ᠠᠷᠰᠢ ᠶᠢᠨ ᠠᠯᠠᠭ᠎ᠠ
᠊᠊᠊᠊᠊᠊᠊᠊᠊᠊᠊᠊᠊᠊᠊ ᠶᠠᠪᠠᠭᠠᠨ ᠵᠤᠭᠤᠭ

                              ᠬᠦᠬᠡᠬᠤᠲᠠ ᠮᠢᠨᠢ ᠳ᠋ᠠ


ᠮᠤᠩᠭ᠋ᠤᠯ ᠰᠤᠶᠤᠯ ᠭᠡᠵᠤ ᠳᠡᠯᠡᠭᠡᠢ ᠨᠠᠢ᠌ᠳᠠ ᠶᠢᠨ ᠰᠤᠶᠤᠯ ᠢᠷᠭᠡᠡᠰᠢᠯ ᠢ ᠪᠦᠷᠢᠯᠳᠦᠭᠦᠯᠦᠭ᠍ᠰᠡᠨ ᠳᠡᠦᠭᠡ ᠲᠡᠶ᠃

ᠭᠦᠳᠡᠭᠡ ᠳᠤ ᠳᠦᠷᠦᠭ᠍ᠰᠡᠨ ᠪᠣᠯᠪᠠᠴᠤ ᠭᠤᠴᠢ ᠭᠠᠷᠤᠢ ᠵᠢᠯ ᠬᠦᠬᠡᠬᠤᠲᠠ ᠳᠤ ᠰᠠᠭᠤᠷᠢᠰᠢᠭᠰᠠᠨ ᠡᠴᠠ ᠡᠨᠡ ᠬᠤᠳᠠᠨ ᠳᠠᠭᠠᠨ ᠪᠢ ᠳᠤᠩ ᠬᠠᠢ᠌ᠷᠠᠳᠠᠢ ᠪᠣᠯᠵᠠᠢ᠃ ᠰᠠ‍‌ᠶᠢ ᠢᠷᠡᠭᠦ ᠳᠤ ᠪᠢᠯᠵᠤᠤᠬᠠᠢ ᠨᠢ ᠭᠦᠷᠳᠡᠯ᠎ᠡ ᠭᠦ᠋ ᠰᠢᠭ᠌ ᠬᠠᠷᠠᠭᠳᠠᠨ᠂ ᠵᠡᠭᠡᠯᠢ ᠶᠢ ᠨᠢᠭᠡ ᠵᠠᠬ᠎ᠠ ᠡᠴᠠ ᠨᠢ ᠳᠤᠭᠤᠯᠤᠭᠠᠤᠨ ᠭᠠᠷᠬᠤ ᠳᠤ ᠴᠡᠪᠠᠷᠭᠡᠨ ᠴᠠᠭᠠᠨ ᠠᠮᠠᠪᠴᠢᠨ ᠳᠡᠭᠡᠷ᠎ᠡ ᠨᠢ ᠬᠠᠮᠠᠷ ᠤᠨ ᠨᠥᠭᠡ ᠬᠠᠷᠠᠯᠠᠵᠤ ᠥᠵᠡᠭ᠍ᠳᠡᠳᠡᠭ᠌ ᠪᠠᠢ᠌ᠭᠰᠠᠨ ᠡᠴᠠ ᠡᠨᠡ ᠬᠤᠳᠠ ᠶᠢ ᠦᠨᠡᠨ ᠳᠤᠳᠤᠷ᠎ᠠ ᠡᠴᠡ ᠪᠠᠨ ᠡᠭ᠍ᠳᠡᠭᠦᠴᠡᠨ ᠭᠤᠯᠤᠳᠠᠭ ᠪᠠᠢ᠌ᠭᠰᠠᠨ᠃ ᠡ᠊ᠨᠳᠡ ᠡᠴᠡ ᠬᠤᠯᠠᠬᠠᠨ ᠵᠠᠢ᠌ᠳᠠᠬᠤ ᠰᠠᠨᠠᠭ᠎ᠠ ᠪᠣᠳᠤᠯ ᠳᠤ ᠰᠤᠶᠤᠭᠠᠯᠠᠭᠠᠤᠨ ᠯᠠ ᠪᠠᠢ᠌ᠳᠠᠭ ᠪᠠᠢ᠌ᠭᠰᠠᠨ ᠳ᠋ᠠ᠃ ᠦᠨᠦᠳᠤᠷ ᠪᠣᠯᠬᠤ ᠳᠤ ᠬᠠᠮᠢᠭ᠎ᠠ ᠨᠢ ᠣᠴᠢᠯ᠎ᠠ ᠭᠡᠳ ᠠᠵᠤ ᠠᠬᠤᠢ ᠶᠢᠨ ᠪᠣᠭᠢᠷ ᠪᠣᠯᠤᠨ ᠣᠶᠤᠨ ᠰᠠᠨᠠᠭᠠᠨ ᠤ ᠪᠣᠭᠢᠷ ᠡᠴᠠ ᠳᠤᠳᠠᠭᠠᠬᠤ ᠶᠢᠨ ᠭᠠᠵᠠᠷ ᠦᠭᠡᠶ ᠪᠣᠯᠤᠭᠰᠠᠨ ᠶᠢᠡᠨ ᠮᠠᠳᠠᠷᠠᠯ᠎ᠠ᠃ ᠣᠳᠤ ᠠᠭᠠᠷ ᠨᠢ ᠴᠡᠯᠮᠡᠭ᠍ᠰᠢᠨ ᠬᠠᠷᠠᠯᠠᠵᠤ ᠪᠣᠷᠤᠯᠠᠬᠤ ᠨᠢ ᠠᠶᠠᠷᠠᠭᠰᠠᠨ ᠴᠤ᠂ ᠬᠦᠬᠡᠬᠤᠲᠠ ᠶᠢᠨ ᠮᠢᠨᠢ ᠢᠳᠡᠭᠡᠨ ᠣᠮᠳᠠᠭᠠᠨ ᠡᠳ᠋ᠯᠡᠯ ᠭᠡᠷᠡᠭ᠍ᠰᠡᠯ ᠨᠢ ᠪᠣᠭᠢᠷᠳᠤᠵᠤ᠂ ᠭᠦᠮᠦᠰ ᠤᠨ ᠭᠢᠨᠢ ᠣᠶᠤᠨ ᠰᠠᠨᠠᠭᠠᠨ ᠤ ᠠᠷᠢᠭᠤᠨ ᠴᠠᠭᠠᠨ ᠭᠦᠭᠡᠭᠡᠴᠡᠯᠳᠦᠯ ᠴᠠᠯᠠᠭᠠᠢ᠌ᠷᠠᠭᠰᠠᠨ ᠥᠵᠡᠭ᠍ᠳᠡᠯ ᠬᠠᠶᠠ ᠦᠭᠡᠶ ᠬᠠᠷᠠᠭᠳᠠᠵᠤ᠂ ᠮᠤᠩᠭ᠋ᠤᠯ ᠰᠤᠶᠤᠯ ᠮᠢᠨᠢ ᠪᠣᠯᠠᠩᠭᠢᠷᠳᠠᠵᠤ ᠪᠣᠭᠢᠷᠳᠤᠵᠤ ᠪᠠᠢ᠌ᠭ᠎ᠠ ᠨᠢ ᠳᠠᠩᠴᠤ ᠭᠡᠴᠡᠭᠦᠤ᠂ ᠵᠢᠷᠦᠭᠡ ᠮᠢᠨᠢ ᠵᠥᠰᠦᠭ᠍ᠳᠡᠨ ᠡᠮᠵᠡᠭᠯᠡᠨ᠎ᠡ ᠡ᠃

ᠦᠨᠦᠳᠤᠷ ᠪᠣᠯᠬᠤ ᠳᠤ ᠬᠦᠬᠡᠬᠤᠲᠠ ᠪᠠᠨ ᠪᠢ ᠬᠠᠷ᠎ᠠ ᠳᠤᠭᠤᠰᠤ᠂ ᠬᠠᠩᠭᠢᠨᠠᠬᠤ ᠳᠠᠭᠤᠤ᠂ ᠮᠠᠨᠠᠠᠳᠤᠬᠤ ᠠᠭᠠᠷ᠂ ᠭᠦᠷᠴᠢᠭᠢᠨᠡᠭᠦ ᠳᠠᠭᠤ᠂ ᠠᠪᠠᠭᠠᠨᠠᠵᠤ ᠠᠷᠵᠠᠭᠠᠨᠠᠭᠰᠠᠨ ᠭᠦᠮᠦᠰ ᠲᠡᠶ ᠨᠢ ᠴᠤᠭ ᠬᠠᠢ᠌ᠷᠠᠯᠠᠬᠤ ᠪᠣᠯᠪᠠ᠃    《ᠬᠦᠬᠡᠬᠤᠲᠠ ᠪᠣᠯ ᠶᠠᠭᠠᠭᠢᠬᠤ ᠶᠢᠨ ᠠᠷᠭ᠎ᠠ ᠦᠭᠡᠶ ᠮᠤᠩᠭ᠋ᠤᠯᠴᠤᠳ ᠤᠨ ᠮᠢᠨᠢ ᠠᠵᠤ ᠠᠬᠤᠢ ᠰᠤᠶᠤᠯ ᠤᠨ ᠲᠦᠪ ᠶᠤᠮ᠃ ᠳᠠᠢ᠌ᠮᠤ ᠡᠴᠡ ᠪᠠᠨ ᠬᠦᠬᠡᠬᠤᠲᠠ ᠮᠢᠨᠢ ᠮᠤᠩᠭ᠋ᠤᠯᠴᠤᠳ ᠤᠨ ᠶᠢᠡᠨ ᠰᠤᠶᠤᠯ ᠤᠨ ᠪᠣᠯᠪᠠᠰᠤᠨ ᠢ ᠠᠬ᠎ᠠ ᠳᠡᠭᠦᠤ ᠦᠨᠳᠦᠰᠦᠳᠠᠨ ᠳᠡᠭᠡᠨ᠂ ᠭᠠᠳᠠᠭᠠᠳᠤ ᠳᠤᠳᠤᠭᠠᠳᠤ ᠶᠢᠨ ᠭᠡᠢ᠌ᠴᠢᠨ ᠵᠤᠴᠢᠨ ᠳᠠᠭᠠᠨ ᠭᠠᠢ᠌ᠬᠠᠭᠤᠯᠤᠭᠰᠠᠨ ᠣᠳᠤ ᠦᠶ᠎ᠡ ᠶᠢᠨ ᠪᠣᠯᠪᠠᠰᠤᠨ ᠬᠤᠳᠠ ᠪᠠᠢ᠌ᠪᠠᠯ ᠵᠤᠭᠢᠬᠤ ᠶᠤᠮ ᠰᠠᠨ ᠡ᠂ ᠭᠡᠵᠢᠶ᠎ᠡ ᠳᠠᠷᠠ ᠭᠡᠮᠵᠢᠶᠡᠨ ᠳᠤ ᠭᠦᠷᠭᠦ ᠪᠣᠯ᠂ ᠶᠠᠭᠠᠭᠢᠪᠠᠯ ᠦᠨᠳᠦᠷ ᠪᠣᠯᠪᠠᠰᠤᠨ ᠮᠤᠷᠠᠯ ᠲᠡᠶ ᠬᠤᠳᠠ ᠪᠣᠯᠬᠤ ᠪᠣᠯ ᠳ᠋ᠠ ᠁》 ᠭᠡᠵᠤ ᠭᠡᠵᠢᠶᠡᠳᠡ ᠰᠠᠨᠠᠭᠠᠰᠢᠷᠠᠳᠠᠭ ᠪᠣᠯᠪᠠ᠃

ᠮᠤᠩᠭ᠋ᠤᠯᠴᠤᠳ ᠭᠡᠵᠤ ᠥᠭᠡᠷ᠎ᠡ ᠶᠠᠮᠠᠷ ᠴᠤ ᠦᠨᠳᠦᠰᠦᠳᠠᠨ ᠲᠡᠶ ᠳᠠᠪᠬᠤᠷᠳᠠᠰᠢ ᠦᠭᠡᠶ ᠪᠣᠯᠪᠠᠰᠤᠨ ᠰᠤᠶᠤᠯ ᠲᠡᠶ ᠪᠠᠢ᠌ᠳᠠᠭ ᠯᠠ ᠳ᠋ᠠ᠃ ᠳᠠᠷᠠ ᠨᠢ ᠶᠠᠭᠤᠨ ᠤ ᠤᠷᠢᠳ ᠠᠪᠣ ᠡᠵᠢ ᠠᠬᠠᠰ ᠵᠠᠬᠠᠰ ᠠᠠᠳᠠ ᠨᠠᠢ᠌ᠵᠠ ᠨᠡᠷ ᠶᠢᠡᠨ ᠭᠦᠡᠳᠦᠯᠡᠨ᠂ ᠬᠡᠦᠬᠡᠳ ᠳᠡᠭᠦᠤ ᠨᠡᠷ ᠶᠢᠡᠨ ᠬᠠᠢ᠌ᠷᠠᠯᠠᠨ᠂ ᠥᠭᠡ ᠶᠠᠷᠢᠶ᠎ᠠ ᠨᠢ ᠨᠠᠮ ᠵᠥᠭᠡᠯᠡᠭᠡᠨ ᠪᠠᠯᠭᠡ ᠳᠠᠮᠪᠠᠷᠠᠯ ᠲᠡᠶ᠂ ᠣᠢ᠌ᠯᠠ ᠭᠦᠳᠡᠯᠦᠯ ᠨᠢ ᠣᠷᠠᠨ ᠪᠣᠰᠢᠭᠤ ᠪᠠᠢ᠌ᠬᠤ ᠶᠢ ᠡᠷᠭᠢᠮᠯᠡᠵᠤ᠂ 《ᠳᠠᠩᠭ᠋ᠠᠷᠢᠭ ᠶᠢᠡᠨ ᠠᠯᠳᠠᠪᠠᠯ ᠳᠠᠮᠤ ᠳᠤ ᠣᠨᠠᠨ᠎ᠠ》 ᠭᠡᠳᠡᠭ᠍ᠴᠢᠯᠡᠨ ᠵᠢᠵᠢᠭ᠌ ᠰᠠᠵᠢᠭ ᠶᠠᠪᠣᠳᠠᠯ ᠪᠠᠢ᠌ᠳᠤᠭᠠᠢ ᠶᠡᠭᠡ ᠣᠴᠢᠷ ᠲᠤ ᠴᠤ 《ᠴᠢ ᠪᠢ》 ᠭᠡᠮᠡᠨ ᠴᠤᠷ ᠪᠣᠷ ᠭᠡᠭᠦ ᠡᠴᠠ ᠶᠡᠭᠡᠳᠡ ᠭᠢᠴᠢᠶᠠᠨ ᠦᠷᠭᠦᠯᠵᠢ ᠦᠷᠦᠭᠡᠯ ᠳᠤ ᠵᠦᠪ ᠢ ᠨᠢ ᠥᠭ᠍ᠴᠤ᠂ ᠪᠣᠰᠤᠳ ᠤᠨ ᠡᠷᠭᠡ ᠠᠰᠢᠭ ᠢ ᠪᠣᠳᠤᠯᠭᠢᠯᠠᠭᠰᠠᠨ ᠪᠠᠢ᠌ᠳᠠᠭ ᠶᠢᠡᠷ ᠢᠯᠡᠷᠡᠳᠡᠭ᠌ ᠪᠢᠯᠠ᠃ ᠶᠠᠮᠠᠷ ᠨᠢᠭᠡᠨ ᠨᠠᠢ᠌ᠵᠠ ᠨᠥᠭᠦᠤᠨ ᠠᠬ᠎ᠠ ᠳᠡᠭᠦᠤ ᠰᠠᠳᠤᠨ ᠤ ᠪᠠᠨ ᠭᠤᠮᠤᠳᠠᠯ ᠳᠤᠭᠠᠴᠢᠯ ᠢ ᠭᠦᠷᠳᠡᠯ᠎ᠡ᠃

《 ᠦᠭᠡᠶ ᠪᠠᠢ᠌ᠯᠭᠦᠢ᠂ ᠡ᠊ᠨᠳᠡᠭᠦᠷᠡᠭ᠍ᠰᠡᠨ ᠪᠠᠢ᠌ᠭ᠎ᠠ ᠪᠢᠵᠠ ᠡ》 ᠭᠡᠵᠤ ᠰᠡᠳᠭᠢᠯ ᠤᠨ ᠭᠢᠨᠢ ᠵᠠᠩᠭᠢᠷᠠᠭ᠎ᠠ ᠶᠢ ᠨᠢ ᠠᠯᠳᠠᠷᠠᠭᠠᠨ ᠣᠴᠢᠷ ᠶᠠᠪᠣᠳᠠᠯ ᠪᠦᠭᠦᠨ ᠢ ᠰᠠᠢ᠌ᠨ ᠵᠥᠭ᠌ ᠣᠷᠤᠭᠤ ᠭᠦᠳᠦᠯᠤᠨ ᠦᠷᠦᠭᠡᠯ ᠲᠡᠶ ᠥ ᠰᠠᠪ ᠲᠡᠶ ᠪᠣᠯᠵᠤ ᠡ᠊ᠨᠳᠡᠭᠦᠷᠡᠯ ᠡᠴᠡ ᠭᠠᠷᠴᠤ ᠠᠵᠤ ᠪᠣᠰᠤ ᠶᠢᠨ ᠣᠴᠢᠷ ᠡᠭᠦᠰᠭᠦ ᠶᠢ ᠨᠢ ᠵᠠᠢ᠌ᠯᠠᠭᠤᠯᠵᠤ᠂ ᠶᠠᠭᠤ ᠪᠦᠭᠦᠨ ᠢ ᠨᠢ ᠰᠠᠢ᠌ᠨ ᠰᠠᠢ᠌ᠬᠠᠨ ᠵᠥᠭ᠌ ᠵᠠᠯᠠᠬᠤ ᠵᠠᠩ ᠠᠷᠠᠠᠰᠢᠨ ᠲᠡᠶ ᠰᠠᠨ᠃ ᠶᠠᠭᠤ ᠭᠢᠭ᠍ᠰᠡᠨ ᠴᠤ 《ᠠᠮᠠᠨ ᠪᠢᠯᠢᠭ᠌ ᠬᠠᠮᠢᠭᠠᠰᠢ ᠪᠠᠨ ᠪᠣᠯ ᠠᠰᠢᠳᠠ ᠶᠢᠨ ᠵᠠᠶᠠᠭ᠎ᠠ ᠳᠠᠢ᠌ᠰᠢ ᠪᠠᠨ》 ᠭᠡᠳᠡᠭ᠌ ᠵᠠᠩ ᠵᠢᠷᠤᠮ ᠶᠢᠡᠷ ᠳᠠᠷᠠ ᠴᠢᠭᠯᠡᠯ ᠶᠢᠡᠷ ᠪᠣᠳᠤᠵᠤ ᠰᠠᠳᠭᠢᠵᠤ ᠴᠢᠷᠮᠠᠢ᠌ᠵᠤ ᠠᠵᠢᠯᠯᠠᠳᠠᠭ ᠳᠠᠳᠬᠠᠯ ᠲᠡᠶ ᠶᠤᠮ᠃ ᠳᠠᠢ᠌ᠮᠤ ᠡᠴᠡ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠮᠢᠨᠢ ᠲᠦᠪ ᠪᠣᠯᠤᠭᠰᠠᠨ ᠬᠦᠬᠡᠬᠤᠲᠠ ᠮᠢᠨᠢ ᠴᠤ ᠶᠠᠭ ᠡᠨᠡ ᠭᠦ ᠪᠣᠯᠪᠠᠰᠤᠨ ᠰᠤᠶᠤᠯ ᠮᠤᠷᠠᠯ ᠶᠢᠡᠷ ᠶᠢᠡᠨ ᠣᠷᠤᠵᠤ ᠭᠠᠷᠬᠤ ᠣᠯᠠᠨ ᠭᠡᠢ᠌ᠴᠢᠳ ᠲᠡᠭᠡᠨ ᠱᠠᠭᠰᠢᠭᠳᠠᠨ ᠮᠠᠭᠳᠠᠭᠳᠠᠬᠤ ᠪᠠᠷ ᠦᠯᠦ ᠪᠠᠷᠠᠨ ᠰᠠᠭᠤᠭᠠᠯᠢ ᠠᠷᠠᠤᠨ ᠤᠨ ᠣᠷᠤᠨ ᠰᠠᠭᠤᠴᠠ ᠨᠢ ᠰᠡᠳᠭᠢᠯ ᠲᠡᠶ ᠪᠠᠨ ᠠᠳᠠᠯᠢᠬᠠᠨ ᠴᠠᠪᠠᠷ ᠴᠡᠮᠴᠡᠭᠡᠷ᠂ ᠬᠤᠳᠠ ᠵᠡᠭᠡᠯᠢ ᠨᠢ ᠠᠷᠢᠭᠤᠨ ᠴᠠᠪᠠᠷ᠂ ᠪᠠᠢ᠌ᠰᠢᠩ ᠭᠦᠷᠢᠶ᠎ᠡ ᠨᠢ ᠰᠦᠨ ᠴᠠᠭᠠᠨ ᠥᠩᠭᠡ ᠲᠡᠶ᠂ ᠭᠡᠷ ᠤᠨ ᠣᠷᠤᠢ ᠨᠢ ᠳᠡᠭ᠍ᠷᠢ ᠠᠪᠣ ᠪᠠᠨ ᠳᠠᠭᠠᠭᠰᠠᠨ ᠴᠡᠩᠭᠡᠷ ᠴᠡᠯᠮᠡᠭ᠌᠂ ᠬᠠᠰᠢᠶᠠᠨ ᠳᠤ ᠨᠢ ᠳᠡᠯᠡᠭᠡᠢ ᠡᠵᠢ ᠶᠢ ᠪᠠᠨ ᠳᠠᠭᠤᠷᠢᠶᠠᠨ ᠨᠤᠭᠤᠭᠠᠨ ᠵᠥᠯᠭᠡᠨ ᠳᠡᠭᠡᠨ ᠥᠩᠭᠡ ᠶᠢᠨ ᠴᠡᠴᠡᠭ᠌ ᠮᠢᠷᠠᠯᠵᠠᠭᠤᠯᠤᠩᠬᠠᠨ ᠭᠢᠯᠠᠯᠵᠠᠵᠤ᠂ ᠭᠡᠨ ᠠᠯᠢᠨ ᠳᠤ ᠨᠢ ᠴᠤ ᠠᠮᠤᠷ ᠳᠠᠢ᠌ᠪᠣᠭᠤ ᠰᠠᠨᠠᠭᠳᠠᠬᠤ ᠵᠢᠷᠭᠠᠯᠠᠩ ᠤᠨ ᠣᠷᠤᠨ ᠪᠠᠢ᠌ᠵᠤ ᠳᠠᠭᠠᠷᠠᠬᠤ ᠰᠢᠭ ᠪᠣᠳᠤᠭᠳᠠᠨ᠎ᠠ᠃ ᠭᠡᠳᠡᠯ᠎ᠡ ᠬᠠᠷᠢᠨ ᠭᠦᠭ᠍ᠵᠢᠭᠦ ᠳᠤᠰᠤᠮ ᠶᠢᠡᠨ ᠭᠠᠵᠠᠷ ᠪᠣᠯᠭᠠᠨ ᠳᠤ ᠪᠣᠯᠪᠠᠰᠤᠨ ᠪᠣᠰᠤ ᠣᠢ᠌ᠯᠠ ᠠᠵᠢᠯᠯᠠᠭ᠎ᠠ ᠬᠠᠷᠠᠭᠳᠠᠵᠤ᠂ ᠥᠭᠡ ᠶᠠᠷᠢᠶ᠎ᠠ ᠰᠤᠨᠤᠰᠳᠠᠨ᠂ ᠭᠦᠮᠤᠨ ᠤ ᠡᠮᠤᠨ᠎ᠡ ᠪᠣᠯ ᠨᠢᠭᠤᠷ ᠪᠠᠷᠠᠮ᠎ᠠ᠂ ᠦᠪᠡᠷ ᠲᠡᠭᠡᠨ ᠪᠣᠯ ᠬᠠᠯᠠᠰᠢᠷᠠᠮ᠎ᠠ ᠭᠡᠴᠡᠭᠦᠤ ᠰᠠᠨᠠᠭᠳᠠᠬᠤ ᠶᠢ ᠭᠡᠯᠡᠭᠦ ᠶᠢᠨ ᠠᠷᠭ᠎ᠠ ᠦᠭᠡᠶ ᠪᠣᠯᠤᠭᠰᠠᠨ ᠢ ᠶᠠᠭᠠᠭᠢᠨ᠎ᠠ ᠡ᠃

ᠭᠡᠳᠤᠨ ᠪᠠᠭ᠎ᠠ ᠨᠠᠰᠤᠨ ᠤ ᠵᠠᠯᠠᠭᠤᠴᠤᠳ ᠬᠤᠭᠤᠯᠠᠨ ᠭᠡᠷ ᠲᠤ ᠬᠤᠭᠤᠯᠠᠯᠠᠨ ᠶᠠᠷᠢᠯᠴᠠᠬᠤ ᠳᠠᠭᠠᠨ ᠠᠷᠪᠠᠨ ᠥᠭᠡᠨ ᠤ ᠳᠤᠯᠤᠭ᠎ᠠ ᠨᠢ 《ᠡᠴᠢᠭᠡ ᠴᠢᠨᠢ》 ᠭᠡᠳ ᠣᠷᠢᠯᠠᠬᠤ ᠶᠢᠨ ᠭᠢᠨᠢ ᠦᠨᠳᠦᠷ ᠢ ᠶᠠᠭᠠᠭᠢᠨ᠎ᠠ ᠪᠣᠢ᠃ ᠠᠢ᠌ᠯ ᠭᠡᠷ ᠪᠣᠯᠤᠭᠰᠠᠤᠨ ᠨᠢ᠄

᠊᠊᠊᠊᠊᠊᠊᠊᠊᠊᠊᠊᠊᠊᠊ ᠡᠴᠢᠭᠡ ᠭᠦᠮᠤᠨ ᠪᠠᠢ᠌ᠭᠠᠤᠨ ᠬᠡᠦᠬᠡᠳ ᠶᠢᠡᠨ ᠵᠦᠪ ᠰᠤᠷᠭᠠᠬᠤ ᠶᠢ ᠮᠡᠳᠡᠭᠦ ᠦᠭᠡᠶ᠂ ᠰᠠᠨᠠᠭᠠᠨ ᠳᠤ ᠣᠷᠤᠭᠰᠠᠨ ᠶᠢᠡᠷ ᠶᠢᠡᠨ ᠠᠢ᠌ᠯᠠᠳᠤᠭᠠᠤᠨ ᠪᠠᠢ᠌ᠳᠠᠭ ᠭᠦᠯᠳᠡᠭᠦᠤ ᠳᠤᠯᠤᠭᠠᠢ ︕

᠊᠊᠊᠊᠊᠊᠊᠊᠊᠊᠊᠊᠊᠊᠊ ᠥᠭᠦᠭ᠍ᠰᠡᠨ ᠮᠢᠬ᠎ᠠ ᠪᠣᠯᠤᠭᠠᠤᠨ ᠴᠢ ᠶᠠᠭᠤ ᠭᠢᠵᠤ ᠪᠠᠢ᠌ᠨ᠎ᠠ ᠳ᠋ᠠ᠂ ᠡᠭᠡ ᠭᠦᠮᠤᠨ ᠬᠡᠦᠬᠡᠳ ᠶᠢᠡᠨ ᠰᠤᠷᠭᠠᠬᠤ ᠦᠭᠡᠶ ᠥᠭᠡᠷ᠎ᠡ ᠶᠠᠭᠤ ᠭᠢᠭᠦ ᠪᠣᠢ ︖

᠊᠊᠊᠊᠊᠊᠊᠊᠊᠊᠊᠊᠊᠊᠊ ᠴᠢ ᠳᠡᠭᠡᠭᠡᠳ ᠠᠩᠭ᠋ᠠᠢ᠌ᠵᠤ ᠢᠳᠡᠭᠡᠳ ᠳᠠᠩᠭ᠋ᠠᠢ᠌ᠵᠤ ᠭᠡᠪᠳᠡᠭᠦ ᠨᠢ ᠦᠦ᠂ ᠠᠷᠢᠭᠢᠳᠠᠵᠤ ᠱᠠᠯᠢᠭᠯᠠᠬᠤ ᠨᠢ ᠦᠦ ︖

᠊᠊᠊᠊᠊᠊᠊᠊᠊᠊᠊᠊᠊᠊᠊ ᠴᠢ ᠳᠡᠭᠡᠭᠡᠳ ᠵᠢᠭᠠᠬᠠᠨ ᠣᠯᠤᠭᠰᠠᠨ ᠵᠤᠭᠤᠰ ᠶᠢᠡᠨ ᠭᠤᠶᠤᠯᠠᠵᠤ ᠵᠠᠰᠠᠭᠠᠤᠨ ᠠᠷᠵᠠᠭᠠᠨᠠᠵᠤ ᠠᠩᠭ᠋ᠠᠯᠵᠠᠭᠠᠤᠨ ᠠᠯᠢᠪᠠ ᠪᠠᠢ᠌ᠭᠰᠠᠨ ᠶᠢᠡᠨ ᠠᠷᠤ ᠳᠠᠭᠠᠨ ᠣᠷᠭᠢᠬᠤ ᠨᠢ ᠦᠦ᠁

ᠡᠰᠡᠪᠠᠯ ᠭᠦᠮᠤᠨ ᠤ ᠦᠪᠡᠷ ᠤᠨ ᠬᠡᠦᠬᠡᠳ ᠢ ᠢᠯᠭᠠᠯ ᠦᠭᠡᠶ ᠬᠡᠦᠬᠡᠳ ᠥᠵᠡᠭ᠍ᠳᠡᠪᠠᠯ 《ᠰᠤᠷ᠂ ᠰᠤᠷ᠂ ᠰᠠᠢ᠌ᠨ ᠰᠤᠷᠤᠯᠴᠠ》 ᠭᠡᠰᠡᠨ ᠥᠭᠡ ᠨᠡᠢ᠌ᠭᠡᠮ ᠳᠠᠶᠠᠭᠠᠷ ᠤᠨ ᠠᠮᠠᠨ ᠣᠩᠰᠢᠯᠭ᠎ᠠ ᠪᠣᠯᠤᠭᠰᠠᠨ ᠡᠴᠠ ᠪᠢᠰᠢ᠂ ᠶᠠᠭᠠᠭᠢᠵᠤ ᠰᠤᠷᠤᠯᠴᠠᠬᠤ ᠠᠷᠭ᠎ᠠ ᠮᠠᠶ‍ᠢᠭ ᠢ ᠨᠢ ᠵᠢᠭᠠᠵᠤ ᠴᠢᠳᠠᠬᠤ ᠭᠦᠮᠤᠨ ᠬᠤᠮᠰᠠᠳᠠᠵᠤ᠂ ᠰᠠᠢ᠌ᠨ ᠰᠤᠷᠤᠯᠴᠠᠬᠤ ᠶᠢᠨ ᠠᠴᠢ ᠬᠤᠯᠪᠣᠭᠳᠠᠯ ᠭᠡᠢ᠌ᠰᠪᠦᠷᠢᠵᠢᠨ᠂ ᠶᠠᠭ ᠯᠠ ᠪᠢᠳᠠᠨ ᠢ ᠪᠠᠭ᠎ᠠ ᠪᠠᠢ᠌ᠬᠤ ᠳᠤ 《ᠮᠠᠤ ᠵᠦᠰᠢ ᠲᠦᠮᠡᠨ ᠨᠠᠰᠤᠯᠠᠳᠤᠭᠠᠢ ︕》 ᠭᠡᠳᠡᠭ᠌ ᠶᠠᠷᠤ ᠡᠴᠡ ᠳᠡᠭᠦᠨ ᠤ ᠣᠬᠠᠭᠠᠨ ᠢ ᠨᠢ ᠣᠯᠤᠶ᠎ᠠ ᠭᠡᠵᠤ ᠪᠣᠳᠤᠭᠳᠠᠬᠤ ᠦᠭᠡᠶ ᠭᠡᠢ᠌ᠰᠪᠦᠷᠢ ᠣᠩᠰᠢᠯᠭ᠎ᠠ ᠪᠣᠯᠤᠭᠰᠠᠨ ᠲᠡᠶ ᠠᠳᠠᠯᠢ ᠪᠣᠯᠵᠠᠢ᠃ ᠪᠢᠳᠠᠨ ᠤ ᠬᠣᠢ᠌ᠴᠢᠰ ᠭᠢᠴᠢᠶᠠᠯ ᠭᠦᠮᠦᠵᠢᠯ ᠤᠨ ᠬᠤᠪᠢ ᠳᠤ ᠶᠠᠭ ᠯᠠ ᠬᠡᠦᠬᠡᠳ ᠠᠵᠢᠯᠴᠢᠨ ᠰᠢᠭ ᠬᠤᠶᠠᠷ ᠨᠠᠷᠠᠨ ᠢ ᠳᠠᠪᠠᠨ ᠳᠤᠮᠤᠴᠤᠤᠯ ᠡᠴᠠ ᠪᠠᠨ ᠢᠯᠡᠭᠦᠤ ᠵᠠᠪ ᠦᠭᠡᠶ ᠭᠦᠶ‍ᠦᠯᠳᠦᠵᠡᠭᠡᠨ᠎ᠡ᠃ ᠰᠤᠷᠭᠠᠭᠤᠯᠢ ᠶᠢᠨ ᠤᠢ᠌ᠷᠠᠯᠴᠠᠭ᠎ᠠ ᠵᠢᠳᠭᠦᠭᠦᠷ ᠳᠡᠷᠭᠡᠨ ᠳᠡᠭᠡᠷᠡᠭᠢ ᠪᠣᠵᠠᠷ ᠪᠣᠯᠭᠢ ᠰᠢᠷᠠᠮᠠᠯ ᠬᠠᠭᠠᠷᠢᠮᠠᠯ ᠢᠳᠡᠭᠡᠨ ᠣᠷᠤᠭᠤ ᠬᠡᠦᠬᠡᠳ ᠤᠳ ᠢᠯᠠᠭ᠎ᠠ ᠰᠢᠭ ᠰᠢᠪᠠᠴᠢᠬᠠᠨ᠎ᠠ᠃ ᠬᠡᠦᠬᠡᠳ ᠶᠢᠡᠨ ᠶᠠᠭᠠᠭᠢᠵᠤ ᠰᠤᠷᠭᠠᠬᠤ ᠣᠬᠠᠭᠠᠨ ᠶᠢᠡᠨ ᠣᠯᠬᠤ ᠦᠭᠡᠶ ᠬᠠᠵᠢᠭ ᠡᠭᠡᠴᠦᠦᠯ ᠣᠯᠠᠰᠢᠷᠠᠨ 《ᠶᠠᠭᠠᠭᠢᠬᠤ ᠳᠠᠭᠠᠨ ᠰᠠᠢ᠌ᠨ ᠰᠤᠷᠤᠯᠴᠠᠳᠠᠭ ᠦᠭᠡᠶ ᠪᠣᠢ》 ᠭᠡᠵᠤ ᠵᠠᠩᠳᠤᠷᠬᠤ ᠡᠴᠠ ᠪᠢᠰᠢ᠂ ᠴᠠᠭ ᠦᠷᠭᠦᠯᠵᠢ ᠬᠡᠦᠬᠡᠳ ᠤᠨ ᠶᠢᠡᠨ ᠢᠳᠡᠭᠦ ᠣᠤᠭᠤᠬᠤ᠂ ᠣᠠᠳᠠᠵᠤ ᠠᠮᠠᠷᠠᠬᠤ ᠪᠠ ᠨᠠᠭᠠᠳᠴᠤ ᠰᠤᠷᠤᠯᠴᠠᠬᠤ ᠶᠢ ᠨᠢ ᠲᠡᠩᠴᠡᠬᠦᠯᠵᠤ ᠳᠤᠭᠢᠷᠠᠭᠤᠯᠬᠤ ᠡᠭᠡᠴᠦᠦᠯ ᠬᠤᠪᠣᠷᠳᠠᠵᠠᠢ᠃

ᠲ᠋ᠡᠳᠡᠭᠡᠷ ᠬᠤᠶᠠᠷ ᠨᠠᠷᠠ ᠶᠢ ᠳᠠᠪᠠᠵᠤ ᠭᠠᠷᠴᠤ ᠢᠷᠡᠭ᠍ᠰᠡᠨ ᠬᠡᠦᠬᠡᠳ ᠤᠳ ᠮᠢᠨᠢ ᠣᠳᠤ ᠪᠣᠯᠬᠤ ᠳᠤ ᠶᠠᠭᠤ ᠪᠣᠯᠵᠤ ᠪᠠᠢ᠌ᠨ᠎ᠠ ᠪᠣᠢ᠃ ᠠᠵᠢᠯ ᠣᠯᠬᠤ ᠳᠤ ᠭᠦᠴᠢᠷᠳᠡᠨ᠎ᠡ᠃ ᠶᠠᠭᠤ ᠪᠦᠭᠦᠨ ᠳᠤ ᠳᠡᠭᠦᠯᠳᠡᠷ ᠰᠠᠢ᠌ᠬᠠᠨ ᠪᠠᠢ᠌ᠬᠤ ᠶᠢ ᠭᠡᠳᠤ ᠭᠦᠰᠡᠭ᠍ᠰᠡᠨ ᠡᠴᠡ ᠠᠢ᠌ᠯ ᠭᠡᠷ ᠪᠠᠢ᠌ᠭᠤᠯᠬᠤ ᠡᠴᠠ ᠳᠠᠳᠠᠭᠠᠯᠵᠠᠨ᠎ᠠ᠂ ᠦᠷ᠎ᠡ ᠬᠡᠦᠬᠡᠳ ᠲᠡᠶ ᠪᠣᠯᠬᠤ ᠡᠴᠠ ᠠᠶᠤᠨ᠎ᠠ᠂ ᠡᠢ᠌ᠮᠦᠷᠭᠦᠤ ᠥᠵᠡᠭ᠍ᠳᠡᠯ ᠬᠦᠬᠡᠬᠤᠲᠠ ᠳᠤ ᠮᠢᠨᠢ ᠮᠤᠩ ᠦᠭᠡᠶ᠃ ᠪᠢᠳᠠᠨ ᠤ ᠬᠡᠦᠬᠡᠳ ᠡᠢ᠌ᠮᠤ ᠪᠣᠯᠵᠠᠢ᠃ 《ᠬᠤᠷᠳᠤᠨ ᠠᠢ᠌ᠯ ᠭᠡᠷ ᠪᠣᠯᠬᠤ ᠶᠢ ᠪᠣᠳᠤ ᠳ᠋ᠠ》 ᠭᠡᠪᠠᠯ 《ᠠᠮᠢ ᠪᠠᠨ ᠪᠠᠰᠠ ᠪᠣᠷᠤᠯᠠᠭᠤᠯᠵᠤ ᠳᠡᠢ᠌ᠯᠭᠦ ᠦᠭᠡᠶ ᠪᠠᠢ᠌ᠭᠠᠤᠨ ᠦᠦ》 ᠭᠡᠨ᠎ᠡ᠃ 《ᠭᠡᠷ ᠳᠡᠷᠭᠡ ᠪᠠᠯᠠᠨ᠂ ᠵᠥᠪᠭᠡᠨ ᠢᠳᠡᠭᠦ ᠪᠠᠨ ᠣᠯᠴᠢᠬᠠᠪᠠᠯ ᠪᠣᠯᠴᠢᠬᠠᠨ᠎ᠠ ᠰᠢᠤ ᠳ᠋ᠠ》 ᠭᠡᠪᠠᠯ ᠥᠭᠡᠳᠡ ᠡᠴᠡ ᠴᠢᠨᠢ ᠢᠨᠢᠶᠡᠴᠢᠭᠡᠨ᠎ᠡ᠃ ᠮᠠᠨ ᠤ ᠬᠣᠢ᠌ᠴᠢ ᠦᠶ᠎ᠡ ᠶᠢ ᠮᠠᠨ ᠤ ᠦᠶ᠎ᠡ ᠲᠡᠶ ᠬᠠᠷᠢᠴᠠᠭᠤᠯᠬᠤ ᠶᠤᠮ ᠪᠣᠯ ᠳᠠᠳᠠ ᠶᠠᠭᠤ ᠪᠠᠷ ᠴᠤ ᠳᠤᠳᠠᠵᠤ ᠦᠭᠡᠶ ᠠᠳᠠᠯ᠎ᠠ ᠶᠠᠭᠤᠨ ᠡᠴᠠ ᠴᠤ ᠵᠢᠷᠦᠭᠡᠰᠢᠶᠡᠭᠦ ᠥᠭᠡᠡᠴᠡ ᠳᠤᠷᠤᠢ ᠪᠣᠯᠴᠢᠬᠠᠵᠠᠢ᠃ ᠢᠩᠭᠢᠭᠡᠳ ᠯᠠ ᠰᠡᠳᠭᠢᠯ ᠶᠢᠡᠷ ᠪᠠᠶᠠᠯᠢᠭ ᠦᠨᠳᠦᠰᠦᠳᠠᠨ ᠮᠢᠨᠢ ᠬᠤᠭᠤᠰᠤᠨ ᠭᠢᠴᠢᠶᠠᠵᠤ ᠪᠣᠯᠭᠤᠮᠵᠢᠯᠠᠳᠠᠭ ᠬᠤᠳᠠ ᠶᠢᠨ ᠪᠣᠷᠤᠴᠤᠤᠯ ᠤᠨ ᠡᠩᠨᠡᠭᠡᠨ ᠳᠤ ᠣᠷᠤᠬᠤ ᠨᠢ ᠦᠦ ︖ ᠮᠤᠩᠭ᠋ᠤᠯᠴᠤᠳ ᠣᠤᠯ ᠨᠢ ᠭᠡᠳᠦᠢ ᠭᠦᠴᠢᠷᠳᠡᠯ ᠲᠡᠶ ᠣᠷᠴᠢᠨ ᠳᠤᠭᠤᠷᠢᠨ ᠳᠤ ᠠᠮᠢᠳᠤᠷᠠᠵᠤ ᠪᠠᠢ᠌ᠭᠰᠠᠨ ᠴᠤ 《ᠥ ᠳᠡᠭᠡᠰᠭᠢᠭᠡᠳ ᠪᠣᠯᠳᠠᠭ ᠯᠠ ᠶᠤᠮ》 ᠭᠡᠳ ᠠᠢ᠌ᠯ ᠭᠡᠷ᠂ ᠠᠳᠠᠯ ᠣᠢ᠌ᠯᠠᠰ᠂ ᠦᠷ᠎ᠡ ᠬᠡᠦᠬᠡᠳ ᠶᠢᠡᠨ ᠳᠠᠢ᠌ᠪᠣᠩ ᠰᠠᠢ᠌ᠬᠠᠨ ᠠᠪᠴᠤ ᠶᠠᠪᠣᠳᠠᠭ᠃ ᠮᠤᠩᠭ᠋ᠤᠯᠴᠤᠳ ᠶᠠᠷᠤ ᠶᠢᠨ ᠠᠮᠢᠳᠤᠷᠠᠯ ᠳᠤᠮᠳᠠ ᠪᠠᠨ ᠥᠭᠡ ᠭᠡᠯᠡ ᠡᠴᠡ ᠣᠢ᠌ᠯᠠ ᠠᠵᠢᠯᠯᠠᠭ᠎ᠠ ᠳᠠᠭᠠᠨ ᠭᠦᠷᠳᠡᠯ᠎ᠡ ᠶᠡᠭᠡ ᠶᠦᠮᠦᠷᠯᠢᠭ᠌ ᠱᠤᠭ ᠲᠡᠶ᠂ ᠬᠡᠦᠬᠡᠳ ᠠᠴᠢᠷ ᠶᠢᠡᠨ ᠭᠦᠮᠦᠵᠢᠭᠦᠯᠭᠦ ᠳᠡᠭᠡᠨ ᠪᠣᠷᠬᠠᠨ ᠳᠡᠭᠡᠳᠤ ᠶᠢᠨ ᠶᠢᠡᠨ ᠠᠯᠳᠠᠷ ᠨᠠᠷ᠎ᠠ ᠪᠣᠶᠤ ᠨᠥᠭᠦᠷ ᠠᠪᠠᠭᠠᠢ ᠶᠢᠨ ᠶᠢᠡᠨ ᠨᠠᠷ᠎ᠠ᠂ ᠴᠢᠨᠠᠭᠰᠢᠯᠠᠪᠠᠯ ᠠᠢ᠌ᠯ ᠠᠢ᠌ᠮᠠᠭ ᠤᠨ ᠶᠢᠡᠨ ᠭᠦᠮᠤᠨ ᠤ ᠨᠠᠷ᠎ᠠ ᠶᠢ ᠳᠠᠭᠤᠳᠠᠨ ᠵᠢᠭᠠᠪᠠᠯ 《ᠪᠣᠷᠬᠠᠨ ᠲᠦᠮᠡᠨ ᠨᠢᠳᠤ ᠲᠡᠶ ᠪᠠᠢ᠌ᠳᠠᠭ᠂ ᠰᠠᠢ᠌ᠬᠠᠨ ᠶᠠᠪᠣᠬᠤ ᠦᠭᠡᠶ ᠪᠣᠯ ᠶᠠᠯᠠᠳᠠᠨ᠎ᠠ》᠂ 《ᠡᠪᠦᠭᠡ ᠴᠢᠨᠢ ᠠᠭᠤᠷᠯᠠᠨ᠎ᠠ》᠂ 《ᠠᠪᠣ ᠴᠢᠨᠢ ᠮᠠᠳᠠᠪᠠᠯ ᠳᠤᠷ᠎ᠠ ᠥᠭᠡᠢ᠌ᠯᠡᠨ᠎ᠡ》᠂ 《ᠡᠵᠢ ᠴᠢᠨᠢ ᠠᠭᠤᠷᠯᠠᠨ᠎ᠠ》᠂ 《ᠭᠦᠮᠤᠨ ᠢᠷᠠᠪᠠᠯ ᠡᠯᠡᠭᠯᠡᠨ᠎ᠡ》 ᠁ ᠭᠡᠵᠤ ᠦᠪᠡᠷᠰᠠᠤᠨ ᠶᠢᠡᠨ ᠴᠤ ᠳᠡᠳᠡᠭᠡᠷ ᠡᠴᠡ ᠰᠢᠷᠭᠢᠢᠵᠤ ᠪᠠᠢ᠌ᠭ᠎ᠠ ᠳᠦᠷᠢ ᠥᠵᠡᠭᠦᠯᠤᠨ ᠴᠠᠭᠠᠭᠤᠷ ᠰᠤᠷᠭᠠᠬᠤ ᠠᠷᠭ᠎ᠠ ᠪᠠᠷ ᠠᠢ᠌ᠯ ᠭᠡᠷ ᠬᠡᠦᠬᠡᠳ ᠳᠡᠭᠦᠤ ᠨᠡᠷ ᠶᠢᠡᠨ ᠡᠪ ᠳ᠋ᠦᠢ ᠲᠡᠶ ᠠᠪᠴᠤ ᠶᠠᠪᠣᠳᠠᠭ ᠰᠢᠤ ᠳ᠋ᠠ᠃ ᠡᠨᠡ ᠰᠠᠢ᠌ᠬᠠᠨ ᠵᠠᠩ ᠠᠷᠠᠠᠰᠢᠨ ᠮᠢᠨᠢ ᠶᠠᠭᠠᠭᠢᠯ᠎ᠠ᠂ ᠪᠢᠳᠠ ᠴᠤᠬᠤᠮ ᠣᠭ ᠴᠢᠨᠠᠷ ᠣᠤᠷ ᠰᠤᠶᠤᠯ ᠶᠢᠡᠨ ᠢᠩᠭᠢᠭᠡᠳ ᠯᠠ ᠭᠡᠭᠡᠴᠢᠭᠡᠭᠦ ᠨᠢ ᠦᠦ ︖ ᠶᠠᠭᠠᠭᠢᠪᠠᠯ ᠳᠠᠭᠠᠷᠠᠬᠤ ᠪᠣᠢ ︕

ᠮᠠᠨ ᠢ ᠪᠠᠭ᠎ᠠ ᠪᠠᠢ᠌ᠬᠤ ᠳᠤ ᠰᠢᠨᠡᠯᠡᠭᠦ ᠳᠤ ᠰᠠ‍‌ᠶᠢ ᠫᠣᠤᠵᠢᠩ ᠳᠠᠯᠪᠢᠬᠤ ᠮᠦᠷᠳᠡᠭᠡᠨ ᠰᠢᠨ᠎ᠡ ᠶᠢᠨ ᠨᠢᠭᠡᠨ ᠤ ᠥᠨᠡᠭᠡᠨ ᠬᠠᠷᠠᠩᠭ᠋ᠤᠢ ᠪᠠᠷ 《ᠠᠳᠠ ᠴᠢᠳᠭᠦᠷ ᠢ ᠭᠦᠭᠡᠭᠡᠵᠤ ᠪᠠᠢ᠌ᠨ᠎ᠠ》 ᠭᠡᠵᠤ ᠵᠢᠵᠢᠭ᠍‍ᠬᠡᠨ ᠭᠡᠳᠤᠨ ᠫᠣᠤᠵᠢᠩ ᠳᠤᠤᠭᠠᠷᠭᠠᠳᠠᠭ᠃ ᠥᠭᠡᠷ᠎ᠡ ᠴᠠᠭ ᠲᠤ 《ᠪᠣᠶᠠᠨ ᠵᠠᠶᠠᠭ᠎ᠠ ᠪᠠᠨ ᠭᠦᠭᠡᠭᠡᠴᠢᠭᠡᠨ᠎ᠡ》 ᠭᠡᠳ ᠫᠣᠤᠵᠢᠩ ᠳᠠᠯᠪᠢᠭᠤᠯᠳᠠᠭ ᠦᠭᠡᠶ᠃ ᠣᠳᠤ ᠪᠣᠯ ᠫᠣᠤᠵᠢᠩ ᠤᠨ ᠳᠠᠭᠤ ᠨᠢ ᠬᠠᠷᠠᠩᠭ᠋ᠤᠢ ᠰᠦᠨᠢ ᠪᠠᠢ᠌ᠵᠤ ᠮᠠᠭᠠᠤᠨ ᠦᠭᠡᠶ᠂ ᠬᠠᠯᠠᠭᠤᠨ ᠵᠤᠨ ᠤ ᠦᠳᠡ ᠳᠤ᠂ ᠭᠡᠵᠢᠶ᠎ᠡ ᠬᠠᠮᠢᠭ᠎ᠠ ᠦᠭᠡᠶ ᠴᠢᠭᠢ ᠶᠢ ᠲᠦᠯᠡᠢ᠌ᠷᠡᠭᠦᠯᠦᠮ᠎ᠡ ᠭᠠᠳᠠᠰᠤᠯᠠᠨ ᠲᠦᠩᠭᠢᠨᠠᠨ ᠳᠤᠤᠭᠠᠷᠬᠤ ᠮᠠᠭᠠᠤᠨ ᠦᠭᠡᠶ᠃ ᠬᠤᠭᠤᠯᠠᠨ ᠭᠡᠷ ᠤᠨ ᠡᠭᠦᠳᠡᠨ ᠳᠡᠭᠡᠷ᠎ᠡ ᠲᠦᠩᠭᠢᠨᠠᠵᠤ ᠫᠤᠷᠴᠢᠭᠢᠨᠠᠬᠤ ᠳᠠᠭᠤ ᠪᠠ ᠣᠳᠤᠭᠠᠨ ᠤ ᠳᠤᠮᠳᠠᠭᠤᠷ ᠵᠡᠭᠡᠯᠢ ᠶᠢᠨ ᠭᠦᠮᠦᠰ ᠭᠠᠷ ᠶᠢᠡᠷ ᠶᠢᠡᠨ ᠴᠢᠭᠢ ᠪᠠᠨ ᠪᠦᠭᠯᠡᠭᠦ ᠠᠮᠠ ᠪᠠᠨ ᠬᠠᠭᠠᠬᠤ ᠶᠢᠨ ᠠᠯᠢᠨ ᠳᠠᠭᠠᠨ ᠵᠠᠪᠳᠤᠯ ᠦᠭᠡᠶ ᠳᠦᠷᠭᠡᠯᠡᠨ ᠠᠯᠬᠤᠯᠠᠨ᠎ᠠ᠃ ᠪᠠᠶᠠᠷ ᠳᠡᠮᠳᠡᠭᠯᠡᠵᠤ ᠪᠠᠢ᠌ᠭ᠎ᠠ ᠳᠠᠯ᠎ᠠ ᠶᠢᠨ ᠠᠢ᠌ᠯᠴᠢᠨ ᠵᠤᠴᠢᠨ᠂ ᠰᠢᠨ᠎ᠡ ᠭᠦᠮᠤᠨ ᠨᠢ ᠣᠳᠤᠭ᠎ᠠ ᠮᠠᠨᠠᠨ ᠪᠣᠶᠤ ᠭᠡᠩᠭᠡᠷᠭᠡ ᠪᠦᠷᠢᠶ᠎ᠡ ᠲᠡᠶ ᠲᠡᠩᠴᠡᠬᠦ ᠭᠦᠭ᠍ᠵᠢᠮ ᠤᠨ ᠳᠤᠮᠳᠠᠭᠤᠷ ᠳᠠᠢ᠌ᠨ ᠤ ᠳᠠᠯᠠᠪᠠᠢ ᠳᠤ ᠣᠷᠤᠵᠤ ᠪᠠᠢ᠌ᠬᠤ ᠰᠢᠭ ᠬᠠᠴᠢᠨ ᠶᠢᠡᠷ ᠪᠠᠶᠠᠷ ᠳᠡᠮᠳᠡᠭᠯᠡᠵᠡᠭᠡᠭᠦ ᠨᠢ ᠡ᠃ ᠨᠠᠩ ᠴᠤ ᠪᠢᠳᠡᠭᠦᠨ ᠰᠢᠨ᠎ᠡ ᠶᠢᠨ ᠪᠠᠶᠠᠷ ᠳᠤᠷᠠᠰᠬᠠᠯ ᠤᠨ ᠡᠳᠦᠷ ᠶᠢᠡᠷ ᠭᠠᠷ ᠭᠦᠯ ᠶᠢᠡᠨ ᠳᠡᠯᠪᠠᠴᠢᠭᠦᠯᠦᠭ᠍ᠰᠡᠨ᠂ ᠨᠢᠳᠤ ᠪᠠᠨ ᠭᠡᠮᠳᠦᠭᠡᠭᠦ ᠪᠣᠶᠤ ᠴᠢᠨᠠᠭᠰᠢᠳᠠ ᠰᠤᠬᠤᠷᠠᠭᠰᠠᠨ ᠬᠡᠦᠬᠡᠳ ᠢ ᠪᠢᠳᠡᠭᠡᠢ ᠭᠡᠯᠡ᠂ ᠶᠡᠭᠡᠴᠦᠦᠯ ᠨᠢ ᠴᠤ ᠡ᠊ᠨᠳᠡᠵᠤ ᠰᠢᠷᠬᠠᠳᠤᠭᠠᠤᠨ᠂ ᠡᠯ᠎ᠡ ᠡᠮᠨᠡᠯᠭᠡ ᠶᠢᠨ ᠬᠤᠷᠢᠶᠠᠨ ᠳᠤ ᠭᠡᠳᠦᠢ ᠴᠤᠭᠯᠠᠷᠠᠵᠤ ᠪᠠᠢ᠌ᠬᠤ ᠶᠢ ᠪᠣᠤ ᠮᠠᠳᠠ᠃ ᠨᠢᠳᠤᠨᠤᠨ ᠴᠠᠭᠠᠨ ᠰᠠᠷ᠎ᠠ᠂ ᠭᠠᠭᠴᠠ ᠦᠪᠣᠷ ᠮᠤᠩᠭ᠋ᠤᠯ ᠤᠨ ᠡᠮᠨᠡᠯᠭᠡ ᠶᠢᠨ ᠬᠤᠷᠢᠶᠠᠨ ᠳᠤ ᠫᠣᠤᠵᠢᠩ ᠡᠴᠠ ᠰᠢᠷᠬᠠᠳᠤᠭᠰᠠᠤᠨ ᠬᠤᠶᠠᠷ ᠵᠠᠭᠤ ᠭᠠᠷᠤᠢ (《ᠣᠮᠠᠷᠠᠳᠤ ᠶᠢᠨ ᠰᠤᠨᠢᠨ》 ᠊ᠤ ᠮᠡᠳᠡᠭᠡᠯᠡᠭ᠍ᠰᠡᠨ ᠳᠤᠭ᠎ᠠ) ᠭᠦᠮᠤᠨ ᠥᠵᠡᠭᠦᠯᠦᠭ᠍ᠰᠡᠨ ᠡᠴᠡ ᠦᠵᠡᠪᠠᠯ᠂ ᠨᠢᠭᠡ ᠣᠳᠠᠭᠠᠨ ᠤ ᠴᠠᠭᠠᠨ ᠰᠠᠷ᠎ᠠ ᠶᠢᠨ ᠪᠠᠶᠠᠷ ᠶᠢᠡᠷ ᠰᠢᠷᠬᠠᠳᠤᠭᠰᠠᠤᠨ ᠤᠨ ᠳᠤᠭ᠎ᠠ ᠮᠤᠩ ᠦᠭᠡᠶ ᠭᠡᠳᠡᠭ᠌ ᠨᠢ ᠢᠯᠡᠭᠡᠨ ᠳ᠋ᠠ᠃ ᠭᠦᠮᠦᠰ ᠶᠠᠭᠠᠭᠢᠬᠤ ᠳᠠᠭᠠᠨ ᠢᠩᠭᠢᠵᠤ ᠫᠣᠤᠵᠢᠩ ᠢ ᠴᠠᠭ ᠦᠭᠡᠶ᠂ ᠭᠡᠮᠵᠢᠶ᠎ᠡ ᠭᠢᠵᠠᠭᠠᠷ ᠦᠭᠡᠶ ᠫᠣᠷᠴᠢᠭᠢᠨᠠᠭᠤᠯᠤᠭᠠᠤᠨ ᠪᠠᠢ᠌ᠳᠠᠭ ᠪᠣᠢ ︖ ᠡᠪᠡᠳᠴᠢᠨ ᠦᠭᠡᠶ ᠭᠦᠮᠤᠨ ᠪᠠ ᠬᠡᠦᠬᠡᠳ ᠢ ᠨᠢ ᠬᠠᠷᠠᠭᠠᠯᠵᠠᠬᠤ ᠭᠦᠮᠤᠨ ᠤ ᠳᠤᠭᠠᠨ ᠡᠴᠠ ᠭᠠᠷᠭᠠᠭᠠᠤᠨ ᠬᠠᠶᠠᠴᠢᠬᠠᠬᠤ ᠪᠠᠷ ᠪᠣᠳᠤᠶ᠎ᠠ᠂ ᠡᠨᠡ ᠳᠤᠮᠳᠠ ᠦᠨᠳᠦᠷ ᠨᠠᠰᠤᠳᠠᠢ ᠠᠪᠣ ᠡᠵᠢ ᠨᠡᠷ ᠭᠡᠳᠦᠢ ᠪᠠᠢ᠌ᠭ᠎ᠠ ᠪᠣᠯ᠂ ᠡᠪᠡᠳᠴᠢᠨ ᠵᠤᠪᠠᠯᠠᠩ ᠲᠡᠶ ᠣᠠᠳᠠᠵᠤ ᠠᠮᠠᠷᠠᠵᠤ ᠴᠢᠳᠠᠳᠠᠭ ᠦᠭᠡᠶ ᠭᠦᠮᠦᠰ ᠭᠡᠳᠦᠢ ᠪᠠᠢ᠌ᠭ᠎ᠠ ᠭᠡᠳᠡᠭ᠌ ᠢ ᠪᠣᠳᠤᠯᠭᠢᠯᠠᠨ ᠬᠠᠷᠠᠭᠠᠯᠵᠠᠵᠤ ᠪᠣᠯᠳᠠᠭ ᠦᠭᠡᠶ ᠶᠤᠮ ᠦᠦ ︖ ᠣᠳᠤ ᠦᠶ᠎ᠡ ᠶᠢᠨ ᠪᠣᠯᠪᠠᠰᠤᠨ ᠶᠤᠰᠤ ᠮᠤᠷᠠᠯ ᠢ ᠭᠦᠷᠳᠡᠭ᠍ᠰᠡᠨ ᠭᠦᠮᠦᠰ ᠮᠢᠨᠢ ᠣᠶᠤᠨ ᠳᠠᠭᠠᠨ ᠳᠤᠩᠭ᠋ᠠᠭᠠᠵᠤ ᠦᠵᠡ ᠯᠠ ᠳ᠋ᠠ ︕ ᠶᠠᠮᠠᠷ ᠨᠢᠭᠡᠨ ᠪᠠᠶᠠᠷ ᠳᠤᠷᠠᠰᠬᠠᠯ ᠶᠢᠡᠨ ᠳᠡᠮᠳᠡᠭᠯᠡᠭᠦ ᠳᠡᠭᠡᠨ ᠵᠤᠭᠢᠰᠳᠠᠢ ᠴᠠᠭ ᠢ ᠪᠠᠷᠢᠮᠳᠠᠯᠠᠵᠤ ᠭᠡᠳᠦᠢ ᠳᠤ ᠨᠢ ᠫᠣᠤᠵᠢᠩ ᠳᠠᠯᠪᠢᠬᠤ᠂ ᠶᠠᠭᠠᠭᠢᠵᠤ ᠥᠩᠭᠡᠷᠡᠭᠡᠪᠠᠯ ᠬᠠᠮᠤᠭ ᠤᠨ ᠣᠤᠠᠬ᠎ᠠ ᠠᠭᠤᠯᠭ᠎ᠠ ᠲᠡᠶ ᠭᠡᠳᠡᠭ᠌ ᠢ ᠠᠷᠠᠤᠨ ᠢᠷᠭᠡᠳ ᠶᠢᠡᠷ ᠶᠢᠡᠨ ᠪᠣᠳᠤᠯᠭᠢᠯᠠᠵᠤ ᠪᠣᠯᠬᠤ ᠦᠭᠡᠶ ᠭᠡᠵᠤ ᠦᠦ ︖ ᠡᠳᠦᠷ ᠰᠦᠨᠢ ᠶᠢᠨ 24 ᠴᠠᠭ ᠢ ᠬᠠᠮᠢᠶᠠᠷᠤᠯ ᠦᠭᠡᠶ ᠫᠣᠤᠳᠠᠭᠠᠤᠨ ᠪᠠᠢ᠌ᠬᠤ ᠨᠢ ᠶᠠᠭᠤ ᠪᠣᠯᠴᠢᠬᠠᠪᠠ ︖ ᠠᠦ᠋ᠰᠲ᠋ᠷᠠᠯᠢᠶ᠎ᠠ ᠶᠢᠨ ᠥᠭᠡᠷ ᠤᠨ ᠢᠯᠭᠠᠳᠠᠰᠤ ᠨᠢ ᠭᠦᠷᠳᠡᠯ᠎ᠡ ᠠᠹᠷᠢᠺᠠ᠎ ᠳᠤ ᠭᠠᠩ ᠬᠠᠭᠤᠷᠠᠢ ᠶᠢ ᠠᠪᠴᠢᠷᠠᠵᠤ ᠪᠠᠢ᠌ᠨ᠎ᠠ᠂ ᠵᠢᠯ ᠳᠤ ᠪᠦᠮᠪᠦᠷᠴᠡᠭ᠌ ᠶᠢᠡᠷ ᠶᠢᠡᠨ ᠨᠢᠭᠡ ᠴᠠᠭ ᠴᠠᠭᠢᠯᠭᠠᠨ ᠵᠤᠭᠰᠤᠭᠠᠵᠤ ᠮᠦᠰᠤᠨ ᠳᠠᠯᠠᠢ ᠶᠢᠨ ᠬᠠᠢ᠌ᠯᠬᠤ ᠭᠡᠮᠵᠢᠶ᠎ᠡ ᠶᠢ ᠵᠤᠭᠢᠬᠤ ᠭᠡᠮᠵᠢᠶ᠎ᠡ ᠪᠠᠷ ᠪᠠᠭᠠᠰᠬᠠᠬᠤ ᠭᠡᠭᠦ ᠮᠠᠳᠤ ᠪᠠᠷ ᠳᠡᠯᠡᠭᠡᠢ ᠨᠠᠢ᠌ᠳᠠ ᠪᠠᠷ ᠶᠢᠡᠨ ᠴᠢᠷᠮᠠᠢ᠌ᠵᠠᠭᠠᠵᠤ ᠪᠠᠢ᠌ᠬᠤ ᠳ᠋ᠤ ᠪᠢᠳᠠ ᠶᠠᠭᠠᠭᠢᠬᠤ ᠳᠠᠭᠠᠨ ᠠᠭᠠᠷ ᠶᠢᠡᠨ ᠪᠣᠭᠢᠷᠳᠤᠭᠤᠯᠵᠤ᠂ ᠵᠡᠭᠡᠯᠢ ᠬᠠᠰᠢᠶ᠎ᠠ ᠪᠠᠨ ᠨᠤᠪᠰᠢᠷᠠᠭᠤᠯᠤᠭᠠᠤᠨ ᠪᠠᠢ᠌ᠳᠠᠭ ᠪᠣᠢ᠃ ᠵᠡᠭᠡᠯᠢ ᠳᠦᠭᠦᠷᠡᠩ ᠣᠯᠠᠭᠠᠨ ᠳ᠋ᠸᠩ ᠨᠤᠴᠤᠭᠠᠵᠤ᠂ ᠳ᠋ᠸᠩ ᠤᠨ ᠪᠠᠭᠠᠨ᠎ᠠ ᠪᠣᠯᠭᠠᠨ ᠳᠤ ᠨᠢ᠋ᠮᠠᠨ ᠣᠯᠠᠭᠠᠨ ᠳ᠋ᠸᠩᠯᠤ᠂ ᠦᠨᠳᠦᠷ ᠪᠠᠭᠠᠨᠠᠨ ᠳᠤ ᠨᠢ ᠬᠤᠷᠢᠨ ᠵᠢᠷᠭᠤᠭᠠᠨ ᠣᠯᠠᠭᠠᠨ ᠳ᠋ᠸᠩᠯᠤ᠂ ᠳᠡᠭᠡᠷ᠎ᠡ ᠨᠢ ᠪᠠᠰᠠ ᠳ᠋ᠸᠩ ᠲᠡᠶ᠂ ᠵᠠᠮ ᠤᠨ ᠬᠤᠶᠠᠷ ᠳᠠᠯ᠎ᠠ ᠶᠢᠨ ᠭᠢ ᠶᠢ ᠨᠡᠢ᠌ᠯᠡᠭᠦᠯᠭᠦ ᠶᠤᠮ ᠪᠣᠯ ᠭᠡᠳᠦᠢ ᠳ᠋ᠸᠩ ᠠᠰᠠᠭᠠᠵᠤ ᠪᠠᠢ᠌ᠬᠤ ᠪᠣᠢ᠃ ᠰᠢᠨ᠎ᠡ ᠬᠠᠭᠤᠴᠢᠨ ᠵᠢᠯ ᠤᠨ ᠰᠤᠯᠢᠯᠴᠠᠭᠠᠨ ᠳᠤ ᠴᠢᠮᠡᠭᠯᠡᠯ ᠪᠠ ᠴᠡᠪᠠᠷᠯᠡᠭᠡ ᠭᠡᠷᠡᠭ᠍ᠳᠡᠢ ᠳ᠋ᠠ᠃ ᠣᠯᠠᠭᠠᠨ ᠶᠢᠡᠷ ᠴᠢᠮᠡᠭᠯᠡᠭᠦ ᠨᠢ ᠶᠠᠭᠠᠭᠢᠬᠤ ᠪᠣᠢ ᠰᠠᠢ᠌ᠬᠠᠨ ᠯᠠ ᠳ᠋ᠠ᠃ ᠭᠡᠳᠡᠯ᠎ᠡ ᠪᠦᠭᠦᠨ ᠢ ᠣᠯᠠᠢ᠌ᠯᠭᠠᠬᠤ ᠨᠢ ᠡᠪ ᠬᠠᠪᠣ ᠦᠭᠡᠶ ᠳᠡᠭᠡᠷ᠎ᠡ ᠡᠴᠡ ᠪᠠᠨ ᠪᠠᠴᠢᠮᠳᠠᠭᠤᠯᠤᠮᠠᠷ ᠬᠠᠷᠠᠭᠳᠠᠬᠤ ᠶᠤᠮ᠃ ᠶᠠᠭᠠᠭᠢᠬᠤ ᠪᠠᠷ ᠶᠢᠡᠨ ᠢᠩᠭᠢᠵᠤ ᠮᠠᠭᠤᠬᠠᠢ ᠪᠠᠷ ᠪᠠᠶᠠᠷ ᠳᠡᠮᠳᠡᠭᠯᠡᠳᠡᠭ᠌ ᠪᠣᠢ᠃ ᠡᠨᠡ ᠶᠢ ᠶᠠᠭᠠᠭᠢᠬᠤ ᠳᠠᠭᠠᠨ ᠠᠯᠪᠠᠨ ᠶᠤᠰᠤᠭᠠᠷ ᠳᠦᠷᠢᠮᠵᠢᠭᠦᠯᠤᠨ ᠦᠵᠡᠰᠢ ᠬᠠᠷᠠᠰᠢ ᠲᠡᠶ ᠡᠪᠯᠢᠭ᠌ ᠪᠣᠯᠭᠠᠵᠤ ᠪᠣᠯᠳᠠᠭ ᠦᠭᠡᠶ ᠶᠤᠮ ᠪᠣᠢ᠃ ᠳᠠᠩᠴᠤ ᠰᠤᠨᠢᠨ ᠡ ︕

ᠶᠠᠮᠠᠷ ᠰᠠᠢ᠌ᠬᠠᠨ ᠶᠠᠭᠤᠮ᠎ᠠ ᠭᠡᠳ ᠭᠢᠷᠢ ᠡᠴᠡ ᠭᠡᠳᠦᠷᠡᠪᠠᠯ ᠣᠯᠢᠭ ᠪᠣᠯᠬᠤ ᠨᠢ ᠳᠠᠷᠠ ᠳ᠋ᠠ᠃ ᠮᠤᠩᠭ᠋ᠤᠯ ᠳᠠᠭᠤᠤ᠂ ᠳᠡᠭ᠍ᠷᠢ ᠶᠢᠨ ᠳᠠᠭᠤᠤ ᠰᠠᠢ᠌ᠬᠠᠨ ᠦᠦ ᠦᠭᠡᠶ ᠦᠦ᠂ ᠶᠠᠷᠢᠶᠠᠨ ᠦᠭᠡᠶ ᠰᠠᠢ᠌ᠬᠠᠨ ᠯᠠ ᠳ᠋ᠠ᠃ ᠭᠡᠳᠡᠯ᠎ᠡ ᠬᠤᠷᠰᠢᠶ᠎ᠠ ᠳᠡᠯᠭᠡᠭᠦᠷ ᠬᠤᠭᠤᠯᠠᠨ ᠭᠡᠷ ᠭᠡᠳ ᠵᠡᠭᠡᠯᠢ ᠳᠦᠭᠦᠷᠡᠩ ᠴᠠᠭ ᠦᠷᠭᠦᠯᠵᠢ ᠦᠨᠳᠦᠷ ᠳᠠᠭᠤᠨ ᠶᠢᠡᠷ ᠴᠤᠤᠷᠢᠶᠠᠯᠠᠬᠤ ᠳᠤ ᠭᠦᠮᠤᠨ ᠤ ᠠᠵᠢᠯᠯᠠᠵᠤ ᠠᠮᠠᠷᠠᠬᠤ ᠶᠢ ᠨᠥᠯᠦᠭᠡᠯᠡᠨ᠂ ᠰᠠᠨᠠᠭ᠎ᠠ ᠰᠡᠳᠭᠢᠯ ᠢ ᠣᠷᠠᠯᠢᠭ ᠤᠨ ᠶ‍ᠢᠷᠳᠢᠠᠴᠤ ᠳᠤ ᠭᠦᠳᠦᠯᠤᠨ ᠳᠠᠢ᠌ᠪᠣᠰᠢᠷᠠᠭᠤᠯᠬᠤ ᠪᠢᠰᠢ ᠬᠠᠷᠢᠨ ᠰᠡᠳᠭᠢᠯ ᠳᠤ ᠳᠠᠷᠤᠭᠠᠰᠤ ᠲᠡᠶ ᠪᠣᠯᠭᠠᠵᠤ ᠭᠦᠡᠳᠦᠷᠡᠭᠦᠯᠭᠦ ᠨᠢ ᠡ᠃ ᠡᠢ᠌ᠮᠦᠷᠭᠦᠤ ᠭᠡᠷᠡᠭ᠌ ᠦᠭᠡᠶ ᠳᠠᠷᠤᠭᠠᠰᠤ ᠬᠦᠬᠡᠬᠤᠲᠠ ᠡᠴᠡ ᠮᠢᠨᠢ ᠭᠡᠵᠢᠶ᠎ᠡ ᠬᠤᠯᠠᠳᠠᠬᠤ ᠶᠤᠮ ᠪᠣᠯ ᠳ᠋ᠠ᠃ ᠬᠦᠬᠡᠬᠤᠲᠠ ᠪᠠᠨ ᠰᠦ᠋ ᠶᠢᠨ ᠬᠤᠳᠠ (ᠦᠨᠡᠨ ᠳᠡᠭᠡᠨ ᠴᠠᠭᠠᠨ ᠢᠳᠡᠭᠡᠨ ᠤ ᠬᠤᠳᠠ ᠭᠡᠪᠠᠯ ᠳᠡᠭᠡᠷ᠎ᠡ ᠰᠢᠭ᠌) ᠭᠡᠳ ᠨᠡᠷᠡᠢ᠌ᠳᠴᠢᠭᠡᠯ᠎ᠡ᠃ ᠭᠡᠳᠡᠯ᠎ᠡ ᠣᠢ᠌ᠯᠠᠳᠪᠣᠷᠢ ᠶᠢᠨ ᠭᠢᠭ᠍ᠰᠡᠨ ᠴᠠᠭᠠᠨ ᠢᠳᠡᠭᠡᠨ ᠨᠢ ᠶᠠᠭᠠᠭᠢᠪᠠᠴᠤ ᠮᠤᠩᠭ᠋ᠤᠯᠴᠤᠳ ᠤᠨ ᠭᠢᠭ᠍ᠰᠡᠨ ᠴᠠᠭᠠᠨ ᠢᠳᠡᠭᠡᠨ ᠡᠴᠡ ᠬᠤᠯᠠ ᠵᠦᠷᠢᠶ᠎ᠠ ᠲᠡᠶ᠂ ᠠᠳᠠᠭ ᠨᠢ ᠥᠩᠭᠡᠷᠡᠭ᠍ᠰᠡᠨ ᠤ ᠣᠢ᠌ᠯᠠᠳᠪᠣᠷᠢᠯᠠᠵᠤ ᠪᠠᠢ᠌ᠭᠰᠠᠨ ᠱᠠᠭᠠᠵᠠᠩ ᠯᠤᠩᠬᠤ ᠲᠡᠶ ᠠᠢ᠌ᠷᠠᠭ ᠪᠣᠶᠤ ᠬᠤᠶᠠᠷ ᠡᠳᠦᠷ ᠤᠨ ᠬᠤᠭᠤᠴᠠᠭᠠᠳᠤ ᠣᠭᠤᠳᠠ ᠲᠡᠶ ᠰᠦ᠋ ᠶᠢ ᠴᠤ ᠭᠦᠷᠭᠦ ᠪᠠᠨ ᠪᠠᠢ᠌ᠴᠢᠬᠠᠭᠰᠠᠨ ᠪᠠᠢ᠌ᠳᠠᠯ᠎ᠠ ᠦᠨ᠎ᠡ ᠨᠢ ᠴᠤ ᠨᠢᠭᠡ ᠶᠡᠭᠡ᠂ ᠬᠠᠳᠠᠭᠠᠯᠠᠬᠤ ᠬᠤᠭᠤᠴᠠᠭ᠎ᠠ ᠨᠢ ᠣᠷᠳᠤ (ᠰᠥ᠋ 24 ᠴᠠᠭ ᠢ ᠳᠠᠪᠠᠪᠠᠯ ᠡᠭᠡᠳᠡᠭᠦ ᠶᠤᠰᠤᠳᠠᠢ ᠳᠤᠯᠠ ᠶᠠᠭᠤ ᠪᠠᠷ ᠶᠢᠡᠨ ᠳᠡᠷᠢᠭᠦᠨ ᠰᠥ᠋ ᠪᠣᠯᠵᠤ ᠴᠢᠳᠠᠬᠤ ᠪᠣᠢ) ᠪᠠᠢ᠌ᠭᠠᠤᠨ ᠪᠠᠰᠠ 《ᠳᠡᠷᠢᠭᠦᠨ ᠰᠥ᠋》 ᠭᠡᠰᠡᠨ ᠭᠤᠴᠤ ᠨᠠᠷ᠎ᠠ ᠲᠡᠶ᠁ ᠭᠡᠴᠢᠨᠡᠭᠡᠨ ᠵᠢᠯ ᠤᠨ ᠳᠤᠷᠰᠢ ᠮᠤᠩᠭ᠋ᠤᠯ ᠪᠦᠰᠡᠭᠦᠢ ᠶᠢᠨ ᠭᠠᠷ ᠶᠢᠡᠷ ᠭᠠᠷᠤᠭᠰᠠᠨ ᠰᠥ᠋ ᠊᠊᠊᠊᠊᠊᠊᠊᠊᠊᠊᠊᠊᠊᠊ ᠰᠦ᠋ ᠡᠴᠡ ᠪᠠᠨ ᠴᠠᠭᠠᠨ ᠢᠳᠡᠭᠡᠨ ᠪᠣᠯᠵᠤ ᠪᠠᠢ᠌ᠭᠠᠯᠢᠯᠢᠭ ᠠᠷᠢᠭᠤᠨ ᠢᠳᠡᠭᠡᠨ ᠪᠣᠯᠤᠭᠰᠠᠨ ᠡᠴᠠ ᠪᠢᠰᠢ ᠬᠤᠤᠷ ᠪᠣᠯᠵᠤ ᠥᠵᠡᠭᠡ ᠦᠭᠡᠶ ᠯᠠ ᠳ᠋ᠠ᠃ 《ᠪᠠᠶ᠎ᠠ ᠪᠠᠨ ᠪᠠᠶ᠎ᠠ ᠪᠠᠷ ᠶᠢᠡᠨ ᠬᠠᠭᠤᠷᠴᠤ᠂ ᠪᠣᠰᠤᠳ ᠶᠢᠡᠨ ᠥᠭᠡ ᠪᠠᠷ ᠶᠢᠡᠨ ᠬᠠᠭᠤᠷᠬᠤ》 ᠶ᠋ᠢ ᠮᠡᠷᠭᠡᠨ ᠳᠤ ᠦᠵᠡᠨ᠂ ᠨᠤᠭᠤᠭ᠎ᠠ ᠳᠠᠷᠢᠭᠰᠠᠤᠨ ᠨᠢ ᠨᠤᠭᠤᠭ᠎ᠠ ᠪᠠᠨ ᠢᠳᠡᠭᠦ ᠦᠭᠡᠶ᠂ ᠮᠠᠠᠳᠠᠤ ᠭᠢᠭ᠍ᠰᠡᠳ ᠮᠠᠠᠳᠠᠤ ᠪᠠᠨ ᠢᠳᠡᠭᠦ ᠦᠭᠡᠶ᠁ ᠪᠠᠷᠤᠭ ᠶᠠᠭᠤ ᠭᠢᠭ᠍ᠰᠡᠨ ᠨᠢ ᠶᠠᠭᠤ ᠪᠠᠨ ᠡᠳ᠋ᠯᠡᠭᠦ ᠡᠴᠠ ᠵᠢᠭ᠍ᠰᠢᠭᠦ ᠳᠤ ᠭᠦᠷᠴᠤ᠂ ᠦᠪᠡᠷ ᠲᠡᠭᠡᠨ ᠡᠳ᠋ᠯᠡᠭᠦ ᠪᠠᠨ ᠠᠰᠳᠠᠭᠠᠨ ᠭᠢᠭᠦ ᠪᠣᠯᠵᠠᠭᠠᠵᠠᠢ᠃ ᠴᠢ ᠶᠠᠭᠤ ᠪᠣᠯᠭᠠᠨ ᠢ ᠦᠪᠡᠷ ᠲᠡᠭᠡᠨ ᠭᠢᠵᠤ ᠳᠡᠢ᠌ᠯᠭᠦ ᠦᠭᠡᠶ ᠡᠴᠡ ᠬᠣᠢ᠌ᠰᠢ ᠡᠴᠦᠰ ᠤᠨ ᠡᠴᠦᠰ ᠲᠡᠭᠡᠨ ᠦᠪᠡᠷ ᠢ ᠪᠠᠨ ᠮᠡᠭᠡᠯᠡᠭ᠍ᠰᠡᠨ ᠭᠡᠷᠡᠭ᠌ ᠪᠢᠰᠢ ᠭᠡᠵᠤ ᠦᠦ ︖ ᠨᠢᠳᠤ ᠬᠠᠭᠤᠷᠬᠤ ᠪᠣᠯ ᠮᠡᠷᠭᠡᠵᠢᠯ ᠪᠣᠯᠪᠠᠰᠤᠷᠠᠯ ᠤᠨ ᠠᠯᠢ ᠨᠢ ᠴᠤ ᠪᠢᠰᠢ ᠯᠠ ᠳ᠋ᠠ ︕

᠁ 《ᠪᠢ ᠭᠡᠷ ᠶᠢᠡᠨ ᠥᠭᠡᠷ ᠳᠤᠯᠢᠶᠠᠭᠰᠠᠨ ᠰᠢᠭ ᠴᠠᠪᠠᠷ ᠪᠠᠢ᠌ᠯᠭᠠᠬᠤ ᠳᠤᠷ᠎ᠠ ᠦᠭᠡᠶ》 ᠭᠡᠵᠤ ᠪᠢᠴᠢᠭ᠍ᠰᠡᠨ ᠢ ᠶᠠᠮᠠᠷ ᠭᠢᠳᠠᠤᠨ ᠰᠡᠳᠭᠦᠯ ᠡᠴᠡ ᠬᠠᠷᠠᠭᠰᠠᠨ ᠶᠢᠡᠨ ᠪᠢ ᠮᠠᠷᠳᠠᠴᠢᠬᠠᠵᠠᠢ᠃ ᠵᠤᠬᠢᠶᠠᠭᠴᠢ ᠶᠢ ᠨᠢ ᠶᠠ ᠰᠠᠨᠠᠵᠤ ᠣᠯᠬᠤ ᠦᠭᠡᠶ ᠪᠠᠢ᠌ᠨ᠎ᠠ᠂ ᠶᠠᠭᠤ ᠴᠤ ᠭᠡᠰᠡᠨ ᠳᠠᠷᠠ ᠵᠤᠬᠢᠶᠠᠭᠴᠢ ᠰᠡᠳᠭᠢᠯ ᠤᠨ ᠭᠦᠳᠡᠯᠭᠡᠭᠡᠨ ᠢ ᠨᠠᠷᠢᠨ ᠵᠢᠷᠤᠭᠯᠠᠨ ᠳᠤᠳᠤᠭᠠᠳᠤ ᠰᠡᠳᠭᠢᠯ ᠤᠨ ᠠᠭᠤᠳᠠᠯᠤᠯ ᠢ ᠰᠠᠢ᠌ᠬᠠᠨ ᠪᠢᠴᠢᠭ᠍ᠰᠡᠨ ᠨᠢ ᠪᠦᠦᠷ ᠳᠦᠤᠷ ᠪᠣᠳᠤᠯ ᠳᠤ ᠦᠯᠠᠳᠠᠨ᠂ ᠬᠠᠷᠢᠨ ᠡᠨᠡ ᠥᠭᠡ ᠨᠢ ᠮᠠᠷᠳᠠᠭᠳᠠᠭ᠎ᠠ ᠦᠭᠡᠶ᠃ ᠳᠤᠬᠠᠢ ᠶᠢᠨ ᠦᠶ᠎ᠡ ᠳᠤ ᠳᠤᠩ ᠰᠤᠨᠢᠨ ᠰᠠᠨᠠᠭᠳᠠᠭᠰᠠᠨ ᠡ᠃ ᠮᠢᠨᠤ ᠭᠡᠷ ᠤᠨ ᠡᠳ᠋ᠯᠡᠯ ᠭᠡᠷᠡᠭ᠍ᠰᠡᠯ ᠡᠨᠡ ᠳᠠᠷᠠ ᠡᠷᠦᠢ ᠬᠤᠷᠤᠢ ᠦᠭᠡᠶ ᠪᠠᠢ᠌ᠬᠤ ᠶᠤᠮ ᠪᠣᠯ 《ᠵᠠᠪ ᠶᠢᠡᠨ ᠦᠵᠡᠵᠤ ᠪᠠᠢ᠌ᠭᠠᠤᠨ ᠴᠠᠪᠠᠷᠯᠠᠶ᠎ᠠ》 ᠭᠡᠵᠤ ᠪᠣᠳᠤᠨ᠎ᠠ᠃ ᠳᠡᠭᠡᠳᠡᠯ᠎ᠡ ᠰᠠᠨᠠᠭᠠᠨ ᠳᠤ ᠦᠭᠡᠶ ᠨᠢᠭᠡ ᠭᠦᠮᠤᠨ ᠣᠷᠤᠭᠠᠤᠨ ᠢᠷᠡᠭᠦ ᠶᠤᠮ ᠪᠣᠯ ᠣᠷᠤᠬᠤ ᠶᠢᠨ ᠭᠠᠵᠠᠷ ᠦᠭᠡᠶ ᠰᠢᠷᠪᠠᠭᠡᠳᠤᠨ᠎ᠡ ᠳ᠋ᠠ ᠁

ᠮᠤᠩᠭ᠋ᠤᠯ ᠤᠨ ᠶᠡᠷᠦᠩᠭᠡᠢ᠌ᠯᠡᠭ᠍ᠴᠢ ᠡᠯᠪᠠᠭ᠍ᠳᠦᠷᠵᠢ ᠵᠠᠯᠠᠭᠤ ᠳᠠᠭᠤᠴᠢᠳ ᠲᠡᠶ ᠠᠭᠤᠯᠵᠠᠭᠠᠤᠨ᠄ 《ᠪᠢᠳᠠ ᠶᠠᠭᠤᠨ ᠳᠠᠭᠠᠨ ᠪᠠᠬᠠᠷᠬᠠᠬᠤ ᠪᠣᠢ᠂ ᠨᠢᠭᠡ ᠳᠤ᠂ ᠮᠤᠩᠭ᠋ᠤᠯ ᠭᠦᠮᠤᠨ ᠪᠣᠯᠵᠤ ᠳᠦᠷᠦᠭ᠍ᠰᠡᠨ ᠳᠡᠭᠡᠨ ᠪᠠᠬᠠᠷᠬᠠᠬᠤ ᠭᠡᠷᠡᠭ᠍ᠳᠡᠢ᠂ ᠪᠢᠳᠠ ᠪᠠᠶ᠎ᠠ ᠪᠠᠶ᠎ᠠ ᠪᠠᠨ ᠳᠡᠮᠵᠢᠭᠦ ᠦᠭᠡᠶ ᠭᠡᠨ ᠮᠠᠨ ᠢ ᠳᠡᠮᠵᠢᠭᠦ ᠶᠤᠮ ᠪᠣᠢ᠂ ᠨᠢᠭᠡ ᠨᠢ ᠵᠢᠵᠢᠭ᠍‍ᠬᠡᠨ ᠴᠤ ᠰᠠᠢ᠌ᠨ ᠶᠠᠭᠤᠮ᠎ᠠ ᠭᠢᠭ᠍ᠰᠡᠨ ᠪᠠᠢ᠌ᠪᠠᠯ ᠳᠡᠭᠦᠨ ᠢ ᠣᠷᠮᠠᠰᠢᠭᠤᠯᠵᠤ ᠳᠡᠮᠵᠢᠭᠦ ᠭᠡᠷᠡᠭ᠍ᠳᠡᠢ ᠁ ᠭᠦᠮᠤᠨ ᠤ ᠬᠠᠮᠤᠭ ᠤᠨ ᠴᠢᠬᠤᠯᠠ ᠵᠣᠢ᠌ᠯ ᠪᠣᠯ ᠰᠡᠳᠭᠢᠯ᠂ ᠰᠡᠳᠭᠢᠯ ᠰᠠᠢ᠌ᠬᠠᠨ ᠭᠦᠮᠤᠨ ᠡᠴᠡ ᠰᠠᠢ᠌ᠬᠠᠨ ᠥᠭᠡ ᠭᠠᠷᠴᠤ᠂ ᠰᠠᠢ᠌ᠨ ᠦᠷ᠎ᠡ ᠳ᠋ᠦ᠋ᠩ ᠣᠯᠳᠠᠭ᠃ ᠬᠤᠶᠠᠷ ᠲᠤ᠂ ᠭᠠᠵᠠᠷ ᠨᠤᠳᠤᠭ ᠲᠡᠶ ᠲᠠᠭᠠᠨ ᠪᠠᠬᠠᠷᠬᠠᠬᠤ ᠭᠡᠷᠡᠭ᠍ᠳᠡᠢ᠃ ᠭᠤᠷᠪᠠ ᠳᠤ᠂ ᠮᠤᠩᠭ᠋ᠤᠯ ᠰᠤᠶᠤᠯ ᠲᠡᠶ ᠳᠠᠭᠠᠨ ᠪᠠᠬᠠᠷᠬᠠᠬᠤ ᠭᠡᠷᠡᠭ᠍ᠳᠡᠢ᠃ ᠳᠦᠷᠪᠠ ᠳᠤ᠂ ᠳᠡᠦᠭᠡ ᠲᠡᠶ ᠳᠡᠭᠡᠨ ᠪᠠᠬᠠᠷᠬᠠᠬᠤ ᠭᠡᠷᠡᠭ᠍ᠳᠡᠢ᠂ ᠮᠤᠩᠭ᠋ᠤᠯᠴᠤᠳ ᠪᠣᠯ ᠳᠡᠯᠡᠭᠡᠢ ᠶᠢᠨ ᠰᠤᠶᠤᠯ ᠢᠷᠭᠡᠡᠰᠢᠯ ᠢ ᠪᠦᠳᠦᠭᠡᠵᠤ ᠶᠠᠪᠣᠭᠰᠠᠨ ᠳᠡᠦᠭᠡ ᠲᠡᠶ᠃ ᠳᠠᠪᠣ ᠳᠤ᠂ ᠡᠷᠭᠡ ᠴᠢᠯᠦᠭᠡ ᠲᠡᠶ ᠳᠡᠭᠡᠨ ᠪᠠᠬᠠᠷᠬᠠᠬᠤ ᠭᠡᠷᠡᠭ᠍ᠳᠡᠢ᠁ ᠦᠨᠦᠳᠤᠷ ᠤᠨ ᠭᠦᠮᠦᠰ ᠪᠣᠳᠤᠯᠭᠢᠯᠠᠬᠤ ᠦᠭᠡᠶ᠂ ᠭᠦᠳᠡᠯᠮᠦᠷᠢᠯᠡᠭᠦ ᠦᠭᠡᠶ ᠪᠣᠯᠵᠠᠢ᠂ ᠡᠷᠭᠡᠪᠰᠢ ᠦᠪᠡᠷ ᠢ ᠪᠠᠨ ᠠᠯᠪᠠᠳᠠᠵᠤ ᠪᠣᠳᠤᠯᠭᠢᠯᠠᠵᠤ ᠭᠦᠳᠡᠯᠮᠦᠷᠢᠯᠡᠭᠦ ᠭᠡᠷᠡᠭ᠍ᠳᠡᠢ᠃ ᠨᠢᠭᠡ ᠵᠣᠢ᠌ᠯ ᠳᠤ ᠮᠡᠷᠭᠡᠵᠢᠭ᠍ᠰᠡᠨ ᠪᠠᠢ᠌ᠵᠤ᠂ ᠪᠣᠰᠤᠳ ᠢ ᠶᠠᠭᠠᠭᠢᠬᠤ ᠪᠣᠢ᠂ ᠭᠦᠮᠤᠨ ᠡᠴᠡ ᠰᠠᠢ᠌ᠨ ᠪᠠᠢ᠌ᠬᠤ ᠪᠣᠶᠤ ᠭᠦᠷᠭᠦ ᠪᠠᠢ᠌ᠵᠤ ᠪᠦᠷ ᠪᠣᠯᠤᠨ᠎ᠠ᠃ ᠭᠡᠳᠡᠯ᠎ᠡ ᠨᠢᠭᠡ ᠵᠣᠢ᠌ᠯ ᠢ ᠳᠡᠯᠡᠭᠡᠢ ᠶᠢᠨ ᠠᠯᠢ ᠴᠤ ᠥᠡᠴᠦᠭ᠌ ᠪᠣᠯᠤᠩ ᠳᠤ ᠣᠴᠢᠭᠰᠠᠨ ᠴᠤ ᠳᠤᠯᠤᠭᠠᠢ ᠳᠤᠭᠢᠭᠠᠤᠨ ᠭᠠᠷᠴᠤ ᠴᠢᠳᠠᠭᠰᠠᠨ ᠪᠠᠢ᠌ᠬᠤ ᠭᠡᠷᠡᠭ᠍ᠳᠡᠢ᠃ ᠬᠠᠮᠤᠭ ᠤᠨ ᠭᠠᠢ᠌ᠬᠠᠮᠰᠢᠭᠳᠤ ᠭᠦᠮᠤᠨ ᠶᠠᠷᠤ ᠨᠢ ᠰᠡᠳᠭᠢᠯ ᠵᠦᠪ ᠲᠡᠶ ᠭᠦᠮᠤᠨ ᠪᠠ ᠭᠦᠳᠡᠯᠮᠦᠷᠢᠴᠢ ᠭᠦᠮᠤᠨ ᠤ ᠳᠤᠮᠳᠠ ᠡᠴᠠ ᠯᠠ ᠭᠠᠷᠳᠠᠭ᠃ ᠳᠠᠳᠠᠨ ᠤ ᠠᠪᠣ ᠡᠵᠢ ᠨᠢ ᠪᠠᠶᠠᠨ ᠴᠤ ᠪᠣᠯᠤᠭ᠂ ᠶᠠᠳᠠᠭᠤ ᠴᠤ ᠪᠣᠯᠤᠭ ᠴᠦᠮ ᠠᠮᠵᠢᠯᠳᠠ ᠣᠯᠳᠠᠭ ᠁ ᠦᠨᠦᠳᠤᠷ ᠤᠨ ᠭᠦᠮᠦᠰ ᠤᠨ ᠡᠷᠡᠮᠡᠯᠵᠡᠯ᠂ ᠵᠤᠷᠢᠭ ᠵᠢᠷᠦᠭᠡ ᠠᠯᠠᠭ᠎ᠠ ᠪᠣᠯᠵᠤ ᠪᠠᠢ᠌ᠨ᠎ᠠ᠃ ᠵᠤᠷᠢᠭ ᠲᠡᠶ ᠪᠠᠢ᠌ᠬᠤ ᠭᠡᠷᠡᠭ᠍ᠳᠡᠢ ᠁》 ᠭᠡᠵᠤ ᠶᠠᠷᠢᠭᠰᠠᠨ ᠢ ᠰᠤᠨᠤᠰᠤᠭᠠᠤᠨ ᠳᠤᠩ ᠳᠤᠭᠳᠤᠯᠤᠭᠰᠠᠨ ᠡ᠃ ᠪᠢᠳᠠᠨ ᠤ ᠪᠠᠶᠠᠨ ᠳᠤ ᠳᠡᠳᠡᠭᠡᠷ ᠠᠭᠤᠤ ᠶᠡᠭᠡ ᠭᠦᠮᠦᠰ ᠤᠨ ᠭᠧᠨ ᠪᠠᠢ᠌ᠬᠤ ᠪᠠᠷ ᠪᠠᠷᠠᠬᠤ ᠦᠭᠡᠶ᠂ ᠠᠭᠤᠤ ᠶᠡᠭᠡ ᠰᠤᠶᠤᠯ ᠢ ᠨᠢ ᠣᠯᠠᠮᠵᠢᠯᠠᠵᠤ ᠶᠠᠪᠣᠵᠤ ᠪᠠᠢ᠌ᠭ᠎ᠠ ᠳᠠᠭᠠᠨ ᠣᠮᠤᠭᠰᠢᠨ᠂ ᠣᠷᠤᠨ ᠰᠠᠭᠤᠴᠠ ᠪᠠᠨ ᠴᠠᠪᠠᠷ ᠴᠡᠮᠴᠡᠭᠡᠷ ᠠᠪᠴᠤ ᠶᠠᠪᠤᠨ᠂ ᠠᠬ᠎ᠠ ᠶᠡᠭᠡᠰ ᠶᠢᠡᠨ ᠭᠦᠡᠳᠦᠯᠡᠨ᠂ ᠬᠡᠦᠬᠡᠳ ᠳᠡᠭᠦᠤ ᠨᠡᠷ ᠶᠢᠡᠨ ᠬᠠᠢ᠌ᠷᠠᠯᠠᠨ᠂ ᠥᠭᠡ ᠶᠠᠷᠢᠶ᠎ᠠ ᠵᠥᠭᠡᠯᠡᠨ᠂ ᠦᠵᠡᠯ ᠪᠣᠳᠤᠯ ᠳᠤᠩᠭ᠋ᠠᠯᠠᠭ ᠪᠠᠢ᠌ᠬᠤ ᠶᠢ ᠡᠷᠭᠢᠮᠯᠡᠨ ᠭᠦᠭᠡᠭᠡᠴᠡᠯᠳᠦᠭᠦ ᠵᠡᠷᠭᠡ ᠡᠳᠦᠷ ᠳᠤᠳᠤᠮ ᠤᠨ ᠵᠢᠵᠢᠭ᠌ ᠰᠠᠵᠢᠭ ᠣᠴᠢᠷ ᠡᠴᠠ ᠭᠠᠷᠳᠠᠨ ᠳᠠᠰᠤᠯᠳᠠᠭᠤᠯᠤᠯ ᠦᠭᠡᠶ ᠭᠦᠢᠴᠡᠳᠭᠡᠵᠤ ᠶᠠᠪᠣᠪᠠᠯ ᠳᠠᠭᠠᠷᠠᠬᠤ ᠶᠤᠮ ᠪᠠᠢ᠌ᠨ᠎ᠠ᠃ ᠡᠨᠡ ᠪᠣᠯ ᠮᠤᠩᠭ᠋ᠤᠯ ᠭᠦᠮᠤᠨ ᠤ ᠨᠠᠠᠳᠢᠨ ᠵᠠᠩ ᠳᠠᠳᠬᠠᠯ ᠊᠊᠊᠊᠊᠊᠊᠊᠊᠊᠊᠊᠊᠊᠊ ᠳᠡᠯᠡᠭᠡᠢ ᠶᠢᠨ ᠰᠤᠶᠤᠯ ᠢᠷᠭᠡᠡᠰᠢᠯ ᠤᠨ ᠳᠤᠮᠳᠠ ᠥᠩᠭᠡ ᠢᠯᠭᠠᠷᠠᠨ ᠳᠡᠯᠭᠡᠷᠡᠵᠤ ᠴᠢᠳᠠᠬᠤ ᠮᠤᠩᠭ᠋ᠤᠯ ᠰᠤᠶᠤᠯ ︕

ᠬᠠᠢ᠌ᠷ᠎ᠠ ᠳᠡᠭᠡᠷ᠎ᠡ ᠳᠤᠭᠳᠠᠭᠰᠠᠨ ᠠᠮᠢᠳᠤᠷᠠᠯ ᠨᠠᠷᠠ ᠪᠠᠨ ᠳᠠᠭᠠᠵᠤ ᠡᠷᠭᠢᠳᠡᠭ᠌ ᠶᠤᠰᠤᠳᠠᠢ ᠪᠠᠢ᠌ᠳᠠᠭ ᠤᠨ ᠵᠢᠮ᠎ᠠ ᠪᠠᠷ ᠬᠦᠬᠡᠬᠤᠲᠠ ᠮᠢᠨᠢ ᠡᠷᠳᠡ ᠨᠢᠭᠡᠨ ᠡᠳᠦᠷ ᠡᠨᠡ ᠭᠦ ᠵᠠᠩ ᠵᠢᠷᠤᠮ ᠶᠢᠡᠷ ᠰᠤᠶᠤᠯᠵᠢᠨ ᠴᠡᠴᠡᠭᠯᠡᠭᠦ ᠪᠣᠯᠳᠤᠭᠠᠢ ︕


ᠵᠤᠬᠢᠶᠠᠭᠴᠢ ᠶᠢᠨ ᠬᠠ‍‌ᠶᠢᠭ ᠄ 646586062qq.com

ᠵᠤᠬᠢᠶᠠᠭᠴᠢ᠄ ᠸᠠᠩ·ᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6076
ᠴᠠᠭ᠄ 2011 ᠤᠨ ᠤ 07 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ