ᠨᠠᠢ᠌ᠷᠠᠭ ᠢ ᠮᠢᠨᠢ ᠣᠩᠰᠢᠪᠠᠯ ᠁

ᠨᠠᠢ᠌ᠷᠠᠭ ᠢ ᠮᠢᠨᠢ ᠣᠩᠰᠢᠪᠠᠯ

ᠨᠠᠢ᠌ᠷᠠᠭᠴᠢ ᠶᠢᠨ ᠨᠢᠳᠤ ᠪᠠᠷ ᠯᠠ ᠪᠢᠳᠡᠭᠡᠢ ᠣᠩᠰᠢ

ᠨᠠᠳᠠ ᠳᠤ ᠭᠠᠭᠴᠠᠬᠠᠨ ᠵᠠᠶᠠᠭᠠᠭᠰᠠᠨ

ᠨᠤᠳᠤᠭ ᠤᠨ ᠦᠷᠤᠴᠠ ᠪᠠᠷ ᠪᠠᠭᠳᠠᠭᠠᠵᠤ ᠣᠩᠰᠢ

ᠣᠶᠠᠭᠠᠨ ᠤ ᠵᠥᠭᠡᠯᠡᠨ ᠰᠢᠷᠤᠢ ᠰᠡᠮᠡᠷᠡᠭᠦᠯᠦᠭ᠍ᠰᠡᠨ

ᠣᠨᠠᠭ᠎ᠠ ᠶᠢᠨ ᠦᠣᠷᠰᠠᠯ ᠲᠡᠶ ᠨᠤᠳᠤᠭ ᠡᠴᠡ ᠪᠠᠨ

ᠣᠶᠤᠨ ᠤ ᠴᠠᠴᠠᠨ ᠰᠢᠮ᠎ᠠ ᠣᠯᠤᠭᠰᠠᠨ ᠭᠡᠵᠤ

ᠣᠬᠠᠭᠠᠨ ᠤ ᠡᠷᠭᠢᠮ ᠳᠤ ᠳᠤᠭᠳᠠᠭᠠᠵᠤ ᠣᠩᠰᠢ

ᠳᠤᠯᠤᠭᠠᠤᠨ ᠤᠨ ᠶᠢᠡᠨ ᠨᠠᠮᠬᠠᠨ ᠣᠷᠤᠢ ᠬᠠᠷᠠᠵᠤ

ᠳᠤᠭᠠᠳᠠᠢ᠌ᠬᠠᠨ ᠪᠢᠴᠢᠳᠡᠭ᠌ ᠰᠢᠯᠦᠭ᠌ ᠢ ᠮᠢᠨᠢ ᠣᠩᠰᠢ ︕


ᠨᠠᠢ᠌ᠷᠠᠭ ᠢ ᠮᠢᠨᠢ ᠣᠩᠰᠢᠪᠠᠯ

ᠨᠠᠢ᠌ᠷᠠᠭᠴᠢ ᠶᠢᠨ ᠨᠢᠳᠤ ᠪᠠᠷ ᠯᠠ ᠪᠢᠳᠡᠭᠡᠢ ᠣᠩᠰᠢ

ᠨᠠᠮ᠎ᠠ ᠶᠢ ᠡᠯᠢᠭᠡᠨ ᠳᠡᠭᠡᠨ ᠪᠦᠪᠠᠢ᠌ᠯᠡᠭ᠍ᠰᠡᠨ

ᠡᠵᠢ ᠶᠢᠨ ᠮᠢᠨᠢ ᠡᠯᠢᠭᠡ ᠪᠠᠷ ᠡᠨᠡᠷᠢᠵᠤ ᠣᠩᠰᠢ

ᠳᠠᠠᠳᠠᠷ ᠮᠠᠠᠳᠠᠷ ᠴᠤ ᠭᠦᠯ ᠲᠡᠶ ᠶᠤᠮ ᠬᠣᠢ᠌ᠨ᠎ᠠ

ᠳᠠᠳᠠᠷ ᠮᠠᠳᠠᠷ ᠴᠤ ᠭᠡᠯᠡ ᠲᠡᠶ ᠶᠢ ᠢᠳᠡᠭᠡᠵᠤ

ᠬᠠᠢ᠌ᠷ᠎ᠠ ᠪᠠᠷ ᠭᠡᠵᠤ ᠭᠡᠯᠭᠢᠭ᠍ᠰᠡᠨ ᠤ ᠣᠴᠢᠷ

ᠨᠠᠢ᠌ᠷ ᠶᠢᠡᠷ ᠭᠡᠵᠤ ᠳᠠᠭᠠᠯᠠᠨ ᠣᠩᠰᠢ

ᠠᠭᠤᠤ ᠴᠡᠭᠡᠵᠢᠨ ᠳᠡᠭᠡᠨ ᠦᠷᠤᠪᠴᠢᠯᠠᠨ ᠪᠠᠢ᠌ᠵᠤ

ᠠᠷᠢᠭᠤᠨ ᠵᠦᠩᠨᠠᠯ ᠳᠡᠭᠡᠨ ᠢᠷᠦᠭᠡᠨ ᠣᠩᠰᠢ ︕


ᠨᠠᠢ᠌ᠷᠠᠭ ᠢ ᠮᠢᠨᠢ ᠣᠩᠰᠢᠪᠠᠯ

ᠨᠠᠢ᠌ᠷᠠᠭᠴᠢ ᠶᠢᠨ ᠨᠢᠳᠤ ᠪᠠᠷ ᠯᠠ ᠪᠢᠳᠡᠭᠡᠢ ᠣᠩᠰᠢ

ᠨᠠᠮ᠎ᠠ ᠶᠢ ᠬᠠᠢ᠌ᠷ᠎ᠠ ᠪᠠᠷ ᠶᠢᠡᠨ ᠳᠤᠯᠠᠭᠠᠯᠠᠭᠰᠠᠨ

ᠬᠤᠩᠭ᠋ᠤᠷ ᠤᠨ ᠮᠢᠨᠢ ᠵᠢᠷᠦᠭᠡ ᠪᠠᠷ ᠯᠤᠭᠰᠢᠵᠤ ᠣᠩᠰᠢ

ᠠᠮᠠᠷᠠᠭ ᠵᠠᠶᠠᠭᠠᠨ ᠤ ᠡᠩᠭᠦᠷᠡᠢ᠌ᠯᠡᠯ ᠳ᠋ᠤᠨᠢ

ᠭᠤᠯᠤᠮᠳᠠ ᠶᠢᠨ ᠭᠠᠯ ᠣᠯᠠᠯᠵᠠᠳᠠᠭ ᠶᠤᠮ ᠬᠣᠢ᠌ᠨ᠎ᠠ

ᠠᠰᠢᠳᠠ ᠶᠢᠨ ᠰᠠᠢ᠌ᠬᠠᠨ ᠢᠷᠦᠭᠡᠯ ᠳᠤ ᠴᠢᠨᠢ

ᠨᠠᠢ᠌ᠷᠠᠭ ᠤᠨ ᠪᠢᠯᠢᠭ᠌ ᠣᠠᠳᠤᠷᠠᠳᠠᠭ ᠢ ᠢᠳᠡᠭᠡᠵᠤ

ᠰᠢᠯᠦᠭ᠌ ᠪᠢᠴᠢᠳᠡᠭ᠌ ᠢ ᠮᠢᠨᠢ ᠣᠢ᠌ᠯᠠᠭᠠᠵᠤ ᠣᠩᠰᠢ

ᠱᠦᠷᠭᠡᠢ ᠪᠣᠯᠤᠭᠰᠠᠨ ᠴᠤ ᠠᠮᠳᠠᠷᠬᠠᠵᠤ ᠣᠩᠰᠢ ᠁


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1311
ᠴᠠᠭ᠄ 2010 ᠤᠨ ᠤ 07 ᠰᠠᠷ᠎ᠠ ᠶᠢᠨ 01
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ