ᠡᠵᠡᠩᠳᠤ ᠲᠦᠷᠦ ᠶᠢᠨ ᠰᠦᠯᠳᠡ

ᠡᠵᠡᠩᠳᠤ ᠳᠦᠷᠤ ᠶᠢᠨ ᠰᠦᠯᠳᠡ ᠳᠠᠭᠤᠤ

ᠡᠷᠳᠡᠨ ᠤ ᠰᠠᠢ᠌ᠬᠠᠨ ᠣᠶᠠᠩᠭ᠋ᠠᠯᠠᠯ ᠡ

ᠡᠷᠭᠢᠭᠦ ᠽᠠᠮᠪᠣ ᠶᠢ ᠪᠠᠭᠳᠠᠭᠠᠨ

ᠡᠭᠡᠰᠢᠭᠯᠡᠨ ᠰᠢᠷᠤᠩᠬᠠᠢ᠌ᠯᠠᠯ᠎ᠠ

ᠳᠠᠭᠢᠵᠤ ᠢᠷᠡᠭᠦ ᠦᠭᠡᠶ ᠣᠨ ᠵᠢᠯ ᠤᠳ

ᠰᠠᠤᠠᠭᠢᠯ ᠤᠨ ᠪᠣᠳᠢ ᠪᠠᠷ ᠳᠦᠭᠦᠷᠡᠵᠤ

ᠳᠠᠶᠠᠭᠠᠷ ᠭᠦᠪᠴᠢᠨ ᠳᠡᠯᠡᠭᠡᠢ

ᠳᠠᠭᠠᠭᠠᠮᠠᠢ ᠨᠣᠢ᠌ᠷᠰᠤᠨ ᠰᠤᠨᠤᠰᠤᠯ᠎ᠠ

ᠬᠠᠨ ᠳᠡᠭ᠍ᠷᠢ ᠶᠢᠨ ᠦᠯᠮᠡᠢ ᠳᠤ

ᠶ‍ᠢᠷᠳᠢᠠᠴᠤ ᠶᠢᠨ ᠳᠡᠦᠭᠡ ᠶᠢ ᠰᠠᠪᠠᠯᠠᠵᠤ

ᠬᠠᠷ᠎ᠠ ᠪᠦᠷᠳᠤᠨ ᠤ ᠠᠭᠤᠯᠠᠨ᠎ᠠ

ᠬᠠᠯᠢᠭᠤᠨ ᠪᠣᠭᠤ ᠨᠢ ᠣᠷᠤᠮᠳᠠᠯ᠎ᠠ

ᠬᠠᠳᠠᠨ ᠰᠥᠭᠡ ᠶᠢᠨ ᠠᠭᠰᠠᠭᠤᠯᠠᠩ ᠳᠤ

ᠭᠠᠵᠠᠷ ᠤᠨ ᠴᠢᠰᠤ ᠨᠢ ᠳᠤᠯᠭᠢᠶᠠᠯᠠᠵᠤ

ᠬᠠᠯᠭᠢᠯᠠᠬᠤ ᠭᠦᠭᠡ ᠨᠠᠭᠤᠷ ᠨᠢ

ᠳᠤᠭᠳᠠᠭᠠᠯ ᠶᠠᠭᠤᠨ ᠳᠠᠭᠠᠨ ᠮᠠᠯᠮᠠᠷᠠᠯ᠎ᠠ

ᠰᠢᠨ᠎ᠠ ᠶᠢᠨ ᠳᠡᠷᠭᠡᠯ ᠰᠠᠷᠠᠨ᠎ᠠ

ᠳᠠᠩᠴᠠᠵᠤ ᠪᠣᠰᠤᠭᠰᠠᠨ ᠣᠨᠠᠭ᠎ᠠ

ᠰᠢᠯᠢ ᠶᠢᠨ ᠦᠨᠳᠦᠷ ᠳᠠᠪᠠᠭᠠᠨ᠎ᠠ

ᠰᠢᠯᠭᠡᠭᠡᠨ ᠡᠭᠦᠰᠴᠤ ᠡᠪᠰᠢᠶᠡᠯ᠎ᠡ

ᠭᠦᠭᠡ ᠳᠡᠦᠭᠡ ᠶᠢᠨ ᠱᠠᠰᠳᠢᠷ

ᠰᠢᠷᠠᠯᠠᠳᠠᠭᠰᠠᠨ ᠬᠠᠭᠤᠳᠠᠰᠤ ᠰᠡᠷᠭᠦᠵᠤ

ᠭᠦᠪᠴᠢᠨ ᠳᠡᠯᠡᠭᠡᠢ ᠶᠢᠨ ᠶᠢᠡᠨ ᠰᠦᠯᠳᠡ

ᠡᠵᠡᠨ ᠵᠠᠶᠠᠭᠠᠨ ᠳ᠋ᠤᠨᠢ ᠭᠦᠷᠭᠡᠯ᠎ᠡ

ᠳᠠᠭᠠᠷᠢ ᠲᠡᠶ ᠭᠦᠷᠦᠡᠭ᠌ ᠮᠤᠷᠢ ᠲᠡᠶ

ᠳᠤᠳᠤᠨᠤ ᠴᠢᠩ ᠳᠡᠭᠡᠳᠦᠰ ᠤᠨ ᠮᠢᠨᠢ

ᠳᠠᠪᠭᠢᠭᠠᠤᠨ ᠥᠩᠭᠡᠷᠡᠭ᠍ᠰᠡᠨ ᠵᠥᠯᠭᠡ ᠶᠢᠨ

ᠡᠪᠠᠰᠤ ᠨᠢ ᠵᠠᠳᠠᠷᠬᠠᠢ ᠰᠠᠨᠠᠭᠳᠠᠨ᠎ᠠ

ᠶ‍ᠢᠰᠤᠨ ᠰᠢᠷᠭ᠎ᠠ ᠶᠢᠨ ᠳᠤᠭᠤᠷᠠᠢ ᠪᠠᠷ

ᠭᠤᠪᠢ ᠳᠠᠳᠠᠭᠰᠠᠨ ᠳᠠᠯ᠎ᠠ ᠶᠢᠨ

ᠶᠦᠷᠭᠦᠭᠡ ᠤᠳ ᠢ ᠥᠵᠡᠭᠦᠯ᠎ᠡ

ᠳᠠᠠᠳᠠ ᠨᠢᠯᠬᠠᠨ ᠥᠵᠡᠭ᠍ᠳᠡᠨ᠎ᠡ

ᠭᠤᠷᠪᠠᠨ ᠴᠠᠭ ᠤᠨ ᠳᠡᠮᠡᠴᠡᠯᠭᠡᠨ ᠳ᠋ᠤᠨᠢ

ᠭᠦᠳᠡᠯᠦᠭ᠍ᠰᠡᠨ ᠥᠭᠡᠢ ᠶᠡᠭᠡ ᠳᠡᠦᠭᠡ ᠳᠠᠢ

ᠭᠤᠷᠪᠠᠨ ᠭᠤᠤᠯ ᠶᠢᠡᠷ ᠶᠢᠡᠨ ᠰᠠᠪᠠᠯᠠᠭᠰᠠᠨ

ᠭᠦᠯᠦᠭᠡᠨ ᠶᠡᠭᠡ ᠱᠠᠰᠢᠳᠠᠷ ᠲᠡᠶ

ᠳᠤᠷᠭᠢᠭᠤᠯᠬᠤ ᠶᠡᠭᠡ ᠣᠷᠴᠢᠯᠠᠩ

ᠠᠯᠤᠰᠯᠠᠵᠤ ᠳᠠᠭᠤᠯᠠᠭᠰᠠᠨ ᠳᠤᠮᠤᠭ ᠲᠡᠶ

ᠳᠤᠷᠭᠢᠭ᠎ᠠ ᠪᠠᠷ ᠶᠢᠡᠨ ᠶᠡᠭᠡ ᠡᠪᠦᠭᠡᠤᠨ ᠤᠨ ᠮᠢᠨᠢ

ᠣᠤᠬᠠᠢ ᠭᠦᠶ‍ᠦᠯᠭᠡ ᠰᠤᠨᠤᠰᠳᠠᠯ᠎ᠠ

ᠪᠠᠢ᠌ᠳᠠᠭᠤ ᠣᠷᠢᠳᠤ ᠶᠢᠨ ᠴᠢᠩᠳᠠ ᠡᠴᠡ

ᠣᠷᠳᠤ ᠶᠢᠨ ᠳᠠᠭᠤᠤ ᠪᠠᠷ ᠶᠢᠡᠨ ᠴᠢᠮᠡᠭᠡᠯᠡᠭᠦᠯᠦᠭ᠍ᠰᠡᠭᠡᠷ

ᠽᠠᠮᠪᠣ ᠳᠢᠪ ᠶᠢᠡᠷ ᠮᠦᠨ ᠴᠤ ᠭᠦᠷᠦᠭ᠍ᠰᠡᠨ ᠶᠤᠮ

ᠮᠤᠷᠢᠨ ᠳᠤᠭᠤᠷᠠᠢ ᠵᠢᠨ ᠥᠩᠭᠦᠷᠢᠳᠡᠭᠡᠨ ᠳᠤ

ᠠᠶᠠᠭᠠᠯᠠᠵᠤ ᠪᠠᠭᠤᠭᠰᠠᠨ ᠰᠢᠷᠤᠢ ᠶᠢ ᠨᠢ

ᠮᠤᠩᠭ᠋ᠤᠯ ᠭᠡᠷ ᠭᠡᠵᠤ ᠳᠤᠭᠯᠠᠨ

ᠬᠡᠴᠢᠨᠠᠨ ᠴᠤ ᠭᠡᠦᠭᠡᠤᠨ ᠲᠡᠶ ᠶᠤᠮ ᠪᠣᠢ

ᠡᠵᠡᠩᠳᠤ ᠳᠦᠷᠤ ᠶᠢᠨ ᠰᠦᠯᠳᠡ ᠳᠠᠭᠤᠤ

ᠡᠷᠳᠡᠨ ᠤ ᠰᠠᠢ᠌ᠬᠠᠨ ᠡᠭᠡᠰᠢᠭᠯᠡᠭᠦ ᠶᠤᠮ

ᠡᠷᠭᠢᠭᠦ ᠽᠠᠮᠪᠣ ᠶᠢ ᠪᠠᠭᠳᠠᠭᠠᠨ

ᠡᠭᠡᠰᠢᠭᠯᠡᠨ ᠰᠢᠷᠤᠩᠬᠠᠢ᠌ᠯᠠᠬᠤ ᠶᠤᠮ

ᠭᠤᠨᠢᠭ ᠪᠠᠶᠠᠷ ᠤᠨ ᠳᠠᠩᠰᠠ ᠳᠡᠭᠡᠷ᠎ᠡ

ᠭᠤᠷᠪᠠᠨ ᠴᠠᠭ ᠢ ᠥᠭ᠍ᠰᠦᠭᠡᠭ᠍ᠰᠡᠨ

ᠭᠡᠭᠦᠦᠡᠭᠦ ᠦᠭᠡᠶ ᠮᠤᠩᠭ᠋ᠤᠯ ᠤᠨ ᠠᠶᠠᠯᠭᠤ

ᠶ‍ᠢᠷᠳᠢᠠᠴᠤ ᠶᠢᠨ ᠭᠦᠭᠡ ᠳᠡᠦᠭᠡ ᠡ

ᠵᠤᠬᠢᠶᠠᠭᠴᠢ᠄ ᠨ·ᠪᠠᠶᠡᠡᠮᠥᠩᠭᠡ
ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2671
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁