ᠳᠡᠭ᠍ᠷᠢᠯᠢᠭ᠌ ᠭᠦᠪᠠᠭᠦᠨ ᠊᠊᠊᠊᠊᠊᠊᠊᠊᠊᠊᠊᠊᠊᠊ ᠴᠢᠩᠭᠢᠰ ᠬᠠᠭᠠᠨ

᠊᠊᠊᠊᠊᠊᠊᠊᠊᠊᠊᠊᠊᠊᠊ ᠲ᠋ᠠᠪᠣᠳᠤᠭᠠᠷ ᠣᠳᠠᠭᠠᠨ ᠤ 《ᠮᠥᠩᠭᠡ ᠡᠡᠷᠴᠡ》 ᠰᠢᠯᠦᠭ᠌ ᠤᠨ ᠣᠷᠤᠯᠳᠤᠭᠠᠨ ᠳ᠋ᠤ ᠰᠤᠷᠤᠭᠴᠢᠳ ᠤᠨ ᠳᠤᠭᠣᠢ᠌ᠯᠠᠩ ᠤᠨ ᠨᠢᠭᠡᠳᠦᠭᠡᠷ ᠳᠠᠰ ᠤᠨ ᠱᠠᠩᠨᠠᠯ ᠭᠦᠷᠳᠡᠭ᠍ᠰᠡᠨ ᠰᠢᠯᠦᠭ᠌


ᠠᠭᠤᠤ ᠪᠣᠭᠳᠠ ᠴᠢᠩᠭᠢᠰ ᠬᠠᠭᠠᠨ

ᠠᠽᠢᠶ᠎ᠠ ᠧᠦᠷᠥᠫᠡ ᠵᠢ

ᠠᠭᠳᠠ ᠶᠢᠨ ᠳᠤᠭᠤᠷᠠᠢ ᠪᠠᠷ ᠳᠤᠩᠰᠤᠯᠭᠠᠵᠤ

ᠠᠷᠪᠠᠨ ᠭᠤᠷᠪᠠᠳᠤᠭᠠᠷ ᠵᠠᠭᠤᠨ ᠤ

ᠠᠪᠣᠷᠭᠤ ᠡᠵᠡᠨ ᠪᠣᠯᠤᠭᠰᠠᠨ ᠤ ᠣᠴᠢᠷ

ᠭᠦᠪᠳᠤ ᠳᠡᠯᠡᠭᠡᠢ ᠳᠤ ᠮᠦᠷ ᠶᠢᠡᠨ ᠥᠯᠡᠳᠡᠭᠡᠭᠦ ᠭᠡᠵᠤ

ᠭᠦᠷᠦᠰᠦᠳᠤ ᠶ‍ᠢᠷᠳᠢᠠᠴᠤ ᠳᠤ ᠲᠦᠷᠦ ᠪᠠᠨ ᠮᠠᠠᠳᠤᠭᠤᠯᠬᠤ ᠭᠡᠵᠤ

ᠭᠦᠷᠡᠯ ᠢᠯᠳᠤ ᠪᠠᠨ ᠳᠠᠯᠠᠯᠤᠨ ᠳᠠᠯᠠᠯᠤᠨ

ᠭᠦᠷᠡᠩ ᠪᠦᠮᠪᠦᠷᠴᠡᠭ᠌ ᠢ ᠨᠣᠢ᠌ᠷ ᠡᠴᠡ ᠨᠢ ᠰᠡᠷᠢᠭᠡᠭᠦ ᠭᠡᠵᠤ

ᠭᠦᠰᠡᠯ ᠡᠷᠡᠮᠡᠯᠵᠡᠯ ᠶᠢᠡᠨ ᠮᠢᠯᠢᠶᠠᠵᠤ ᠶᠠᠪᠣᠭᠰᠠᠨ ᠶᠤᠮ

ᠳᠠᠮᠤᠷ ᠳᠤᠭᠤᠷᠠᠢ ᠪᠠᠷ

ᠳᠡᠦᠭᠡ ᠶᠢᠨ ᠬᠠᠭᠤᠳᠠᠰᠤ ᠶᠢ ᠨᠡᠭᠡᠭᠡᠵᠤ

ᠲᠦᠮᠡᠨ ᠦᠶ᠎ᠡ ᠳ᠋ᠡᠭᠡᠨ

ᠲᠦᠷᠦ ᠶᠢᠨ ᠡᠷᠭᠡ ᠶᠢ᠌ ᠵᠠᠯᠭᠠᠮᠵᠢᠯᠠᠭᠤᠯᠬᠤ ᠭᠡᠵᠤ

ᠲᠤᠩ ᠴᠤ ᠶᠡᠭᠡ ᠴᠠᠷᠮᠠᠢ᠌ᠭᠰᠠᠨ ᠤ ᠣᠴᠢᠷ

ᠮᠤᠩᠭ᠋ᠤᠯ ᠮᠤᠷᠢᠨ ᠳᠤᠭᠤᠷᠠᠢ ᠪᠠᠷ

ᠬᠤᠷᠸ᠎ᠠ ᠶᠢ ᠪᠦᠪᠠᠢ᠌ᠯᠡᠭᠦᠯᠭᠦ ᠭᠡᠰᠡᠨ ᠶᠤᠮ

ᠮᠤᠩᠭ᠋ᠤᠯ ᠤᠨ ᠭᠦᠭᠡ ᠳᠤᠭ ᠵᠢᠠᠨ

ᠳᠡᠯᠡᠭᠡᠢ ᠳᠤ ᠦᠨᠳᠦᠷ ᠮᠠᠠᠳᠤᠭᠤᠯᠬᠤ ᠭᠡᠰᠡᠨ ᠶᠤᠮ

ᠡᠢ᠌ᠮᠤ ᠡᠴᠡ᠄

《ᠳᠡᠯᠡᠭᠡᠢ ᠳ᠋ᠠᠭᠢᠨ

ᠳᠠᠳᠠᠨ ᠤ ᠮᠤᠷᠢᠨ ᠣᠷᠤᠯᠳᠤᠭᠠᠨ ᠤ ᠳᠠᠯᠠᠪᠣᠷ ᠪᠣᠯᠵᠤ

ᠧᠥᠷᠦᠫᠡ ᠳᠢᠪ

ᠳᠠᠳᠠᠨ ᠤ ᠴᠢᠯᠠᠭᠤᠨ ᠰᠡᠳᠡᠭᠦᠷ ᠤᠨ ᠣᠷᠤᠨ ᠪᠣᠯᠤᠭᠠᠤᠨ

ᠳᠤᠮᠳᠠᠳᠤ ᠠᠽᠢᠶ᠎ᠠ ᠡᠴᠡ ᠠᠷᠠᠪ ᠤᠨ ᠶ‍ᠢᠷᠳᠢᠠᠴᠤ ᠳᠤ ᠪᠦᠷ

ᠠᠯᠳᠠᠨ ᠣᠷᠤᠭ ᠤᠨ ᠳᠤᠭ ᠰᠦᠯᠳᠡ ᠪᠠᠨ ᠨᠠᠮᠢᠷᠠᠭᠤᠯᠵᠤ ᠶᠠᠪᠣᠭᠰᠠᠨ ᠶᠤᠮ》

《ᠮᠤᠩᠭ᠋ᠤᠯ ᠤᠨ ᠥᠡᠳᠦᠷᠯᠢᠭ᠌ ᠲᠤ ᠡᠢ᠌ᠮᠤ ᠨᠢᠭᠡᠨ

ᠭᠡᠷᠡᠯᠳᠤ ᠣᠳᠤᠨ ᠮᠠᠠᠳᠤᠨ ᠭᠠᠷᠬᠤ ᠳ᠋ᠤ

ᠮᠤᠩᠭ᠋ᠤᠯᠴᠤᠳ ᠰᠠᠤᠠᠭᠢᠯ ᠨᠢᠭᠡᠳᠤᠨ ᠨᠤᠮᠤ ᠭᠦᠪᠴᠢᠯᠡᠵᠤ

ᠳᠦᠭᠦᠷᠢᠭ᠌ ᠰᠠᠷᠠ ᠶᠢ ᠬᠠᠷᠪᠣᠵᠤ ᠡᠭᠢᠯᠡᠭᠦ ᠳ᠋ᠤ

ᠮᠤᠷᠢᠨ ᠳᠤᠭᠤᠷᠠᠢ ᠳᠠᠷᠴᠢᠭᠢᠨᠠᠵᠤ

ᠮᠤᠩᠭ᠋ᠤᠯ ᠤᠨ ᠳᠠᠮᠤᠷ ᠮᠤᠷᠢᠳᠠᠨ

ᠠᠽᠢᠶ᠎ᠠ ᠶᠢᠨ ᠡᠯᠢᠭᠡᠨ ᠳᠡᠭᠡᠷ᠎ᠡ

ᠴᠢᠰᠤᠨ ᠨᠢᠯᠪᠣᠰᠤᠳᠤ ᠳᠤᠤᠯᠢᠰ ᠤᠨ ᠵᠤᠬᠢᠶᠠᠯ ᠢ ᠨᠤᠤᠷᠠᠭᠯᠠᠭᠰᠠᠨ ᠶᠤᠮ》

ᠢᠩᠭᠢᠵᠤ᠄

ᠥᠰᠢᠭ᠍ᠰᠡᠨ ᠢ ᠥᠰᠦᠭᠡᠢ ᠳᠤᠤᠷ᠎ᠠ ᠪᠠᠨ ᠳᠠᠷᠤᠵᠤ

ᠳᠦᠷᠦᠭ᠍ᠰᠡᠨ ᠢ ᠳᠦᠷᠦᠭᠡᠨ ᠳᠤᠤᠷ᠎ᠠ ᠪᠠᠨ ᠴᠡᠴᠡᠷᠡᠭᠦᠯᠵᠤ

ᠡᠷ᠎ᠡ ᠴᠢᠳᠡᠯ᠂ ᠡᠯᠢᠭᠡᠨ ᠳᠠᠮᠢᠷ ᠶᠢᠡᠷ ᠵᠢᠠᠨ

ᠡᠨᠡ ᠬᠤᠷᠸ᠎ᠠ ᠶᠢ ᠡᠷᠭᠡᠰᠢᠶᠡᠯ ᠳᠡᠭᠡᠨ ᠣᠷᠤᠭᠤᠯᠵᠤ ᠶᠠᠪᠣᠭᠰᠠᠨ ᠶᠤᠮ

ᠭᠠᠵᠠᠷ ᠳᠡᠭ᠍ᠷᠢ ᠳᠡᠭᠡᠨ ᠳᠠᠭᠠᠤᠠᠬᠠᠨ ᠮᠥᠷᠭᠦᠳᠡᠭ᠌ ᠰᠥᠰᠦᠭ᠍ᠳᠡᠨ

ᠭᠠᠭᠴᠠ ᠰᠠᠤᠠᠭᠢᠯ ᠶᠢᠠᠷ ᠪᠦᠯᠭᠦᠮᠳᠡᠨ ᠴᠢᠩᠭ᠋ᠠᠷᠠᠭᠰᠠᠨ ᠴᠢᠯᠠᠭᠤᠵᠢᠮᠠᠯ

ᠭᠠᠯᠳᠤ ᠫᠣᠤ ᠳᠤ ᠳᠠᠭᠠᠷᠢᠭᠳᠠᠨ ᠣᠨᠠᠳᠠᠭ ᠦᠭᠡᠶ ᠬᠠᠷᠴᠠᠭᠠᠢ

ᠭᠠᠯᠪᠠ ᠳᠡᠯᠡᠭᠡᠢ ᠳᠤ ᠲᠦᠷᠦ ᠪᠠᠨ ᠮᠠᠠᠳᠤᠭᠤᠯᠤᠭᠰᠠᠨ ᠪᠠᠭᠠᠳᠤᠷ

ᠡᠢ᠌ᠮᠤ ᠡᠴᠡ᠄ ᠲ᠋ᠡᠭᠦᠨ ᠢ

《ᠳᠡᠭ᠍ᠷᠢᠯᠢᠭ᠌ ᠭᠦᠤ》 ᠭᠡᠵᠤ ᠨᠡᠷᠡᠢ᠌ᠳᠦᠭ᠍ᠰᠡᠨ

《ᠳᠡᠯᠡᠭᠡᠢ ᠶᠢᠨ ᠨᠤᠶᠠᠷᠬᠠᠭᠴᠢ》 ᠭᠡᠰᠡᠨ

《ᠳᠡᠯᠡᠭᠡᠢ ᠳ᠋ᠠᠭᠢᠨ ᠤ ᠬᠠᠭᠠᠨ》 ᠭᠡᠮᠡᠭ᠍ᠳᠡᠭ᠍ᠰᠡᠨ

《ᠶ‍ᠢᠷᠳᠢᠠᠴᠤ ᠶᠢ ᠪᠠᠢ᠌ᠯᠳᠤᠨ ᠳᠠᠭᠠᠭᠤᠯᠤᠭᠴᠢ》 ᠭᠡᠰᠡᠨ

ᠡᠨ︕ ᠬᠤᠷᠤᠢ︕ ᠬᠤᠷᠤᠢ︕ ᠬᠤᠷᠤᠢ︕

ᠵᠤᠬᠢᠶᠠᠭᠴᠢ᠄ ᠪᠣᠶᠠᠠᠵᠠᠶᠠᠭ᠎ᠠ
ᠬᠠᠷᠢᠶ᠎ᠠ᠄ ᠰᠢᠯᠦᠭ
ᠳᠠᠷᠤᠮ᠄ 4500
ᠴᠠᠭ᠄ 2007 ᠤᠨ ᠤ 09 ᠰᠠᠷ᠎ᠠ ᠶᠢᠨ 14