ᠵᠢᠷᠦᠭᠡᠨ ᠳᠤ ᠵᠥᠰᠡᠷᠡᠭᠦ ᠪᠣᠷᠤᠭ᠎ᠠ

ᠨᠠᠮᠤᠷ ᠤᠨ ᠪᠣᠷᠤᠭ᠎ᠠ ᠵᠥᠰᠡᠷᠡᠩᠭᠡᠨ

      ᠴᠠᠭ ᠤᠨ ᠥᠩᠭᠡ ᠦᠣᠡᠭᠡᠷᠡᠨ᠎ᠡ

ᠨᠠᠢ᠌ᠷ ᠤᠨ ᠰᠡᠳᠬᠢᠯᠭᠡ ᠣᠶᠠᠷᠠᠩᠬᠠᠨ

      ᠦᠨᠦᠴᠢᠷᠠᠯ ᠤᠨ ᠵᠠᠪᠢ ᠰᠠᠯᠢᠨ᠎ᠡ

ᠨᠠᠷᠭᠢᠵᠤ ᠶᠠᠪᠣᠭᠰᠠᠨ ᠶᠢᠡᠨ ᠥᠭᠡᠢ᠌ᠯᠡᠩᠭᠡᠨ

      ᠵᠢᠷᠦᠭᠡᠨ ᠰᠢᠷᠬᠠᠯᠠᠯ ᠡᠮᠵᠡᠭᠯᠡᠨ᠎ᠡ

ᠨᠠᠷᠠᠳᠤ ᠶᠢᠨ ᠵᠢᠷᠭᠠᠯᠠᠩ ᠶᠢᠡᠨ ᠳᠤᠷᠠᠰᠤᠩᠬᠠᠨ

      ᠣᠨ ᠤ ᠭᠦᠷᠳᠤ ᠶᠢ ᠡᠯᠡᠭᠡᠨ᠎ᠡ

ᠢᠳᠠ ᠣᠯᠠᠷᠢᠯ ᠥᠩᠭᠡᠰᠢᠭᠦ ᠪᠠᠷ

      ᠢᠳᠡᠭᠡᠯ ᠬᠠᠢ᠌ᠷ᠎ᠠ ᠰᠢᠩᠭᠡᠷᠡᠨ᠎ᠡ

ᠢᠪ ᠳᠠᠷᠤᠭᠰᠠᠨ ᠠᠮᠢᠳᠤᠷᠠᠯ ᠡᠴᠠ

      ᠢᠮ ᠳᠠᠮᠠᠭ᠎ᠠ ᠳᠤᠷᠠᠢ᠌ᠨ᠎ᠠ

ᠢᠯᠠ ᠳᠠᠯᠳᠠ ᠳᠡᠦᠭᠡᠨ ᠳ᠋ᠤ

      ᠵᠦᠪ ᠬᠠᠵᠠᠭᠠᠢ ᠳᠠᠭᠠᠯᠳᠤᠨ᠎ᠠ

ᠢᠷᠡᠭᠦ ᠮᠠᠷᠭᠠᠰᠢ ᠶᠢᠨ ᠡᠳᠦᠷ ᠤᠳ ᠡᠴᠠ

      ᠦᠨᠡᠨ ᠴᠠᠭᠠᠨ ᠳᠤᠳᠤᠷᠠᠨ᠎ᠠ

ᠵᠢᠷᠦᠭᠡᠨ ᠳᠤ ᠵᠥᠰᠡᠷᠡᠭᠦ ᠪᠣᠷᠤᠭ᠎ᠠ

      ᠵᠢᠭᠡᠭᠦᠨ ᠭᠦᠢᠳᠡᠨ ᠰᠠᠨᠠᠭᠳᠠᠨ᠎ᠠ

ᠵᠢᠷᠤᠮ ᠭᠤᠷᠢᠮ ᠡᠴᠠ ᠭᠠᠵᠢᠵᠤ

      ᠵᠢᠮᠤᠷ ᠭᠤᠮᠤᠷ ᠵᠢᠮᠵᠢᠭᠢᠨᠠᠨ᠎ᠡ

ᠵᠢᠭ᠍ᠳᠡ ᠣᠷᠤᠰᠢᠬᠤ ᠬᠤᠷᠸ᠎ᠠ

      ᠵᠢᠮ᠎ᠠ ᠪᠠᠨ ᠠᠯᠳᠠᠵᠤ ᠭᠤᠯᠰᠤᠨ᠎ᠠ

ᠵᠢᠰᠤᠷ ᠮᠡᠭᠡᠳᠡᠨ ᠤ ᠰᠠᠨᠠᠭᠠᠨ ᠳ᠋ᠤ

      ᠵᠢᠷ ᠤᠨ ᠭᠦᠮᠦᠰ ᠪᠠᠯᠠᠷᠠᠨ᠎ᠠ᠂᠂


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠬᠠᠷᠢᠶ᠎ᠠ᠄ ᠰᠢᠯᠦᠭ
ᠳᠠᠷᠤᠮ᠄ 1914
ᠴᠠᠭ᠄ 2012 ᠤᠨ ᠤ 09 ᠰᠠᠷ᠎ᠠ ᠶᠢᠨ 25