ᠳᠡᠦᠭᠡᠨ ᠭᠦᠮᠦᠰ ᠤᠨ ᠦᠨᠡᠯᠠᠯᠳᠠ ᠶᠢᠨ ᠳᠤᠬᠠᠢ

《ᠶᠠᠫᠣᠨ ᠤ ᠸᠠᠰᠸᠳᠠ ᠶᠡᠭᠡ ᠰᠤᠷᠭᠠᠭᠤᠯᠢ ᠶᠢᠨ ᠶᠤᠰᠢᠳᠠ ᠹᠷᠤᠫᠧᠰᠰᠤᠷ᠄ 〈ᠦᠪᠣᠷ ᠮᠤᠩᠭ᠋ᠤᠯ ᠤᠨ ᠪᠠᠷᠠᠭᠤᠨ ᠣᠷᠤᠨ ᠶᠢᠡᠷ ᠦᠨᠳᠦᠰᠦᠳᠠᠨ ᠤ ᠭᠦᠳᠡᠯᠭᠡᠭᠡᠨ ᠣᠯᠠᠨ ᠦᠷᠨᠢᠵᠤ ᠪᠠᠢ᠌ᠬᠤ ᠳᠤ ᠦᠪᠣᠷ ᠮᠤᠩᠭ᠋ᠤᠯ ᠤᠨ ᠣᠯᠠᠩᠭᠢ ᠳᠤᠭ᠎ᠠ ᠶᠢ ᠡᠵᠡᠯᠡᠭᠦ ᠬᠤᠷᠴᠢᠨ ᠮᠤᠩᠭ᠋ᠤᠯ ᠶᠠᠭᠠᠭᠢᠭᠠᠤᠨ ᠴᠢᠮᠡᠭᠡ ᠦᠭᠡᠶ ᠪᠢᠯᠠ〉 ᠭᠡᠵᠤ ᠭᠠᠢ᠌ᠬᠠᠨ ᠬᠤᠷᠴᠢᠨ ᠶᠢᠡᠷ ᠭᠡᠰᠡᠭ᠌ ᠬᠤᠭᠤᠴᠠᠭ᠎ᠠ ᠰᠤᠷᠪᠣᠯᠵᠢᠯᠠᠵᠤ ᠰᠤᠳᠤᠯᠵᠤ ᠰᠢᠠᠵᠢᠯᠠᠵᠤ ᠶᠠᠪᠣᠭᠰᠠᠨ ᠭᠡᠨ᠎ᠡ᠃ ᠳᠡᠭᠡᠭᠡᠤᠨ ᠳᠡᠭᠦᠨ ᠤ ᠰᠤᠳᠤᠯᠤᠭᠰᠠᠨ ᠦᠷ᠎ᠡ ᠳ᠋ᠦ᠋ᠩ ᠨᠢ : 〈ᠬᠤᠷᠴᠢᠠᠴᠤᠳ ᠳᠡᠦᠭᠡ ᠪᠠᠨ ᠮᠠᠷᠳᠠᠵᠠᠢ᠂ ᠳᠠᠢ᠌ᠮᠤ ᠡᠴᠡ ᠳᠠᠮᠠᠴᠠᠯ ᠤᠨ ᠬᠠᠷᠠᠯᠳᠠ ᠪᠠ ᠵᠤᠷᠢᠭ ᠶᠢᠡᠨ ᠠᠯᠳᠠᠵᠠᠢ〉 ᠭᠡᠰᠡᠨ ᠭᠡᠨ᠎ᠡ》 ᠭᠡᠳᠡᠭ᠌ ᠨᠢ ᠭᠡᠯᠪᠠᠢ᠌ᠭᠦᠤ ᠦᠵᠡᠯᠳᠠ ᠶᠤᠮ᠃

ᠮᠠᠠᠵᠤ ᠴᠢᠩ ᠤᠨ ᠰᠡᠭᠦᠯᠴᠢ᠂ ᠢᠷᠡᠭᠡᠨ ᠣᠯᠤᠰ ᠤᠨ ᠡᠭᠢᠨ ᠤ ᠣᠨ ᠤᠳ ᠶᠢᠡᠷ ᠬᠤᠷᠴᠢᠨ ᠵᠡᠭᠦᠨ ᠭᠠᠷ ᠤᠨ ᠵᠠᠰᠠᠭ ᠴᠢᠩ ᠸᠠᠩ ᠠᠮᠤᠷᠯᠢᠩᠭ᠋ᠤᠢ᠂ ᠬᠤᠷᠴᠢᠨ ᠪᠠᠷᠠᠭᠤᠨ ᠭᠠᠷ ᠤᠨ ᠡᠮᠦᠨᠡᠳᠤ ᠬᠤᠰᠢᠭᠤᠨ ᠤ ᠵᠠᠰᠠᠭ ᠵᠢᠶᠦ᠋ᠨ ᠸᠠᠩ ᠣᠳᠠᠢ᠂ ᠬᠤᠷᠴᠢᠨ ᠵᠡᠭᠦᠨ ᠭᠠᠷ ᠤᠨ ᠬᠣᠢ᠌ᠳᠤ ᠬᠤᠰᠢᠭᠤᠨ ᠤ ᠵᠠᠰᠠᠭ ᠵᠢᠶᠦ᠋ᠨ ᠸᠠᠩ ᠭᠤᠠᠴᠤᠭᠳᠤᠷᠵᠢ᠂ ᠬᠤᠷᠴᠢᠨ ᠪᠠᠷᠠᠭᠤᠨ ᠭᠠᠷ ᠤᠨ ᠬᠣᠢ᠌ᠳᠤ ᠬᠤᠰᠢᠭᠤᠨ ᠤ ᠵᠠᠰᠠᠭ ᠭᠦᠩ ᠷᠠᠰᠢᠮᠢᠠᠵᠤᠤᠷ ᠨᠡᠷ ᠪᠣᠯ᠂ ᠮᠠᠠᠵᠤ ᠴᠢᠩ ᠤᠨ ᠰᠡᠭᠦᠯᠴᠢ ᠶᠢᠨ ᠦᠶ᠎ᠡ ᠪᠠᠷ᠂ ᠮᠠᠠᠵᠤ ᠴᠢᠩ ᠤᠨ ᠲᠦᠷᠦ ᠶᠢᠨ ᠪᠣᠳᠤᠯᠭ᠎ᠠ ᠳᠤᠭᠳᠠᠭᠠᠬᠤ ᠰᠠᠢ᠌ᠳ ᠨᠡᠷ ᠤᠨ 《ᠢᠷᠭᠡᠨ ᠢ ᠨᠡᠭᠦᠯᠭᠡᠨ᠂ ᠭᠢᠯᠢ ᠶᠢ ᠪᠠᠭᠢᠵᠢᠭᠦᠯᠭᠦ》 ᠭᠡᠳᠡᠭ᠌ ᠨᠠᠷ᠎ᠠ ᠪᠠᠷ ᠮᠤᠩᠭ᠋ᠤᠯ ᠨᠤᠳᠤᠭ ᠲᠤ ᠳᠦᠷᠢᠨ ᠣᠷᠤᠵᠤ ᠴᠡᠷᠢᠭ᠌ ᠰᠠᠭᠤᠯᠭᠠᠬᠤ ᠪᠠ ᠴᠡᠷᠢᠭ᠌ ᠤᠨ ᠡᠷᠭᠡᠳᠡᠨ ᠪᠣᠯᠤᠨ ᠭᠠᠮᠢᠩ ᠤᠨ ᠮᠤᠩᠭ᠋ᠤᠯ ᠨᠤᠳᠤᠭ ᠢ ᠳᠦᠷᠢᠮᠡᠭᠡᠢ᠌ᠯᠡᠨ ᠡᠵᠡᠯᠡᠭᠦ ᠶᠢ ᠡᠰᠡᠷᠭᠦᠴᠡᠨ᠂ ᠬᠤᠰᠢᠭᠤ ᠨᠤᠳᠤᠭ ᠶᠢᠡᠨ ᠬᠠᠮᠭᠠᠯᠠᠬᠤ ᠠᠷᠭ᠎ᠠ ᠪᠣᠳᠤᠯᠭ᠎ᠠ ᠳᠤᠭᠳᠠᠭᠠᠵᠤ ᠦᠨᠳᠦᠰᠦᠳᠠᠨ ᠤ ᠪᠠᠨ ᠰᠤᠶᠤᠯ ᠪᠣᠯᠤᠨ ᠨᠤᠳᠤᠭ ᠶᠢᠡᠨ ᠶᠢᠡᠨ ᠳᠦᠯᠦᠭᠡ᠂ ᠴᠢᠨᠠᠭᠰᠢᠳᠠ ᠳᠤᠰᠭᠠᠷ ᠳᠤᠭᠳᠠᠨᠢᠯ ᠤᠨ ᠳᠦᠯᠦᠭᠡ ᠳᠡᠮᠡᠴᠡᠭ᠍ᠰᠡᠨ ᠣᠷᠴᠢᠨ ᠦᠶ᠎ᠡ ᠶᠢᠨ ᠦᠨᠳᠦᠰᠦᠳᠠᠨ ᠤ ᠳᠡᠭᠡᠳᠤ ᠳᠠᠪᠬᠤᠷᠭᠠᠳᠠᠤᠨ᠂ ᠪᠠᠭᠠᠳᠤᠷ ᠤᠳ ᠭᠡᠵᠤ ᠨᠢᠭᠡᠨ ᠳᠠᠯ᠎ᠠ ᠡᠴᠡ ᠨᠢ ᠦᠨᠡᠯᠠᠵᠤ ᠴᠤ ᠪᠣᠯᠬᠤ ᠶᠤᠮ᠃

ᠵᠤᠬᠢᠶᠠᠭᠴᠢ᠄ ᠥᠭᠡᠯᠡᠳ ᠭᠠᠯᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 5263
ᠴᠠᠭ᠄ 2008 ᠤᠨ ᠤ 12 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ