ᠳᠠᠯ᠎ᠠ ᠶᠢᠨ ᠬᠤᠳᠳᠤᠭ

ᠣᠬᠠᠭᠠᠨ ᠳᠤ ᠬᠤᠨᠤᠭᠰᠢᠭᠰᠠᠨ ᠣᠨᠠᠭᠠᠨ ᠨᠠᠰᠤᠨ ᠤ ᠳᠤᠷᠠᠰᠤᠯ ᠳ᠋ᠤ

ᠣᠭᠤᠴᠢ ᠣᠰᠤ ᠲᠡᠶ ᠳᠠᠯ᠎ᠠ ᠶᠢᠨ ᠬᠤᠳᠳᠤᠭ ᠥᠭᠡᠢ᠌ᠯᠡᠭ᠍ᠳᠡᠨ᠎ᠡ᠂   

ᠣᠬᠠᠭᠠᠷᠠᠵᠤ ᠠᠮᠢᠳᠤᠷᠠᠭᠰᠠᠨ ᠣᠩᠭ᠋ᠤᠨ ᠬᠠᠢ᠌ᠷ᠎ᠠ ᠶᠢᠨ ᠳᠡᠯᠡᠭᠡᠢ ᠳ᠋ᠤ

ᠣᠶᠠᠬᠠᠨ ᠵᠠᠩ ᠲᠡᠶ ᠴᠢᠨᠤ ᠯᠠ ᠪᠠᠷ᠎ᠠ ᠡᠷᠢᠭ᠍ᠳᠡᠨ᠎ᠡ᠃


ᠪᠣᠯᠵᠤᠭ᠎ᠠ ᠦᠭᠡᠶ ᠣᠴᠠᠷᠠᠳᠠᠭ ᠳᠠᠯ᠎ᠠ ᠶᠢᠨ ᠬᠤᠳᠳᠤᠭ ᠤᠨ ᠳᠡᠷᠭᠡᠳᠡ

ᠳᠤᠷᠠᠯᠠᠯ ᠬᠠᠢ᠌ᠷ᠎ᠠ ᠭᠡᠵᠤ ᠪᠢᠳᠠ ᠭᠡᠯᠡᠯᠴᠡᠭ᠍ᠰᠡᠨ ᠦᠭᠡᠶ ᠪᠢᠯᠠ ᠁

ᠪᠣᠯᠭᠢᠯᠠᠵᠤ ᠪᠠᠢ᠌ᠭ᠎ᠠ ᠵᠢᠷᠦᠭᠡ ᠪᠠᠨ ᠴᠢᠩᠨᠠᠨ ᠪᠠᠢ᠌ᠵᠤ

ᠳᠤᠯᠠᠭᠠᠨ ᠬᠠᠷᠠᠴᠠ ᠪᠠᠷ ᠬᠤᠯᠬᠤᠯᠵᠠᠨ ᠪᠠᠢ᠌ᠵᠤ ᠰᠢᠷᠳᠡᠯᠴᠡᠭ᠍ᠰᠡᠨ ᠶᠤᠮ᠃


ᠨᠠᠷ᠎ᠠ ᠶᠢ ᠨᠢ ᠮᠡᠳᠡᠭᠦ ᠦᠭᠡᠶ ᠨᠢᠯᠭᠢᠮ᠎ᠠ ᠰᠡᠳᠬᠢᠯᠭᠡ

ᠨᠠᠷᠠᠨ ᠡᠴᠠ ᠢᠯᠡᠭᠦᠤ ᠨᠢᠭᠤᠷ ᠢ ᠬᠠᠯᠠᠭᠠᠵᠤ ᠪᠠᠢ᠌ᠭᠰᠠᠨ ᠶᠤᠮ᠂

ᠨᠡᠭᠡᠯ ᠬᠠᠳᠠᠭᠤ ᠳᠠᠪᠴᠢᠭᠤ ᠨᠢᠭᠡ ᠭᠦᠰᠡᠯ

ᠨᠢᠳᠤ ᠶᠢ ᠮᠢᠨᠢ ᠴᠢᠨᠤ ᠳᠡᠭᠡᠷ᠎ᠡ ᠣᠨᠠᠭᠠᠵᠤ ᠪᠠᠢ᠌ᠭᠰᠠᠨ ᠶᠤᠮ᠃


ᠳᠠᠯ᠎ᠠ ᠶᠢᠨ ᠬᠤᠳᠳᠤᠭ ᠰᠢᠷᠭᠢᠵᠤ ᠮᠠᠯ ᠤᠨ ᠮᠦᠷ ᠪᠠᠯᠠᠷᠠᠭᠠᠤᠨ

ᠳᠠᠰᠤᠯ ᠭᠦᠮᠦᠰ ᠰᠠᠯᠤᠯᠴᠠᠨ ᠰᠠᠨᠠᠯ ᠮᠦᠷᠦᠭᠡᠳᠦᠯ ᠭᠦᠡᠳᠦᠴᠢᠯᠡᠭᠦ ᠪᠠᠷ ᠨᠢ

ᠭᠡᠨᠡᠨ ᠨᠠᠰᠤᠨ ᠤ ᠬᠤᠳᠳᠤᠭ ᠤᠨ ᠳᠡᠷᠭᠡᠳᠡᠭᠢ ᠥᠯᠢᠭᠡᠷ ᠵᠢᠠᠨ

ᠭᠡᠢ᠌ᠪᠠᠩ ᠰᠠᠷᠠᠨ ᠤ ᠳᠤᠤᠷ᠎ᠠ ᠭᠡᠷᠭᠡᠢ ᠳᠡᠭᠡᠨ ᠯᠠ ᠬᠠᠭᠤᠴᠢᠯᠠᠪᠠ᠃


ᠮᠠᠯᠮᠠᠷᠠᠨ ᠳᠤᠨᠤᠷᠠᠭᠰᠠᠨ ᠬᠤᠨᠢᠨ ᠪᠣᠷᠤ ᠨᠢᠳᠤ᠂

ᠮᠢᠰᠢᠪᠠᠯᠵᠠᠨ ᠢᠨᠢᠶᠡᠭᠦ ᠳ᠋ᠤᠨᠢ ᠳᠤᠳᠤᠷᠠᠨ ᠬᠠᠷᠠᠭᠳᠠᠬᠤ ᠬᠤᠠᠳᠠᠭ᠎ᠠ᠂

ᠮᠠᠯᠴᠢᠨ ᠵᠠᠶᠠᠭᠠᠨ ᠤ ᠨᠠᠷᠠᠨ ᠳᠤ ᠪᠣᠯᠪᠠᠰᠤᠷᠠᠭᠰᠠᠨ ᠴᠢᠷᠠᠢ᠂

ᠮᠤᠩᠭ᠋ᠤᠯ ᠦᠬᠢᠳ ᠤᠨ ᠰᠢᠭᠤᠷᠭᠠᠨ ᠳᠤ ᠳᠠᠪᠳᠠᠭᠳᠠᠭᠰᠠᠨ ᠮᠠᠬᠠᠪᠣᠤᠨ ᠁


ᠣᠬᠠᠭᠠᠨ ᠳᠤ ᠬᠤᠨᠤᠭᠰᠢᠭᠰᠠᠨ ᠣᠨᠠᠭᠠᠨ ᠨᠠᠰᠤᠨ ᠤ ᠳᠤᠷᠠᠰᠤᠯ ᠳ᠋ᠤ

ᠣᠭᠤᠴᠢ ᠣᠰᠤ ᠲᠡᠶ ᠳᠠᠯ᠎ᠠ ᠶᠢᠨ ᠬᠤᠳᠳᠤᠭ ᠥᠭᠡᠢ᠌ᠯᠡᠭ᠍ᠳᠡᠨ᠎ᠡ᠂   

ᠣᠬᠠᠭᠠᠷᠠᠵᠤ ᠠᠮᠢᠳᠤᠷᠠᠭᠰᠠᠨ ᠣᠩᠭ᠋ᠤᠨ ᠬᠠᠢ᠌ᠷ᠎ᠠ ᠶᠢᠨ ᠳᠡᠯᠡᠭᠡᠢ ᠳ᠋ᠤ

ᠣᠶᠠᠬᠠᠨ ᠵᠠᠩ ᠲᠡᠶ ᠴᠢᠨᠤ ᠯᠠ ᠪᠠᠷ᠎ᠠ ᠲ᠋ᠤᠳᠤᠷᠠᠨ᠎ᠠ ︕


ᠵᠤᠬᠢᠶᠠᠭᠴᠢ ᠶᠢᠨ ᠬᠠ‍‌ᠶᠢᠭ ᠄ ᠬᠤᠷᠴᠢᠨ᠂ ᠬᠣᠢ᠌ᠳᠤ ᠬᠤᠰᠢᠭᠤ

ᠵᠤᠬᠢᠶᠠᠭᠴᠢ᠄ ᠪᠣᠷᠵᠢᠭᠢᠨ·ᠪᠦᠷᠢᠨ‍ᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1247
ᠴᠠᠭ᠄ 2012 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁