳ᠋ᠠᠭᠢ ᠭᠤᠯᠢᠷ ᠨᠢ ᠪᠦᠭᠦᠨ ᠶᠢᠡᠷ ᠶᠢᠡᠨ ᠳᠠᠰᠤᠷᠠᠵᠤ ᠵᠢᠵᠢᠭ᠍ᠷᠡᠨ ᠪᠠᠠᠳᠠᠩ ᠪᠣᠯᠵᠠᠢ᠃ ᠭᠡᠨ ᠠᠯᠢᠨ ᠤ ᠭᠢᠨᠢ ᠰᠠᠪᠬᠠᠨ ᠳᠤ ᠵᠢᠭᠠᠬᠠᠨ ᠴᠤ ᠰᠠᠪᠬᠠᠯᠠᠭᠳᠠᠬᠤ ᠦᠭᠡᠶ ᠪᠠᠷ ᠪᠣᠴᠠᠯᠠᠭᠰᠠᠭᠠᠷ ᠪᠠᠢ᠌ᠵᠤ ᠡᠴᠦᠰ ᠲᠡᠭᠡᠨ ᠱᠦᠯᠦ ᠨᠢ ᠰᠢᠷᠭᠢᠨ ᠰᠢᠳᠠᠨ ᠬᠠᠷᠠᠯᠠᠵᠤ ᠭᠡᠨ᠎ᠡ᠃

ᠥᠯᠦᠰᠦᠭ᠍ᠰᠡᠨ ᠣᠯᠠᠨ ᠭᠡᠨ ᠨᠢ ᠴᠤ ᠵᠢᠭᠠᠬᠠᠨ ᠣᠯᠵᠤ ᠢᠳᠡᠭ᠍ᠰᠡᠨ ᠦᠭᠡᠶ ᠨᠠᠩ ᠭᠡᠴᠡᠭᠦᠤ ᠦᠯᠪᠠᠷᠠᠯ ᠳᠤ ᠳᠠᠮᠤᠯᠠᠭᠳᠠᠵᠠᠢ᠃ ᠡᠭᠦᠨ ᠢ ᠬᠤᠵᠢᠮ ᠶᠢᠨ ᠭᠦᠮᠦᠰ 《ᠳᠠᠮᠤ ᠶᠢᠨ ᠳᠤᠭᠤᠭ᠎ᠠ》 ᠭᠡᠵᠤ ᠨᠡᠷᠡᠯᠡᠭ᠍ᠰᠡᠨ ᠭᠡᠨ᠎ᠡ᠃

ᠪᠠᠡᠳᠡᠢ ᠵᠠᠯᠭᠠᠭᠠᠤᠨ ᠪᠠᠭᠰᠢ ᠡᠴᠡ ᠪᠠᠨ ᠳᠡᠭᠡᠪᠠᠯ ᠶᠠᠭᠤ ᠶᠢ 《ᠳ᠋ᠸᠪᠠᠵᠠᠨ ᠤ ᠬᠤᠭᠤᠯᠠ》 ᠭᠡᠳᠡᠭ᠌ ᠪᠣᠢ ︖ ᠭᠡᠵᠤ ᠠᠰᠠᠭᠤᠭᠰᠠᠨ ᠳᠤ ᠪᠠᠭᠰᠢ ᠯᠠᠮᠠ ᠨᠢ ᠢᠩᠭᠢᠵᠤ ᠬᠠᠷᠢᠭᠤᠯᠵᠤ ᠭᠡᠨ᠎ᠡ᠄

ᠥᠯᠦᠰᠦᠭ᠍ᠰᠡᠨ ᠣᠯᠠᠨ ᠭᠦᠮᠤᠨ ᠳᠤ ᠬᠤᠭᠤᠯᠠ ᠢᠳᠡᠭᠦᠯᠭᠦ ᠶᠢᠨ ᠳᠤᠯᠠᠳᠠ ᠪᠣᠷᠬᠠᠨ ᠪᠠᠭᠰᠢ᠂ ᠨᠢᠭᠡᠨ ᠥᠭᠡᠷ ᠢ ᠪᠦᠭᠦᠯᠢ ᠪᠠᠷ ᠨᠢ ᠴᠢᠨᠠᠵᠤ ᠪᠣᠯᠳᠠᠭ ᠳᠤᠮᠤ ᠳᠤᠭᠤᠭᠠᠨ ᠳᠤ ᠶᠡᠭᠡᠭᠡᠨ ᠬᠠᠳᠠᠭᠠᠭᠰᠠᠨ ᠭᠡᠷᠴᠢᠮᠡᠯ ᠭᠤᠯᠢᠷ (ᠭᠤᠸᠠᠮᠢᠶᠠᠨ) ᠊ᠢ ᠴᠢᠨᠠᠵᠤ ᠪᠣᠯᠭᠠᠭᠠᠤᠨ ᠭᠦᠮᠤᠨ ᠪᠦᠭᠦᠨ ᠳᠤ ᠳᠠᠯᠢᠮ ᠣᠷᠳᠤ (ᠮᠸᠲ᠋ᠷ ᠣᠷᠳᠤ) ᠰᠠᠪᠬ᠎ᠠ ᠪᠠᠷᠢᠭᠤᠯᠤᠨ ᠰᠠᠪᠬᠠᠳᠠᠭᠤᠯᠵᠠᠢ᠃ ᠥᠯᠦᠰᠦᠭ᠍ᠰᠡᠨ ᠣᠯᠠᠨ ᠣᠷᠳᠤ ᠰᠠᠪᠬ᠎ᠠ ᠪᠠᠨ ᠪᠠᠷᠢᠨ ᠨᠢᠭᠡ ᠨᠢᠭᠡᠨ ᠶᠢᠡᠨ ᠬᠠᠷᠠᠨ ᠵᠤᠭᠰᠤᠵᠠᠢ᠃ ᠰᠠᠪᠬᠠᠯᠵᠤ ᠴᠢᠳᠠᠳᠠᠭ ᠨᠢ ᠰᠠᠪᠬᠠᠯᠠᠭᠰᠠᠨ ᠭᠤᠯᠢᠷ ᠶᠢᠡᠨ ᠦᠪᠡᠷ ᠶᠢᠡᠨ ᠢᠳᠡᠭᠦ ᠦᠭᠡᠶ ᠳᠤᠭᠤᠭᠠᠨ ᠤ ᠨᠥᠭᠦᠭᠡ ᠳᠠᠯ᠎ᠠ ᠳᠤ ᠪᠠᠢ᠌ᠭ᠎ᠠ ᠭᠦᠮᠦᠰ ᠲᠤ ᠢᠳᠡᠭᠦᠯᠵᠡᠢ᠃ ᠳᠤᠭᠤᠭᠠᠨ ᠤ ᠨᠥᠭᠦᠭᠡ ᠳᠠᠯ᠎ᠠ ᠶᠢᠨ ᠰᠠᠪᠬᠠᠯᠵᠤ ᠴᠢᠳᠠᠳᠠᠭ ᠭᠦᠮᠦᠰ ᠨᠢ ᠮᠦᠨ ᠴᠤ ᠰᠠᠪᠬᠠᠯᠠᠭᠰᠠᠨ ᠭᠤᠯᠢᠷ ᠶᠢᠡᠨ ᠦᠪᠡᠷ ᠶᠢᠡᠨ ᠢᠳᠡᠭᠦ ᠦᠭᠡᠶ ᠬᠠᠷᠢᠭᠤ ᠪᠠᠷᠢᠵᠤ ᠳᠤᠭᠤᠭᠠᠨ ᠤ ᠡᠨᠡ ᠳᠠᠯ᠎ᠠ ᠶᠢᠨ ᠭᠦᠮᠦᠰ ᠲᠤ ᠢᠳᠡᠭᠦᠯᠵᠡᠢ᠃ ᠢᠩᠭᠢᠵᠤ ᠨᠢᠭᠡ ᠨᠢᠭᠡᠨ ᠳᠡᠭᠡᠨ ᠨᠠᠢ᠌ᠷ ᠳᠠᠯᠪᠢᠨ ᠵᠤᠭᠤᠭ ᠪᠠᠷᠢᠭᠰᠠᠨ ᠡᠴᠡ ᠭᠦᠮᠤᠨ ᠪᠦᠭᠦᠨ ᠠᠮᠳᠠ ᠲᠡᠶ ᠢᠳᠠᠨ ᠪᠦᠭᠦᠳᠡᠭᠡᠷ ᠶᠢᠡᠨ ᠴᠠᠳᠴᠤ ᠶᠡᠭᠡᠳᠡ ᠪᠠᠶᠠᠷᠯᠠᠨ 《ᠳ᠋ᠸᠪᠠᠵᠠᠨ ᠤ ᠬᠤᠭᠤᠯᠠ》 ᠢᠳᠠᠯ᠎ᠠ ᠭᠡᠮᠡᠨ ᠪᠣᠷᠬᠠᠨ ᠳᠡᠭ᠍ᠷᠢ ᠳᠡᠭᠡᠨ ᠵᠠᠯᠪᠢᠷᠢᠨ ᠮᠦᠷᠭᠦᠵᠤ ᠭᠡᠨ᠎ᠡ᠃

ᠬᠤᠵᠢᠮ ᠤᠨ ᠭᠦᠮᠦᠰ ᠡᠢ᠌ᠮᠤ ᠬᠤᠭᠤᠯᠠ ᠶᠢ 《ᠳ᠋ᠸᠪᠠᠵᠠᠨ ᠤ ᠬᠤᠭᠤᠯᠠ》 ᠭᠡᠮᠡᠨ ᠨᠡᠷᠡᠯᠡᠳᠡᠭ᠌ ᠪᠣᠯᠵᠠᠢ᠃

ᠬᠠᠷᠢᠶ᠎ᠠ᠄ ᠰᠤᠶᠤᠯ ᠣᠷᠠᠯᠢᠭ
ᠳᠠᠷᠤᠮ᠄ 60503
ᠴᠠᠭ᠄ 2018 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ