ᠳᠠᠮᠠᠭᠢᠨ ᠣᠳᠤᠭ᠎ᠠ ᠪᠣᠶᠤ ᠳᠠᠯᠳᠠᠬᠠᠨ ᠭᠤᠨᠢᠭ

ᠳᠠᠮᠠᠭᠢᠨ ᠤ ᠦᠨᠦᠷ

ᠬᠠᠭᠠᠰ ᠨᠡᠭᠡᠭᠡᠯᠳᠡᠳᠡᠢ ᠬᠠᠭᠠᠯᠭᠠᠨ ᠤ ᠴᠢᠨᠢ ᠵᠠᠪᠰᠠᠷ ᠡᠴᠡ ᠭᠤᠳᠤᠮ ᠳᠦᠭᠦᠷᠳᠡᠯ᠎ᠡ ᠰᠠᠩᠭᠢᠨᠠᠵᠤ

ᠰᠢᠷᠡᠭᠡᠨ ᠳᠡᠭᠡᠷᠡᠭᠢ

ᠰᠢᠵᠢᠷ ᠥᠩᠭᠡᠳᠡᠢ ᠷᠠᠳᠢᠤ᠋ ᠡᠴᠡ ᠣᠶᠠᠷᠠᠭᠤᠨ ᠠᠶᠠᠰ ᠰᠤᠨᠤᠷ ᠳᠠᠯᠠᠳᠤᠨ᠎ᠡ

ᠬᠠᠭᠠᠰ ᠰᠦᠨᠢ ᠨᠣᠢ᠌ᠷ ᠦᠭᠡᠶ ᠬᠤᠨᠤᠭᠰᠠᠨ ᠢ ᠴᠢᠨᠢ ᠪᠢ ᠦᠨᠦᠷᠳᠠᠵᠤ ᠮᠡᠳᠡᠭ᠍ᠰᠡᠨ

ᠬᠠᠶᠠ ᠣᠢ᠌ᠤᠠᠬᠤ ᠪᠠᠷ ᠳᠠᠭᠤᠤ ᠭᠢᠩᠰᠢᠳᠡᠭ᠌ ᠨᠢᠭᠤᠴᠠ ᠶᠢ ᠴᠢᠨᠢ ᠴᠤ ᠮᠡᠳᠡᠭ᠍ᠰᠡᠨ

ᠣᠳᠤᠭᠠᠨ ᠳᠤ ᠨᠢ ᠬᠠᠬᠠᠭᠰᠠᠨ ᠪᠢᠰᠢ

ᠣᠶᠠᠷᠠᠭᠤᠨ ᠠᠶᠠᠰ ᠲᠤ ᠨᠢ ᠵᠠᠩᠭᠢᠷᠠᠵᠤ

ᠥᠩᠭᠡᠷᠡᠵᠤ ᠭᠠᠷᠬᠤ ᠭᠦᠮᠦᠰ

ᠣᠷᠳᠤᠬᠠᠨ ᠭᠤᠨᠢᠭ ᠶᠢᠡᠷ ᠨᠢᠭᠤᠵᠤ ᠰᠡᠭᠦᠷᠡᠰᠦᠯᠡᠨ᠎ᠡ

ᠰᠠᠷᠠᠨ ᠤ ᠮᠦᠩᠭᠦᠨ ᠳᠤᠶᠠᠭ᠎ᠠ ᠭᠡᠭᠡᠪᠴᠢ ᠪᠠᠷ ᠴᠢᠨᠢ ᠳᠤᠰᠴᠤ ᠰᠢᠷᠬ᠎ᠠ ᠶᠢ ᠴᠢᠨᠢ ᠰᠡᠮᠭᠡᠨ ᠢᠯᠪᠢᠭ᠍ᠰᠡᠨ ᠪᠠᠢ᠌ᠬᠤ

ᠰᠠᠢ᠌ᠬᠠᠨ ᠳᠡᠭᠦᠨ ᠤ ᠴᠢᠨᠢ ᠳᠠᠪᠬᠤᠷ ᠨᠢᠳᠤ ᠣᠳᠤ ᠪᠣᠯᠵᠤ ᠬᠠᠷᠠᠭᠳᠠᠭᠰᠠᠨ ᠪᠠᠢ᠌ᠬᠤ

ᠦᠨᠡᠨ ᠰᠡᠳᠭᠢᠯ ᠶᠢᠡᠷ ᠬᠠᠢ᠌ᠷᠠᠯᠠᠭᠰᠠᠨ ᠵᠢᠷᠦᠭᠡ ᠭᠠᠭᠴᠠᠭᠠᠷᠳᠠᠬᠤ ᠨᠢ ᠣᠯᠠᠨ

ᠦᠴᠢᠭ᠌ ᠶᠢᠡᠨ ᠦᠭ‍ᠭᠦᠭ᠍ᠰᠡᠨ ᠳᠤᠷᠠᠯᠠᠯ ᠤᠨ ᠥᠭᠡᠰ ᠮᠥᠩᠭᠡᠷᠡᠳᠡᠭ᠌ ᠨᠢ ᠦᠨᠡᠨ


ᠪᠣᠳᠤᠯ ᠳᠤ ᠪᠠᠨ ᠳᠠᠷᠤᠭᠳᠠᠨ

ᠪᠠᠢ᠌ᠨ ᠪᠠᠢ᠌ᠨ ᠰᠡᠭᠦᠷᠡᠰᠦᠯᠡᠭᠦ ᠊ᠭ᠍ᠱᠡᠨ

ᠠᠭᠠᠷ ᠭᠦᠷᠳᠡᠯ᠎ᠡ ᠴᠠᠷᠴᠠᠵᠤ

ᠭᠤᠨᠢᠭ ᠳᠦᠭᠦᠷᠦᠭ᠍ᠰᠡᠨ ᠦᠷᠦᠭᠡᠨ ᠳᠤ ᠴᠢᠨᠢ

ᠭᠡᠨ ᠴᠤ ᠤᠢ᠌ᠷᠠᠳᠬᠤ ᠶᠢ ᠵᠢᠷᠦᠭᠡᠯᠡᠭ᠍ᠰᠡᠨ ᠦᠭᠡᠶ ᠪᠠᠢ᠌ᠬᠤ

ᠡᠷ᠎ᠡ ᠭᠦᠮᠤᠨ ᠤ ᠨᠢᠯᠪᠣᠰᠤ ᠳᠤᠳᠤᠭᠰᠢ ᠪᠠᠨ ᠣᠷᠤᠰᠳᠠᠭ ᠶᠢᠡᠷ ᠶᠢᠡᠨ

ᠡᠩᠰᠡᠷᠡᠯ ᠪᠦᠭᠦᠨ ᠶᠢᠡᠨ ᠴᠢ ᠮᠢᠨᠢ

ᠡᠯᠢᠭᠡᠨ ᠳᠤ ᠪᠠᠨ ᠮᠡᠭ᠍ᠰᠢᠭ᠍ᠰᠡᠨ ᠴᠤ ᠪᠠᠢ᠌ᠬᠤ


ᠡᠷ᠎ᠡ ᠭᠦᠮᠤᠨ ᠤ ᠬᠠᠢ᠌ᠷ᠎ᠠ ᠳᠤᠭᠳᠤᠯᠤᠩᠬᠠᠨ ᠢᠷᠠᠵᠤ ᠥᠶᠡᠷᠯᠡᠩᠭᠡᠨ ᠦᠷᠭᠦᠯᠵᠢᠯᠡᠳᠡᠭ᠌

ᠡᠭᠦᠷᠢᠳᠡ ᠮᠠᠷᠳᠠᠬᠤ ᠦᠭᠡᠶ ᠨᠢᠭᠡᠨ ᠳᠤᠷᠠᠯᠠᠯ ᠢ ᠴᠢᠮ᠎ᠠ ᠡᠴᠡ ᠣᠯᠤᠭᠰᠠᠨ ᠭᠡᠦᠭᠡᠨ ᠠᠵᠠᠳᠠᠢ

ᠡᠷᠭᠢᠭᠡᠳ ᠬᠠᠷᠠᠬᠤ ᠳᠤ ᠪᠠᠨ ᠴᠢᠨᠤ ᠪᠠᠷ᠎ᠠ ᠶᠢ ᠳᠠᠷᠠ ᠥᠭᠡᠢ᠌ᠯᠡᠭᠦ ᠦᠭᠡᠶ ᠨᠢ ᠯᠠᠪᠳᠠᠢ

ᠡᠨᠡᠭᠡᠨ ᠨᠠᠰᠤᠨ ᠳᠤ ᠪᠠᠨ ᠴᠢᠨᠤ ᠭᠤᠨᠢᠭ ᠭᠡᠵᠢᠶ᠎ᠡ ᠴᠤ ᠠᠷᠢᠯᠬᠤ ᠦᠭᠡᠶ ᠶᠢ ᠪᠢ ᠢᠳᠡᠭᠡᠭᠦ ᠳᠤᠷᠠᠳᠠᠢ


ᠬᠠᠯᠠᠭᠤᠨ ᠳᠤᠯᠠᠭᠠᠨ ᠠᠮᠢᠳᠤᠷᠠᠯ ᠭᠡᠨ ᠳᠤ ᠴᠤ ᠣᠯᠳᠠᠨ᠎ᠠ

ᠬᠠᠢ᠌ᠷ᠎ᠠ ᠳᠤᠷᠠᠯᠠᠯ ᠢ ᠭᠦᠮᠤᠨ ᠪᠣᠯᠭᠠᠨ ᠡᠴᠡ ᠭᠡᠵᠢᠶ᠎ᠡ ᠴᠤ ᠣᠯᠳᠠᠭ ᠪᠢᠰᠢ

ᠬᠠᠢ᠌ᠷ᠎ᠠ ᠶᠢᠨ ᠲᠦᠯᠦᠭᠡ ᠥᠭᠦᠵᠤ ᠪᠣᠯᠳᠠᠭ ᠢ ᠫᠦᠱᠺᠢᠨ ᠭᠡᠷᠡᠴᠢᠯᠡᠭ᠍ᠰᠡᠨ ᠴᠤ

ᠬᠠᠢ᠌ᠷᠠᠯᠠᠬᠤ ᠶᠢᠨ ᠲᠦᠯᠦᠭᠡ ᠠᠮᠢᠳᠤ ᠶᠠᠪᠣᠳᠠᠭ ᠶᠢᠡᠨ ᠭᠡᠨ ᠴᠤ ᠮᠠᠳᠠᠨ᠎ᠠ


ᠬᠤᠷᠤᠭᠤᠨ ᠤ ᠴᠢᠨᠢ ᠵᠠᠪᠰᠠᠷ ᠶᠢᠡᠷ ᠬᠤᠷᠤᠯᠵᠠᠨ ᠵᠠᠮᠬᠠᠷᠠᠬᠤ ᠳᠠᠮᠠᠭᠢᠨ ᠣᠳᠤᠭ᠎ᠠ ᠪᠣᠯᠵᠤ

ᠬᠤᠪᠳᠤᠯ ᠵᠢᠷᠦᠭᠡᠨ ᠤ ᠴᠢᠨᠢ ᠭᠦᠡᠳᠦᠭᠡᠨ ᠭᠤᠨᠢᠭ ᠢ ᠬᠤᠪᠢᠶᠠᠯᠴᠠᠬᠤ ᠰᠠᠨ

ᠬᠤᠯᠠ ᠶᠢᠨ ᠳᠡᠷᠡᠭᠦ ᠳᠤᠷᠠᠰᠤᠯ ᠤᠨ ᠴᠢᠨᠢ ᠭᠢᠵᠠᠭᠠᠷ ᠲᠤ

ᠬᠤᠨᠤᠭᠰᠢᠭᠰᠠᠨ ᠵᠡᠭᠦᠳᠤ ᠶᠢ ᠴᠢᠨᠢ ᠡᠩᠭᠦᠷᠡᠢ᠌ᠯᠡᠭᠦ ᠰᠠᠨ


ᠥᠰᠦᠭᠯᠡᠭᠦ᠂ ᠳᠤᠭᠠᠯᠠᠬᠤ ᠬᠤᠶᠠᠷ ᠢ ᠰᠠ‍‌ᠶᠢ ᠰᠤᠷᠬᠤ ᠬᠡᠦᠬᠡᠳ ᠰᠢᠭ᠌ ᠪᠢ

ᠦᠨᠡᠰᠤᠨ ᠰᠠᠪᠠᠨ ᠤ ᠳᠠᠮᠠᠭᠢᠨ ᠭᠤᠳᠤᠯᠢ ᠶᠢ ᠨᠢᠮᠪᠠᠢ᠌ᠯᠠᠨ ᠪᠦᠷᠢᠦᠡᠭᠡᠨ᠎ᠡ

ᠪᠦᠳᠤᠨ ᠰᠦᠨᠢ ᠪᠠᠷ ᠨᠣᠢ᠌ᠷ ᠦᠭᠡᠶ ᠬᠤᠨᠤᠭᠰᠠᠨ ᠶᠢᠡᠨ ᠨᠢᠭᠤᠭᠰᠠᠨ ᠪᠣᠯᠵᠤ

ᠪᠦᠮᠪᠦᠭᠡᠨ ᠳᠠᠯᠠᠪᠣᠷ ᠲᠤ ᠴᠢ ᠪᠦᠷᠭᠦᠤᠨ ᠰᠢᠭ᠌ ᠳᠡᠭᠦᠯᠢᠨ᠎ᠡ


ᠭᠦᠡᠳᠦᠭᠡᠨ ᠭᠤᠨᠢᠭ ᠶᠢᠡᠨ ᠪᠢ ᠳᠠᠷᠤᠭᠠᠤᠨ ᠴᠤ ᠴᠢᠳᠠᠯ ᠥᠭᠡᠢ

ᠭᠦᠮᠤᠨ ᠡᠴᠡ ᠨᠢᠭᠤᠳᠠᠭ ᠥᠭᠡ ᠪᠠᠨ ᠪᠢ ᠭᠡᠯᠡᠵᠤ ᠵᠢᠷᠦᠭᠡᠯᠡᠭᠦ ᠦᠭᠡᠶ

ᠭᠦᠮᠤᠨ ᠭᠦᠮᠤᠨ ᠳᠤ ᠪᠠᠨ ᠬᠠᠢ᠌ᠷᠠᠳᠠᠢ ᠪᠠᠢ᠌ᠳᠠᠭ ᠤᠨ ᠵᠢᠮ᠎ᠠ ᠪᠠᠷ

ᠭᠦᠡᠳᠡᠢ ᠦᠷᠦᠭᠡᠨ ᠤ ᠴᠢᠨᠢ ᠭᠡᠭᠡᠪᠴᠢ ᠪᠠᠷᠠᠯᠠᠵᠤ ᠳᠤᠭᠣᠢ᠌ᠬᠠᠨ ᠁


ᠵᠤᠬᠢᠶᠠᠭᠴᠢ ᠶᠢᠨ ᠬᠠᠶ‍ᠢᠭ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠴᠠᠭᠠᠠᠮᠦ᠋ᠷᠠᠨ ᠪᠠᠯᠭᠠᠰᠤ ᠶᠢᠨ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠳᠠᠭᠢᠨᠢᠨᠠᠭᠤᠷ(ᠰ·ᠮᠥᠩᠭᠡᠨᠡᠷᠡᠰᠤ)
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1292
ᠴᠠᠭ᠄ 2010 ᠤᠨ ᠤ 06 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁