ᠰᠡᠳᠬᠢᠯ ᠡᠰᠭᠡᠭᠰᠡᠨ ᠲᠤᠷᠠᠯᠠᠯ

1

ᠴᠢ᠂ ᠮᠢᠨᠤ ᠭᠦᠡᠳᠡᠭ᠍ᠳᠡᠭᠡ ᠦᠭᠡᠶ ᠬᠠᠢ᠌ᠷ᠎ᠠ ᠶᠢᠨ ᠠᠳᠠᠷ ᠲᠤ ᠬᠠᠪᠣᠷ ᠤᠨ ᠴᠡᠴᠡᠭ᠌ ᠭᠡᠮᠡᠷᠭᠡᠨ ᠭᠠᠩᠬᠤᠨ ᠳᠡᠯᠭᠡᠷᠡᠵᠤ ᠨᠠᠮ᠎ᠠ ᠶᠢ ᠳᠤᠷᠠᠯᠠᠭᠤᠯᠵᠤ᠂ ᠳᠤᠭᠳᠤᠯᠠᠭᠤᠯᠵᠤ᠂ ᠰᠤᠭᠳᠤᠭᠤᠷᠠᠭᠤᠯᠵᠤ ᠁ ᠭᠦᠭᠡᠭᠡ ᠡᠪᠦᠯ ᠤᠨ ᠵᠢᠭᠦᠭᠡᠨ ᠰᠠᠯᠭᠢ ᠰᠢᠭ᠌ ᠮᠢᠨᠤ ᠡᠯᠢᠭᠡ ᠵᠢᠷᠦᠭᠡ ᠶᠢ ᠬᠠᠭᠠᠷᠢᠭᠰᠠᠭᠠᠷ ᠮᠢᠨᠤ ᠳᠤᠷᠠᠯᠠᠯ ᠤᠨ ᠨᠠᠭᠤᠷ ᠡᠴᠡ ᠨᠡᠭᠦᠳᠡᠯ ᠤᠨ ᠰᠢᠪᠠᠭᠤ ᠰᠢᠤᠬᠠᠨ ᠬᠤᠯᠠᠳᠠᠨ ᠣᠤᠠᠪᠠ ᠁

ᠬᠤᠯᠠᠳᠠᠨ ᠣᠤᠠᠬᠤ ᠴᠢᠨᠤ ᠠᠷᠤ ᠡᠴᠡ ᠪᠢ ᠶᠠᠭᠤᠨ ᠳᠠᠭᠠᠨ ᠭᠡᠵᠤ ᠣᠭᠢᠯᠠᠪᠠ⁈ ᠣᠶᠠᠷᠠᠯ ᠶᠤᠮ  ᠤᠤ︖ ᠭᠤᠮᠤᠳᠠᠯ ᠶᠤᠮ ᠦᠦ ︖ ᠡᠰᠡᠭᠦᠯ᠎ᠡ ᠁ ᠦᠪᠡᠷ ᠵᠢᠡᠨ ᠴᠤ ᠡᠰᠡ ᠣᠢ᠌ᠯᠠᠭᠠᠨ᠎ᠠ ; ᠰᠠᠳᠭᠢᠯ ᠤᠨ ᠴᠠᠭᠠᠨ᠎ᠠ ᠡᠴᠡ ᠢᠪᠢᠯᠤᠨ ᠣᠷᠤᠰᠤᠭᠰᠠᠨ ᠳᠠᠷᠠ ᠨᠢᠯᠪᠣᠰᠤ ᠪᠣᠷᠤᠭᠠᠨ ᠤ ᠳᠤᠰᠤᠯ ᠰᠢᠭ᠌ ᠪᠦᠮᠪᠦᠷᠢᠭᠡ ᠦᠭᠡᠶ ᠂ ᠶ‍ᠢᠰᠤ ᠶᠢᠨ ᠮᠦᠰᠤ ᠰᠢᠭ᠌ ᠵᠢᠷᠦᠭᠡᠨ ᠭᠤᠤᠯ ᠳᠤ ᠴᠠᠷᠴᠠᠨ ᠭᠦᠯᠳᠡᠪᠡ᠃

ᠠᠢ ᠳ᠋ᠠ ᠂ ᠭᠦᠭᠡᠷᠦᠭᠦᠢ ︕ ᠰᠠᠷ᠎ᠠ ᠵᠢᠯ ᠶᠢᠡᠷ ᠴᠢᠮ᠎ᠠ ᠪᠠᠨ ᠭᠡᠵᠤ ᠣᠷᠤᠰᠤᠨ ᠬᠠᠢ᠌ᠯᠠᠳᠠᠯ᠎ᠠ ᠥᠭᠡᠢ᠌ᠯᠡᠨ ᠳᠠᠭᠤᠳᠠᠵᠤ᠂ ᠡᠩᠰᠡᠷᠡᠳᠡᠯ᠎ᠡ ᠬᠠᠩᠰᠠᠷᠠᠳᠠᠯ᠎ᠠ ᠰᠠᠨᠠᠵᠤ ᠰᠠᠷᠪᠠᠢ᠌ᠵᠤ᠂ ᠭᠡᠨ ᠡᠴᠡ ᠴᠤ ᠬᠠᠷᠠᠮᠨᠠᠵᠤ᠂ ᠭᠡᠨ ᠳᠤ ᠴᠤ ᠮᠠᠵᠤᠯᠠᠵᠤ ᠶᠠᠪᠣᠭᠰᠠᠨ ᠮᠢᠨᠢ ᠠᠩᠬᠠᠨ ᠤ ᠳᠤᠷᠠᠯᠠᠯ ᠤᠨ ᠭᠠᠰᠢᠭᠤᠨ ᠦᠨᠳᠦᠰᠦ ᠪᠠᠢ᠌ᠵᠠᠢ ᠳ᠋ᠠ︕

2

᠁ 《ᠨᠠᠮᠤᠷ ᠤᠨ ᠨᠠᠮᠤᠷ ᠲᠠᠭᠠᠨ ᠬᠠᠢ᠌ᠷᠠᠯᠠᠵᠤ ᠶᠠᠪᠣᠶ᠎ᠠ》ᠭᠡᠵᠤ ᠨᠠᠭᠠᠯᠠᠩᠬᠠᠢ᠌ᠳᠠᠨ ᠪᠠᠢ᠌ᠵᠤ ᠭᠡᠯᠡᠭ᠍ᠰᠡᠨ ᠴᠢᠨᠤ ᠰᠢᠯᠦᠭ᠌ ᠰᠢᠭ᠌ ᠥᠭᠡᠨ ᠳᠤ ᠬᠠᠩᠭ᠋ᠠᠯ ᠪᠣᠰᠤᠭ᠎ᠠ ᠡᠷ᠎ᠡ ᠪᠢ ᠬᠠᠪᠣᠷ ᠤᠨ ᠬᠠᠢ᠌ᠯ ᠰᠢᠤᠬᠠᠨ ᠣᠶᠠᠷᠠᠵᠤ᠂  《ᠨᠠᠰᠤ ᠪᠠᠷ ᠶᠢᠡᠨ ᠴᠢᠮ᠎ᠠ ᠪᠠᠨ ᠦᠨᠦᠰᠤᠨ ᠰᠠᠭᠤᠶ᠎ᠠ ᠳ᠋ᠠ》 ᠭᠡᠮᠡᠨ ᠰᠤᠷᠭᠤᠭ ᠬᠠᠯᠠᠭᠤᠨ ᠬᠠᠢ᠌ᠷ᠎ᠠ ᠳᠠᠭᠠᠨ ᠰᠢᠳᠠᠵᠤ᠂ ᠡᠩᠭᠡᠰᠭᠡ ᠳᠦᠯᠭᠢᠭ᠍ᠰᠡᠨ ᠴᠢᠨᠤ ᠪᠢᠴᠢᠬᠠᠨ ᠣᠷᠤᠭᠤᠯ ᠢ ᠬᠤᠪᠳᠤᠯ ᠥᠨᠦᠰᠦᠭ᠍ᠰᠡᠨ ᠮᠢᠨᠢ ᠡᠡᠶᠡᠭᠦᠢ ᠭᠤᠴᠤ ᠠᠩᠬᠠᠨ ᠤ ᠳᠤᠷᠠᠯᠠᠯ ᠤᠨ ᠡ᠊ᠡᠳᠡᠭᠦᠷᠡᠯ ᠪᠠᠢ᠌ᠯ᠎ᠠ᠃

3

᠁ ᠴᠠᠭ ᠵᠠᠭᠤᠷ᠎ᠠ ᠶᠢᠨ ᠭᠦᠰᠡᠯ ᠳᠠᠴᠢᠶᠠᠯ ᠡᠴᠡ ᠪᠣᠯᠵᠤ᠂ ᠰᠠᠷᠠ ᠳᠡᠷᠭᠡᠯᠰᠢᠭ᠍ᠰᠡᠨ ᠵᠤᠨ ᠤ ᠨᠠᠮᠤᠭᠤᠬᠠᠨ ᠦᠳᠡᠰᠢ ᠴᠢ᠂ ᠴᠡᠴᠡᠭ᠌ ᠢᠴᠢᠮᠠᠷ ᠴᠡᠮᠴᠡᠭᠡᠷᠳᠡᠯ᠎ᠡ ᠮᠢᠰᠢᠪᠡᠯᠵᠢᠵᠤ᠂ ᠴᠡᠭᠡᠵᠢᠨ ᠪᠠᠶ᠎ᠠ ᠳᠤ ᠨᠠᠯᠠᠵᠤ ᠰᠡᠮᠡᠭᠡᠷ ᠰᠢᠪᠠᠨᠡᠭ᠍ᠰᠡᠨ ᠥᠭᠡ ᠳᠤ ᠴᠢᠨᠢ ᠪᠢ᠂ ᠢᠳᠡᠭᠡᠯ ᠤᠨ ᠦᠨᠳᠦᠷ ᠲᠡᠭᠡᠨ ᠣᠴᠢᠷᠯᠠᠵᠤ ᠰᠢᠭᠦᠳᠡᠷᠢ ᠡᠮᠭᠦᠭ᠍ᠰᠡᠨ ᠰᠢᠯᠢ ᠶᠢᠨ ᠨᠤᠭᠤᠭᠠᠨ ᠳᠠᠠᠵᠢᠨ ᠳᠤ ᠠᠩᠬᠠᠨ ᠤ ᠳᠤᠷᠠᠯᠠᠯ ᠳᠠᠭᠠᠨ ᠳᠠᠪᠳᠤᠵᠤ᠂ ᠡᠩᠭᠡᠷ ᠳᠡᠭᠡᠷ᠎ᠡ ᠳᠤᠵᠢᠭᠢᠨᠠᠬᠤ ᠴᠢᠨᠤ ᠨᠢᠯᠪᠣᠰᠤᠨ ᠤ ᠳᠤᠰᠤᠯ ᠴᠢᠨᠢ ᠦᠨᠡᠠᠴᠢ ᠰᠠᠤᠠᠭᠢᠯ ᠠᠷᠢᠭᠤᠨ ᠬᠠᠢ᠌ᠷ᠎ᠠ ᠪᠠᠷ ᠰᠠᠨᠠᠵᠤ᠂ ᠢᠷᠭᠤᠢ ᠨᠠᠰᠤᠨ ᠤ ᠣᠶᠠᠩᠭ᠋ᠠᠨ ᠴᠠᠭᠠᠨ ᠡᠳᠦᠷ ᠤᠳ ᠲᠤ ᠬᠠᠢ᠌ᠷ᠎ᠠ ᠶᠢᠨ ᠳᠠᠯ᠎ᠠ ᠳᠠᠭᠠᠨ ᠳᠤᠷᠠᠯᠠᠯ ᠤᠨ ᠪᠣᠷᠤᠭᠠᠨ ᠪᠣᠯᠭᠠᠨ ᠵᠥᠰᠡᠷᠡᠭᠦᠯᠵᠤ ᠶᠠᠪᠤᠭᠰᠠᠨ ᠮᠢᠨᠢ ᠠᠩᠬᠠᠨ ᠤ ᠳᠤᠷᠠᠯᠠᠯ ᠤᠨ ᠶᠡᠭᠡ ᠳᠦᠭᠡᠷᠢᠯ ᠪᠠᠢ᠌ᠯ᠎ᠠ᠃

᠁ ᠥᠨᠦᠰᠦᠭ᠍ᠰᠡᠨ ᠣᠷᠤᠭᠤᠯ ᠤᠨ ᠴᠢᠨᠢ ᠣᠷᠤᠮ ᠨᠢ ᠬᠠᠳᠠᠬᠤ ᠡᠴᠡ ᠡᠮᠦᠨ᠎ᠡ ᠥᠶᠡᠷᠡᠭᠦᠯᠦᠭ᠍ᠰᠡᠨ ᠨᠢᠯᠪᠣᠰᠤ ᠶᠢᠨ ᠳᠤᠰᠤᠯ ᠴᠢᠨᠢ ᠡᠭ᠍ᠰᠢᠭᠦ ᠡᠴᠡ ᠵᠠᠪᠳᠤᠵᠤ᠂ ᠴᠢ ︕ ᠮᠢᠨᠤ ᠥᠭᠡᠳᠡ ᠡᠴᠡ ᠭᠡᠨᠡᠭ᠌ ᠦᠭᠡᠶ ᠢᠷᠠᠯᠵᠠᠳᠠᠯ᠎ᠠ ᠢᠨᠢᠶᠡᠭ᠍ᠰᠡᠭᠡᠷ᠂  《ᠴᠢᠮ᠎ᠠ ᠳᠤ ᠬᠠᠢ᠌ᠷ᠎ᠠ ᠦᠭᠡᠶ ᠶᠤᠮ ᠴᠢᠨᠢ ᠠᠷᠭ᠎ᠠ ᠦᠭᠡᠶ ᠰᠢᠤ ᠂ ᠠᠭᠤᠴᠢᠯᠠᠭᠠᠷᠠᠢ ︕》 ᠭᠡᠵᠤ ᠡᠪᠦᠷ ᠶᠢᠡᠨ ᠵᠤᠭᠤᠰ ᠶᠢᠡᠷ ᠳᠤᠳᠤᠷᠯᠠᠭᠰᠠᠨ ᠦᠯ ᠬᠠᠯᠵᠠᠨ ᠡᠪᠦᠭᠡᠨ ᠢ ᠳᠤᠭᠣᠢ᠌ᠳᠠᠨ ᠴᠢ ᠪᠢᠳᠠᠨ ᠤ ᠬᠤᠭᠤᠷᠤᠠᠳᠤ ᠶᠠᠭᠤ ᠴᠤ ᠪᠣᠯᠵᠤ ᠥᠩᠭᠡᠷᠡᠭᠡ ᠦᠭᠡᠶ ᠰᠢᠭ᠌ ᠶᠠᠩᠪᠠᠳᠠᠢ᠌ᠬᠠᠨ ᠶᠠᠪᠣᠵᠤ ᠣᠤᠠᠬᠤ ᠴᠢᠨᠤ ᠠᠷᠤ ᠡᠴᠡ ᠬᠠᠷᠠᠭᠰᠠᠭᠠᠷ ᠪᠢ ᠮᠠᠯ ᠭᠠᠬᠠᠢ᠌ᠯ᠎ᠠ ᠁

4

ᠴᠢ ᠡᠳ᠋ ᠮᠥᠩᠭᠦ᠂ ᠡᠷᠭᠡ ᠵᠡᠷᠭᠡ᠂ ᠨᠡᠷᠡᠯᠡᠭᠦᠤ ᠠᠷᠠᠠᠰᠢᠨ ᠢ ᠢᠨᠠᠭ ᠳᠤᠷᠠᠯᠠᠯ ᠂ ᠠᠮᠢ ᠨᠠᠰᠤ ᠁ ᠠᠯᠢᠪᠠ ᠪᠦᠭᠦᠨ ᠡᠴᠡ ᠳᠡᠭᠡᠳᠦᠯᠡᠭᠦ ᠪᠠᠢ᠌ᠳᠠᠯ᠎ᠠ ᠶᠠᠭᠤᠨ ᠳᠠᠭᠠᠨ ᠭᠡᠵᠤ ᠡᠷᠭᠢᠮ ᠵᠡᠷᠭᠡ ᠶᠠᠭ ᠦᠭᠡᠶ᠂ ᠡᠳ᠋ ᠮᠥᠩᠭᠦ ᠳᠠᠭ ᠬᠤᠮᠰᠠ ᠨᠠᠳᠠ ᠰᠢᠭ ᠭᠦᠮᠤᠨ ᠤ ᠬᠠᠢ᠌ᠷ᠎ᠠ ᠶᠢᠨ ᠬᠠᠭᠠᠯᠭ᠎ᠠ ᠶᠢ ᠡᠳᠦᠷ ᠪᠦᠷᠢ ᠳᠤᠭᠰᠢᠵᠤ ᠂ ᠮᠢᠨᠤ ᠵᠡᠭᠦᠳᠤᠨ ᠳᠤᠷᠠᠯᠠᠯ ᠢ ᠦᠳᠡᠰᠢ ᠳᠤᠵᠢ ᠥᠢᠮᠡᠭᠦᠯᠦᠭᠡᠤᠨ ᠪᠠᠢ᠌ᠭᠰᠠᠨ ᠪᠤᠯ ᠳ᠋ᠠ ︖

ᠴᠢᠨᠤ ᠭᠠᠯ ᠤᠨ ᠲᠦᠯᠦ ᠲᠡᠶ ᠪᠣᠷᠮ᠎ᠠ ᠶᠢᠨ ᠠᠮᠳᠠ ᠳᠠᠢ ᠲᠠᠷᠠ ᠣᠯᠠᠨ ᠵᠠᠭᠢᠶ᠎ᠠ ᠴᠢᠮᠡᠭᠡ ᠶᠢ ᠴᠢᠨᠢ ᠬᠠᠢ᠌ᠷ᠎ᠠ ᠶᠢᠨ ᠰᠠᠨᠠᠭ᠎ᠠ ᠬᠠᠯᠠᠭᠤᠨ ᠰᠠᠤᠠᠭᠢᠯ ᠶᠢᠡᠷ ᠦᠨᠡᠮᠰᠢᠵᠤ᠂ ᠴᠠᠭ ᠵᠠᠢ ᠦᠭᠡᠶ ᠰᠠᠨᠠᠬᠤ ᠶᠢᠨ ᠰᠠᠢ᠌ᠬᠠᠨ ᠳᠤ ᠵᠤᠪᠠᠵᠤ ᠵᠢᠷᠭᠠᠵᠤ ᠶᠠᠪᠣᠭᠰᠠᠨ ᠮᠢᠨᠢ ᠰᠤᠬᠤᠷ ᠵᠤᠭᠤᠰᠤᠨ ᠤ ᠦᠨ᠎ᠡ ᠭᠦᠷᠭᠦ ᠦᠭᠡᠶ ᠳᠡᠨᠡᠭ᠌ ᠳᠤᠷᠠᠯᠠᠯ ᠪᠠᠢ᠌ᠯ᠎ᠠ᠃

5

ᠨᠡᠭᠦᠳᠡᠯ ᠤᠨ ᠰᠢᠪᠠᠭᠤ ᠡᠭᠡᠵᠤ ᠢᠷᠡᠳᠡᠭ᠌ ᠴᠤ ᠨᠢᠩᠵᠢᠨ ᠰᠠᠨᠠᠭ᠎ᠠ ᠪᠠᠷ ᠳᠤᠭᠯᠠᠭᠰᠠᠨ ᠴᠢᠨᠤ ᠳᠤᠷᠠᠯᠠᠯ ᠮᠢᠨᠤ ᠰᠠᠤᠠᠭᠢᠯ ᠤᠨ ᠨᠠᠭᠤᠷ ᠲᠤ ᠳᠠᠭᠢᠵᠤ ᠪᠢᠳᠡᠭᠡᠢ ᠢᠷᠡᠭᠡᠷᠡᠢ ︕ ᠥᠩᠭᠡᠷᠡᠵᠤ ᠭᠠᠷᠬᠤ ᠵᠤᠴᠢᠨ ᠴᠢᠮ᠎ᠠ ᠶᠢ ᠠᠮᠢᠳᠤᠷᠠᠯ ᠤᠨ ᠬᠠᠨᠢ ᠠᠮᠢ ᠨᠠᠰᠤᠨ ᠤ ᠬᠠᠭᠠᠰ ᠶᠢᠡᠷ ᠰᠠᠨᠠᠵᠤ ᠰᠠᠷᠪᠠᠢ᠌ᠵᠤ᠂ ᠭᠦᠭ᠍ᠰᠡᠵᠤ ᠭᠡᠢ᠌ᠷᠭᠡᠵᠤ ᠶᠠᠪᠣᠭᠰᠠᠨ ᠮᠢᠨᠢ ᠠᠷᠭ᠎ᠠ ᠦᠭᠡᠶ ᠯᠠ ᠰᠠᠤᠠᠭᠢᠯ ᠡᠰᠭᠡᠭ᠍ᠰᠡᠨ ᠳᠤᠷᠠᠯᠠᠯ ᠪᠠᠢ᠌ᠯ᠎ᠠ᠁


ᠵᠤᠬᠢᠶᠡᠬᠴᠢ᠄ ᠭᠢᠩᠭ᠋ᠠᠨ ᠤ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ


ᠵᠤᠬᠢᠶᠠᠭᠴᠢ᠄ ᠬᠢᠶᠠᠨ ᠠᠵᠢᠨᠢ
ᠬᠠᠷᠢᠶ᠎ᠠ᠄ ᠨᠠᠢᠷᠠᠭᠤᠯᠤᠯ
ᠳᠠᠷᠤᠮ᠄ 3661
ᠴᠠᠭ᠄ 2009 ᠤᠨ ᠤ 09 ᠰᠠᠷ᠎ᠠ ᠶᠢᠨ 21