ᠢᠷᠠᠭᠤ ᠨᠠᠢ᠌ᠷᠠᠭ ᠪᠣᠯ ᠁

ᠠᠯᠠᠭᠠᠨ ᠳᠠᠭᠠᠨ ᠠᠳᠤᠭᠤᠨ ᠳᠤᠭᠤᠰᠤ ᠲᠡᠶ

ᠠᠷᠠᠤᠨ ᠤᠨ ᠳᠠᠭᠤᠤ ᠶᠢᠨ ᠣᠩᠭ᠋ᠤᠨ ᠰᠠᠷᠠ ᠪᠣᠯ ᠢᠷᠠᠭᠤ ᠨᠠᠢ᠌ᠷᠠᠭ ︕

ᠠᠶᠤᠤᠯᠢᠬᠠᠢ ᠳᠠᠭᠠᠨ ᠠᠮᠢᠳᠤᠷᠠᠯ ᠳᠡᠪᠠᠷᠢᠭ᠍ᠰᠡᠨ

ᠠᠯᠤᠰ ᠮᠠᠷᠭᠠᠰᠢ ᠲᠡᠶ ᠠᠮᠢᠨ ᠰᠤᠶᠤᠯ ᠪᠣᠯ ᠢᠷᠠᠭᠤ ᠨᠠᠢ᠌ᠷᠠᠭ ︕

ᠨᠠᠷᠠ ᠰᠢᠭ ᠳᠦᠷᠠᠯᠵᠢᠯ ᠭᠠᠯ ᠤᠨ ᠠᠶᠠᠨ ᠪᠣᠯ ᠢᠷᠠᠭᠤ ᠨᠠᠢ᠌ᠷᠠᠭ ︕

ᠨᠢ᠋ᠮᠠᠨ ᠵᠠᠭᠤᠨ ᠰᠢᠭ ᠳᠦᠷᠦᠭᠡ ᠪᠣᠰᠤᠭ᠎ᠠ ᠰᠢᠭᠤᠷᠭ᠎ᠠ ᠪᠣᠯ ᠢᠷᠠᠭᠤ ᠨᠠᠢ᠌ᠷᠠᠭ ︕


ᠢᠷᠠᠭᠤ ᠨᠠᠢ᠌ᠷᠠᠭ ᠪᠣᠯ

ᠰᠠᠷᠠᠨ ᠤ ᠊ᠭ᠍‍ᠬᠢᠷ ᠢ ᠴᠥᠯᠪᠠᠭ᠍ᠰᠡᠨ

ᠰᠡᠳᠭᠢᠯ ᠤᠨ ᠭᠦᠨ ᠴᠤᠩᠭᠢᠶᠠᠯ ︕

ᠰᠠᠯᠭᠢᠨ ᠵᠡᠭᠡᠷᠳᠡ ᠰᠢᠭ᠌ ᠵᠢᠭᠦᠷᠯᠡᠯ

ᠰᠠᠨᠠᠭᠠᠨ ᠤ ᠳᠤᠭᠳᠤᠯᠤᠯ ︕


ᠰᠠᠴᠤᠯᠢ ᠮᠥᠩᠭᠦᠨ ᠠᠶᠠᠭᠠᠨ ᠡᠴᠡ

ᠰᠠᠮᠤᠷᠠᠵᠤ ᠣᠨᠠᠭᠰᠠᠨ ᠰᠢᠳᠢᠳᠤ ᠮᠥᠭᠦᠯᠢᠭ᠌

ᠰᠠᠷᠠᠨ ᠤ ᠨᠣᠢ᠌ᠳᠠᠨ ᠰᠤᠷᠮᠤᠰᠤ ᠡᠴᠡ

ᠰᠠᠴᠤᠭᠳᠠᠵᠤ ᠣᠬᠠᠭᠠᠷᠠᠭᠰᠠᠨ ᠳᠤᠮᠤᠭᠳᠤ ᠣᠰᠤᠨ ︕

ᠠᠷᠠᠤᠨ ᠲᠦᠮᠡᠨ ᠭᠡᠰᠡᠨ ᠠᠯᠳᠠᠨ ᠳᠤᠯᠭᠠᠭᠤᠷᠢ ᠪᠠᠨ

ᠠᠮᠢ ᠪᠠᠷ ᠶᠢᠡᠨ ᠬᠠᠮᠠᠭᠠᠯᠠᠳᠠᠭ ᠡᠷ᠎ᠡ ᠮᠦᠰᠤᠨ ︕

ᠠᠭᠠᠷ ᠳᠡᠭ᠍ᠷᠢ ᠭᠡᠰᠡᠨ ᠡᠭᠡ ᠣᠷᠤᠨ ᠶᠢᠡᠨ

ᠠᠮᠢᠳᠤᠷᠠᠯ ᠶᠢᠡᠷ ᠮᠠᠨᠠᠭᠰᠠᠨ ᠵᠢᠰᠤ ᠲᠡᠶ ᠳᠤᠮᠤᠭ ︕


ᠢᠷᠠᠭᠤ ᠨᠠᠢ᠌ᠷᠠᠭ ᠪᠣᠯ

ᠭᠦᠭᠡ ᠮᠤᠷᠢᠨ ᠵᠢᠯ ᠤᠨ ᠭᠦᠮᠤᠨ ᠮᠦᠰᠤᠨ ᠤ

ᠭᠦᠩᠭᠢᠨᠡᠨ ᠨᠥᠵᠢᠭᠢᠨᠡᠭ᠍ᠰᠡᠨ ᠭᠦᠷᠡᠯ ᠫᠣᠤ ᠶᠢᠨ ᠳᠠᠭᠤᠨ ︕

ᠭᠦᠮᠤᠨ ᠰᠢᠷᠤᠢ ᠡᠴᠡ ᠪᠠᠨ ᠭᠦᠯ ᠰᠢᠯᠵᠢᠭᠦ ᠦᠭᠡᠶ

ᠭᠦᠮᠦᠰᠭᠡ ᠪᠣᠰᠤᠭ᠎ᠠ ᠭᠠᠳᠠ ᠮᠠᠢ᠌ᠷᠠᠨ ᠤ ᠳᠠᠭᠤᠤ ︕

ᠨᠠᠰᠤ ᠪᠠᠷ ᠶᠢᠡᠨ ᠨᠠᠮᠢᠷᠠᠶᠤ ᠭᠡᠰᠡᠨ

ᠨᠠᠷᠠᠨ ᠤ ᠭᠡᠭᠡᠨ ᠵᠤᠪᠠᠯ ᠪᠣᠯ ᠢᠷᠠᠭᠤ ᠨᠠᠢ᠌ᠷᠠᠭ ︕

ᠨᠠᠮᠤᠷ ᠨᠠᠮᠤᠷ ᠶᠢᠡᠷ ᠰᠢᠷᠭᠠᠯᠳᠤᠶ᠎ᠠ ᠭᠡᠰᠡᠨ

ᠨᠢ᠋ᠮᠠᠨ ᠵᠠᠭᠤᠨ ᠤ ᠠᠯᠳᠠᠢ ᠬᠠᠢ᠌ᠷᠬᠠᠨ ᠤ ᠳᠤᠮᠤᠭ ᠪᠣᠯ ᠢᠷᠠᠭᠤ ᠨᠠᠢ᠌ᠷᠠᠭ ︕

ᠭᠦᠵᠦᠭᠦᠤ ᠪᠠᠷ ᠶᠢᠡᠨ ᠭᠦᠭᠦᠳᠡᠭᠡᠨᠡᠭ᠍ᠰᠡᠨ

ᠭᠦᠭᠡ ᠭᠡᠷ ᠤᠨ ᠴᠠᠭᠠᠨ ᠳᠠᠭᠳᠠᠭ᠎ᠠ ᠪᠣᠯ ᠢᠷᠠᠭᠤ ᠨᠠᠢ᠌ᠷᠠᠭ ︕

ᠭᠦᠰᠡᠯ ᠶᠢᠡᠷ ᠶᠢᠡᠨ ᠵᠢᠭᠦᠷᠯᠡᠭ᠍ᠰᠡᠨ

ᠭᠦᠮᠤᠨ ᠰᠤᠶᠤᠯ ᠤᠨ ᠳᠠᠷᠬᠠᠨ ᠮᠦᠷᠠᠨ ᠪᠣᠯ ᠢᠷᠠᠭᠤ ᠨᠠᠢ᠌ᠷᠠᠭ ︕


ᠰᠡᠭᠦᠳᠡᠷ ᠭᠠᠵᠠᠷ ᠶᠢᠡᠨ ᠨᠠᠷᠠᠨ ᠳᠤ ᠬᠠᠳᠠᠭᠠᠭᠰᠠᠨ

ᠰᠡᠳᠭᠢᠯ ᠤᠨ ᠳᠠᠮᠤᠯᠠᠯ ᠪᠣᠯ ᠢᠷᠠᠭᠤ ᠨᠠᠢ᠌ᠷᠠᠭ ︕

ᠰᠡᠭᠦᠵᠢ ᠶᠢᠨ ᠶᠠᠰᠤ ᠪᠠᠷ ᠶᠢᠡᠨ ᠪᠠᠮᠪᠠᠷ ᠠᠰᠠᠭᠠᠭᠰᠠᠨ

ᠰᠡᠭᠦᠯᠴᠢ ᠶᠢᠨ ᠪᠠᠭᠠᠳᠤᠷ ᠤᠨ ᠡᠴᠦᠰ ᠤᠨ ᠣᠷᠢᠶ᠎ᠠ ᠪᠣᠯ ᠢᠷᠠᠭᠤ ᠨᠠᠢ᠌ᠷᠠᠭ ︕

ᠠᠷᠠᠯᠳᠤ ᠳᠡᠷᠭᠡᠨ ᠤ ᠠᠶᠠᠨ ᠤ ᠵᠢᠪᠬᠤᠭ᠎ᠠ ᠪᠣᠯ ᠢᠷᠠᠭᠤ ᠨᠠᠢ᠌ᠷᠠᠭ ︕

ᠠᠯᠳᠠᠨ ᠭᠠᠷᠤᠳᠢ ᠶᠢᠨ ᠠᠭᠠᠷ ᠤᠨ ᠳᠡᠭᠦᠦᠯᠢᠭᠡ ᠪᠣᠯ ᠢᠷᠠᠭᠤ ᠨᠠᠢ᠌ᠷᠠᠭ ︕

ᠠᠯᠤᠰᠵᠢᠵᠤ ᠣᠳᠤᠭᠰᠠᠨ ᠪᠣᠭᠤᠷᠤᠯ ᠳᠡᠦᠭᠡ ᠪᠣᠶᠤ

ᠠᠯᠠᠭᠠᠨ ᠳᠤ ᠣᠷᠤᠰᠤᠭᠰᠠᠨ ᠠᠮᠢᠳᠤᠷᠠᠯ ᠬᠠᠢ᠌ᠷ᠎ᠠ ᠪᠣᠯ ᠢᠷᠠᠭᠤ ᠨᠠᠢ᠌ᠷᠠᠭ ︕

ᠨᠠᠪᠴᠢᠨ ᠳᠤ ᠪᠦᠮᠪᠦᠷᠢᠭ᠍ᠰᠡᠨ ᠭᠠᠯ ᠨᠢᠯᠪᠣᠰᠤ ᠪᠣᠯ ᠢᠷᠠᠭᠤ ᠨᠠᠢ᠌ᠷᠠᠭ ︕

ᠨᠠᠷᠠᠨ ᠳᠤ ᠳᠡᠮᠦᠯᠡᠭ᠍ᠰᠡᠨ ᠨᠤᠳᠤᠭ ᠭᠦᠮᠤᠨ ᠪᠣᠯ ᠢᠷᠠᠭᠤ ᠨᠠᠢ᠌ᠷᠠᠭ ︕

ᠭᠢᠯᠢ ᠳᠤᠭ ᠶᠢᠠᠨ ᠪᠣᠷᠬᠠᠨ ᠰᠢᠭ ᠳᠠᠭᠢᠭᠰᠠᠨ

ᠭᠢᠯᠢᠩ ᠤᠨ ᠣᠴᠢ ᠲᠡᠶ ᠭᠦᠳᠡᠷ ᠣᠷᠤᠰᠭᠯ ᠪᠣᠯ ᠢᠷᠠᠭᠤ ᠨᠠᠢ᠌ᠷᠠᠭ ︕

ᠨᠠᠷᠠ ᠲᠡᠶ ᠡᠳᠦᠷ ᠶᠢᠡᠨ ᠰᠠᠷᠠᠨ ᠳᠤ ᠣᠷᠤᠰᠬᠠᠭᠰᠠᠨ

ᠨᠠᠪᠴᠢ ᠴᠡᠴᠡᠭᠡᠰ ᠤᠨ ᠰᠦᠨᠢ ᠶᠢᠨ ᠡᠪᠭᠡᠷᠡᠯ ᠪᠣᠯ ᠢᠷᠠᠭᠤ ᠨᠠᠢ᠌ᠷᠠᠭ ︕

ᠰᠠᠯᠭᠢ ᠰᠢᠭ᠌ ᠠᠷᠠᠤᠨ ᠤᠨ ᠶᠢᠡᠨ ᠵᠢᠷᠦᠭᠡ ᠪᠠᠷ ᠳᠠᠭᠤᠯᠠᠭᠰᠠᠨ

ᠰᠠᠷᠠ ᠰᠢᠭ᠌ ᠳᠡᠷᠭᠡᠯ ᠨᠠᠷᠠᠨ ᠤ ᠣᠮᠤᠭᠰᠢᠯ ᠪᠣᠯ ᠢᠷᠠᠭᠤ ᠨᠠᠢ᠌ᠷᠠᠭ ︕


ᠶᠡᠭᠡ ᠴᠢᠩᠭᠢᠰ ᠶᠢᠡᠨ ᠣᠭᠢᠯᠠᠵᠤ ᠭᠦᠯᠢᠶᠡᠭ᠍ᠰᠡᠨ

ᠶ‍ᠢᠷᠳᠢᠠᠴᠤ ᠭᠡᠭᠡᠨ ᠤ ᠮᠤᠩᠭ᠋ᠤᠯ ᠮᠥᠷᠦᠭᠡᠳᠦᠯ ᠪᠣᠯ ᠢᠷᠠᠭᠤ ᠨᠠᠢ᠌ᠷᠠᠭ ︕

ᠢᠷᠡᠭᠡᠳᠦᠢ ᠨᠠᠷᠠ ᠪᠠᠨ ᠢᠯᠠ ᠳᠤᠪᠴᠢᠶᠠᠨ ᠶᠢᠡᠷ ᠡᠪᠦᠷᠯᠡᠭ᠍ᠰᠡᠨ

ᠶ‍ᠢᠰᠦᠭᠡᠢ ᠶᠠᠰᠤᠳᠠᠨ ᠤ ᠳᠠᠪᠰᠢᠯᠳᠠ ᠶᠢᠨ ᠪᠦᠷᠢᠶ᠎ᠡ ᠪᠣᠯ ᠢᠷᠠᠭᠤ ᠨᠠᠢ᠌ᠷᠠᠭ ︕


ᠢᠷᠠᠭᠤ ᠨᠠᠢ᠌ᠷᠠᠭ ᠪᠣᠯ

ᠠᠯᠠᠭᠠᠨ ᠳᠠᠭᠠᠨ ᠠᠳᠤᠭᠤᠨ ᠳᠤᠭᠤᠰᠤ ᠲᠡᠶ

ᠠᠷᠠᠤᠨ ᠤᠨ ᠳᠠᠭᠤᠤ ᠶᠢᠨ ᠣᠩᠭ᠋ᠤᠨ ᠰᠠᠷᠠᠨ ︕

ᠠᠶᠤᠤᠯᠢᠬᠠᠢ ᠳᠠᠭᠠᠨ ᠠᠮᠠᠨ ᠳᠠᠩᠭ᠋ᠠᠷᠢᠭ ᠲᠡᠶ

ᠠᠵᠠ ᠲᠡᠶ ᠭᠦᠮᠤᠨ ᠤ ᠮᠦᠰᠤ ᠲᠡᠶ ᠳᠤᠭ ︕


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠬᠠᠷᠢᠶ᠎ᠠ᠄ ᠰᠢᠯᠦᠭ
ᠳᠠᠷᠤᠮ᠄ 2065
ᠴᠠᠭ᠄ 2010 ᠤᠨ ᠤ 02 ᠰᠠᠷ᠎ᠠ ᠶᠢᠨ 07