ᠳᠤᠷᠠᠯᠠᠯ ᠮᠢᠨᠢ

ᠡᠨᠡ ᠬᠠᠪᠣᠷ ᠤᠨ ᠠᠩᠬᠠᠨ ᠤ ᠪᠣᠷᠤᠭ᠎ᠠ ᠳᠠᠢ

ᠡᠷᠭᠢᠭᠡᠳ ᠨᠠᠳᠠ ᠳᠠᠭᠠᠨ ᠢᠷᠡᠭ᠍ᠰᠡᠨ ᠡᠮᠵᠡᠭ᠍‍ᠭᠡᠨ ᠳᠤᠷᠠᠯᠠᠯ ᠮᠢᠨᠢ

ᠡᠭᠢᠨ ᠤ ᠣᠳᠠᠰᠤ ᠶᠢ ᠢᠴᠢᠩᠭᠦᠢᠷᠡᠨ ᠳᠤᠰᠤᠭᠰᠠᠨ ᠥᠭᠡᠢ

ᠡᠷᠳᠡ ᠣᠷᠭᠤᠭᠰᠠᠨ ᠢᠷᠭᠤᠢ ᠰᠢᠭ ᠴᠡᠩᠭᠡᠷᠭᠡᠨ ᠳᠤᠷᠠᠯᠠᠯ ᠮᠢᠨᠢ

ᠡᠮᠵᠡᠭ᠌ ᠭᠡᠭᠦ ᠳᠤ ᠳᠡᠩᠳᠡᠭᠦᠤ ᠡᠮᠵᠡᠭ᠌

ᠬᠠᠢ᠌ᠯᠤᠭᠠᠤᠨ ᠣᠷᠤᠰᠤᠭᠰᠠᠨ ᠴᠠᠰᠤ ᠰᠢᠭ ᠳᠤᠷᠠᠯᠠᠯ ᠮᠢᠨᠢ

ᠡᠷᠳᠡ ᠭᠡᠭᠦ ᠳᠤ ᠳᠡᠩᠳᠡᠭᠦᠤ ᠡᠷᠳᠡ

ᠠᠮᠢᠳᠤᠷᠠᠯ ᠳᠠᠨᠢᠭ᠎ᠠ ᠦᠭᠡᠶ ᠳᠠᠪᠭᠢᠵᠤ ᠶᠠᠪᠣᠭᠰᠠᠨ ᠳᠤᠷᠠᠯᠠᠯ ᠮᠢᠨᠢ

ᠣᠳᠤ ᠳᠠᠭᠢᠵᠤ ᠠᠭᠤᠯᠵᠠᠬᠤ ᠳᠤ ᠴᠢᠷᠠᠢ ᠶᠢᠨ ᠴᠢᠨᠢ ᠰᠠᠢ᠌ᠬᠠᠨ ᠢ ᠶᠠᠭᠠᠭᠢᠨᠠᠮ ᠪᠣᠢ

ᠣᠷᠳᠤ ᠰᠦᠨᠢ ᠶᠢᠨ ᠪᠣᠳᠤᠯ ᠳᠤ ᠴᠠᠭ ᠬᠤᠭᠤᠴᠠᠭ᠎ᠠ ᠳᠤᠷᠠᠰᠤᠭᠳᠠᠬᠤ ᠶᠢ ᠶᠠᠭᠠᠭᠢᠨᠠᠮ ᠪᠣᠢ

ᠣᠳᠠᠭᠠᠨ ᠰᠠᠭᠤᠵᠤ ᠶᠠᠷᠢᠯᠴᠠᠬᠤ ᠳᠤ ᠰᠡᠳᠭᠢᠯ ᠤᠨ ᠴᠡᠯᠮᠡᠭ᠌ ᠢ ᠶᠠᠭᠠᠭᠢᠨᠠᠮ ᠪᠣᠢ

ᠠᠨᠢᠷ ᠦᠭᠡᠶ ᠶᠢᠨ ᠳᠤᠮᠳᠠ ᠬᠤᠶᠠᠭᠤᠯᠠ ᠳᠤᠭᠤᠢ ᠰᠠᠭᠤᠬᠤ ᠶᠢ ᠶᠠᠭᠠᠭᠢᠨᠠᠮ ᠪᠣᠢ᠃


2009.4.12 ᠠᠮᠤᠭᠤᠯᠠᠩ ᠳᠤ

ᠵᠤᠬᠢᠶᠠᠭᠴᠢ᠄ ᠭᠤ᠋·ᠠᠯᠮᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2183
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁