ᠮᠠᠯᠴᠢᠳ ᠶᠢᠡᠨ ᠰᠠᠨᠠᠳᠠᠭ ᠨᠠᠷᠠ

ᠪᠠᠢ᠌ᠭᠠᠯᠢ ᠳᠡᠯᠡᠭᠡᠢ ᠵᠢᠨ

ᠪᠠᠯᠠᠷᠯᠢᠭ ᠦᠷᠦᠴᠠᠨ ᠳ᠋ᠤ

ᠳᠠᠯ᠎ᠠ ᠭᠦᠳᠡᠭᠡ

ᠳᠠᠢ᠌ᠪᠣᠩ ᠨᠣᠢ᠌ᠷᠰᠤᠵᠤ

ᠣᠭᠳᠠᠷᠭᠤᠢ ᠶᠢᠨ ᠴᠡᠭᠡᠯ ᠳ᠋ᠤ

ᠣᠳᠤᠨ ᠮᠠᠴᠢᠳ

ᠭᠡᠷᠡᠯ ᠶᠢᠡᠨ ᠮᠥᠴᠡᠭᠡᠷᠭᠡᠨ

ᠬᠤᠳᠠᠨ ᠳᠠᠭᠠᠨ ᠭᠡᠪᠳᠡᠰᠢᠯᠡᠭ᠍ᠰᠡᠨ

ᠬᠤᠨᠢᠳ ᠤᠨ ᠭᠡᠪᠢᠯᠭᠡ ᠵᠢ

ᠪᠠᠬᠠᠷᠬᠠᠨ ᠴᠢᠩᠨᠠᠵᠤ

ᠪᠠᠢ᠌ᠮ᠎ᠠ ᠬᠤᠯᠠ ᠡᠴᠡ

ᠰᠢᠷᠳᠠᠵᠤ

ᠰᠠᠷᠠᠪᠴᠢᠯᠠᠵᠤ

ᠰᠢᠩᠭᠡᠭᠦ ᠳ᠋ᠤ

ᠮᠠᠯᠴᠢᠳ ᠶᠢᠡᠨ ᠰᠠᠨᠠᠳᠠᠭ

ᠮᠠᠷᠭᠠᠰᠢ ᠶᠢᠨ ᠨᠠᠷᠠ

ᠮᠠᠨ ᠤ ᠨᠤᠳᠤᠭ ᠢ

ᠮᠠᠨᠠᠵᠤ ᠬᠤᠨᠤᠳᠠᠭ

ᠮᠠᠩᠬᠠᠨ ᠣᠷᠤᠢ ᠡᠴᠡ

ᠮᠠᠩᠬᠠᠢ᠌ᠵᠤ

ᠮᠠᠴᠤᠯᠭᠢᠯᠠᠵᠤ

ᠮᠠᠠᠳᠤᠨ᠎ᠠ ᠪᠢᠯᠠ᠁


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1291
ᠴᠠᠭ᠄ 2009 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁