ᠪᠠᠷᠭᠤ ᠠᠷᠠᠤᠨ ᠤᠨ ᠳᠠᠭᠤᠤ 《ᠥᠭᠡᠷᠳᠤ ᠭᠦᠢᠳᠡᠨ ᠬᠤᠶᠠᠷ》 ᠊ᠤᠨ ᠳᠤᠬᠠᠢ ᠳᠤᠯᠢᠬᠠᠨ ᠥᠭᠦᠯᠡᠭᠦ ᠨᠢ

《ᠥᠭᠡᠷᠳᠤ ᠭᠦᠢᠳᠡᠨ ᠬᠤᠶᠠᠷ》 ᠭᠡᠳᠡᠭ᠌ ᠳᠠᠭᠤᠤ ᠪᠣᠯ ᠪᠠᠷᠭᠤ ᠠᠷᠠᠤᠨ ᠤᠨ ᠳᠠᠭᠤᠤ ᠪᠣᠯᠤᠨ᠎ᠠ᠃ ᠵᠠᠭᠤᠭᠠᠤᠨ ᠵᠢᠯ ᠤᠨ ᠡᠮᠦᠨ᠎ᠡ᠂ ᠰᠢᠨ᠎ᠠ ᠪᠠᠷᠭᠤ ᠶᠢᠨ ᠭᠦᠯᠤ ᠰᠢᠷ᠎ᠠ ᠬᠤᠰᠢᠭᠤᠨ ᠤ ᠦᠵᠢ ᠰᠤᠮᠤ ᠶᠢᠨ ᠡᠷᠳᠡᠨᠢ‍ᠴᠤᠭᠲᠤ᠂ ᠳᠤᠯᠭᠠᠷ ᠬᠤᠶᠠᠷ ᠤᠨ ᠵᠤᠯ ᠪᠣᠰᠤ ᠶᠠᠪᠣᠳᠠᠯ ᠡᠴᠡ ᠰᠠᠳᠤᠪᠯᠠᠨ ᠵᠤᠬᠢᠶᠠᠭᠳᠠᠰᠠᠨ ᠳᠠᠭᠤᠤ ᠪᠣᠯᠤᠨ᠎ᠠ᠃ 《ᠥᠭᠡᠷᠳᠤ ᠭᠦᠢᠳᠡᠨ》 ᠭᠡᠳᠡᠭ᠌ ᠭᠠᠵᠠᠷ ᠣᠳᠤ ᠶᠢᠨ ᠭᠦᠯᠤᠨ ᠪᠣᠢ᠌ᠷ ᠤᠨ ᠰᠢᠨ᠎ᠠ ᠪᠠᠷᠭᠤ ᠪᠠᠷᠠᠭᠤᠨ ᠬᠤᠰᠢᠭᠤᠨ ᠤ ᠳᠠᠯᠠᠢ ᠰᠤᠮᠤᠨ ᠳᠤ ᠪᠣᠢ᠃ ᠵᠡᠭᠦᠨ ᠣᠷᠳᠤᠷᠢᠭ ᠤᠨ 116 ᠊ᠭ᠍‍ᠷᠠᠳᠦ᠋ᠰ᠂ ᠬᠣᠢ᠌ᠳᠤ ᠥᠷᠭᠡᠷᠢᠭ᠌ ᠤᠨ 49 ᠊ᠭ᠍‍ᠷᠠᠳᠦ᠋ᠰ ᠤᠨ ᠠᠭᠤᠯᠵᠠᠭᠤᠷ ᠲᠤ᠂ ᠵᠡᠭᠦᠨ ᠪᠠᠷᠠᠭᠤᠨ ᠥᠭᠡᠷᠳᠤ ᠭᠡᠵᠤ ᠬᠤᠯᠪᠣᠭ᠎ᠠ ᠬᠤᠶᠠᠷ ᠬᠤᠵᠢᠷ ᠮᠠᠷᠰᠠ ᠲᠡᠶ ᠨᠠᠭᠤᠷ ᠪᠠᠢ᠌ᠳᠠᠭ᠃ ᠪᠠᠷᠠᠭᠤᠨ ᠥᠭᠡᠷᠳᠤ ᠡᠴᠡ ᠣᠷᠤᠭᠰᠠᠢ ᠭᠦᠢᠳᠡᠨ ᠬᠤᠭᠤᠯᠠᠢ ᠭᠡᠵᠤ ᠪᠣᠢ᠂ ᠳᠤᠰ ᠬᠤᠭᠤᠯᠠᠢ ᠶᠢᠨ ᠳᠤᠮᠳᠠ ᠣᠠᠳᠤᠷᠠᠭᠰᠠᠨ 《ᠭᠦᠢᠳᠡᠨ ᠪᠣᠯᠠᠭ》 ᠨᠢ 《ᠥᠭᠡᠷᠳᠤ》 ᠨᠠᠭᠤᠷ ᠲᠤ ᠴᠢᠤᠠᠬᠤᠨ᠎ᠠ᠃ ᠥᠭᠡᠷᠳᠤ ᠭᠦᠢᠳᠡᠨ ᠤ ᠡᠷᠭᠢᠨ ᠳᠤᠭᠤᠷᠢᠨ ᠳᠤ ᠳᠦᠭᠦᠷᠢᠭ᠌ ᠰᠠᠢ᠌ᠬᠠᠨ ᠬᠤᠷᠭᠤᠯᠵᠢ᠂ ᠰᠢᠮᠡᠯᠢᠭ᠌ ᠬᠤᠭᠤᠯᠠᠢ᠂ ᠳᠡᠭ᠍ᠰᠢ ᠰᠡᠷᠢᠭᠦᠨ ᠳᠡᠭ᠍ᠳᠤ᠂ ᠨᠠᠮᠠᠬᠠᠨ ᠳᠤᠭᠳᠠᠭᠰᠠᠨ 《ᠭᠠᠭᠴᠠ ᠳᠤᠯᠤᠭᠠᠢ》 ᠮᠠᠳᠤ ᠳᠤᠪᠣ ᠲ᠋ᠤᠯᠤᠭᠠᠤᠨ ᠪᠠᠢ᠌ᠳᠠᠭ᠃ ᠥᠨᠡᠭᠡᠷ ᠬᠤᠷᠸ᠎ᠠ ᠳᠤ ᠬᠤᠤᠰ ᠦᠭᠡᠶ ᠭᠡᠮᠡᠷ ᠰᠠᠢ᠌ᠬᠠᠨ ᠨᠤᠳᠤᠭ᠂ ᠨᠡᠭᠦᠳᠡᠯ ᠮᠠᠯᠵᠢᠯ ᠤᠨ ᠣᠭᠢ ᠭᠠᠵᠠᠷ ᠤᠨ ᠨᠢᠭᠡ ᠶᠤᠮ᠃ ᠮᠠᠯᠴᠢᠨ ᠵᠠᠯᠠᠭᠤ ᠡᠷᠳᠡᠨᠢ‍ᠴᠤᠭᠲᠤ ᠪᠣᠯᠤᠨ ᠳᠤᠯᠭᠠᠷ ᠭᠡᠦᠭᠡᠨ ᠬᠠᠷᠠᠬᠠᠨ ᠪᠠᠭ᠎ᠠ ᠡᠴᠡ ᠪᠠᠨ ᠬᠠᠮᠳᠤ ᠦᠰᠴᠦ᠂ ᠢᠨᠠᠭᠯᠠᠨ ᠢᠵᠢᠯᠢᠰᠢᠵᠤ᠂ ᠬᠠᠢ᠌ᠷ᠎ᠠ ᠰᠡᠳᠬᠢᠯ ᠲᠡᠶ ᠪᠣᠯᠵᠠᠢ᠃ 《ᠭᠠᠭᠴᠠ ᠳᠤᠯᠤᠭᠠᠢ》 ᠳ᠋ᠤ᠂ ᠳᠦᠯ ᠳᠤᠰᠴᠤ ᠪᠠᠢ᠌ᠭᠰᠠᠨ ᠶᠠᠳᠠᠭᠤ ᠭᠡᠦᠭᠡᠨ ᠳᠤᠯᠭᠠᠷ ᠬᠤᠳᠠ ᠠᠢ᠌ᠯ ᠤᠨ ᠵᠠᠬ᠎ᠠ ᠳᠤ᠂ ᠮᠤᠩᠭ᠋ᠤᠯ ᠭᠡᠷ ᠲᠤ ᠨᠢᠯᠬ᠎ᠠ ᠬᠤᠷᠠᠭ᠎ᠠ᠂ ᠢᠰᠢᠭᠡ᠂ ᠳᠤᠭᠤᠯ ᠶᠢᠡᠨ ᠮᠠᠨᠠᠵᠤ ᠬᠤᠨᠤᠳᠠᠭ ᠪᠠᠢ᠌ᠵᠠᠢ᠃ ᠳᠠᠷᠠᠪᠠᠷ᠂ ᠮᠤᠩᠭ᠋ᠤᠯ ᠭᠡᠷ ᠳᠤᠳᠤᠷ᠎ᠠ ᠪᠠᠨ ᠡᠭᠦᠳᠡᠨ ᠤ ᠪᠠᠷᠠᠭᠤᠨ ᠬᠠᠳᠠᠪᠴᠢ ᠡᠴᠡ ᠪᠠᠨ ᠬᠣᠢ᠌ᠰᠢ ᠬᠠᠨ᠎ᠠ ᠶᠢᠨ ᠨᠢᠳᠤ ᠳᠠᠷᠠᠭᠠᠯᠠᠨ ᠣᠯᠠᠨ ᠬᠤᠷᠠᠭ᠎ᠠ ᠢᠰᠢᠭᠡ ᠪᠠᠨ ᠣᠶᠠᠳᠠᠭ ᠪᠠᠢ᠌ᠭᠰᠠᠨ ᠪᠠᠢ᠌ᠨ᠎ᠠ᠃ ᠭᠡᠪᠠᠴᠤ᠂ ᠰᠦᠨᠢ ᠶᠢᠨ ᠭᠦᠨ ᠳᠤ ᠵᠠᠷᠢᠮ ᠨᠢᠷᠠᠢ ᠳᠦᠯ ᠨᠢ ᠭᠦᠳᠡᠯᠦᠭ᠍ᠰᠡᠭᠡᠷ ᠪᠠᠢ᠌ᠵᠤ᠂ ᠭᠦᠵᠦᠭᠦᠪᠴᠢ ᠪᠠᠨ ᠮᠤᠯᠳᠤᠯᠵᠤ᠂ ᠭᠡᠷ ᠤᠨ ᠳᠤᠳᠤᠷ᠎ᠠ ᠨᠠᠭᠠᠰᠢ ᠴᠠᠭᠠᠰᠢ ᠭᠦᠶ‍ᠦᠯᠳᠦᠨ᠎ᠡ᠃ ᠳᠡᠭᠡᠭᠦ ᠳᠡᠭᠡᠨ᠂ ᠳᠤᠯᠭ᠎ᠠ ᠶᠢᠨ ᠰᠢᠯᠡᠭᠡᠪᠦᠷ ᠤᠨ ᠭᠠᠯ ᠤᠨ ᠨᠤᠷᠮᠠᠨ ᠳᠡᠭᠡᠷ᠎ᠡ ᠭᠢᠰᠭᠢᠵᠤ᠂ ᠳᠠᠭᠢᠨ ᠰᠢᠷᠢᠳᠡᠭ᠌ ᠳᠡᠪᠢᠰᠭᠡᠷ ᠳᠡᠭᠡᠭᠦᠷ ᠭᠦᠶ‍ᠦᠯᠳᠡᠭ᠍ᠰᠡᠨ ᠡᠴᠡ ᠰᠢᠷᠢᠳᠡᠭ᠌ ᠳᠡᠪᠢᠰᠭᠡᠷ ᠲᠤ ᠭᠠᠯ ᠵᠤᠯᠭᠠᠵᠤ᠂ ᠭᠠᠯ ᠤᠨ ᠠᠶᠤᠯ ᠡᠭᠦᠰᠴᠡᠢ᠃ ᠡᠳᠦᠷᠵᠢᠨ ᠳᠦᠯ ᠤᠨ ᠠᠵᠢᠯ ᠳᠠᠭᠠᠨ ᠶᠠᠭᠠᠷᠠᠵᠤ ᠵᠥᠳᠡᠷᠡᠭ᠍ᠰᠡᠨ ᠳᠤᠯᠭᠠᠷ᠂ ᠰᠠᠷᠢᠵᠤ ᠵᠠᠪᠳᠠᠯ ᠦᠭᠡᠶ ᠭᠡᠷ ᠭᠦᠷᠦᠩᠭᠡ᠂ ᠨᠢᠯᠬ᠎ᠠ ᠬᠤᠷᠠᠭ᠎ᠠ ᠢᠰᠢᠭᠡ᠂ ᠳᠤᠭᠤᠯ ᠲᠡᠶ ᠪᠠᠨ ᠬᠠᠮᠳᠤ ᠭᠠᠯ ᠳᠤ ᠰᠢᠳᠠᠵᠤ᠂ ᠦᠨᠡᠰᠤᠨ ᠳᠤᠪᠷᠠᠭ ᠪᠣᠯᠤᠭᠰᠠᠨ ᠪᠠᠢ᠌ᠨ᠎ᠠ᠃ ᠢᠨᠠᠭ ᠬᠤᠩᠭ᠋ᠤᠷ ᠶᠢᠡᠨ ᠬᠠᠷᠠᠰᠠᠯᠳᠠᠢ ᠠᠯᠳᠠᠭᠰᠠᠨ ᠡᠷᠳᠡᠨᠢ‍ᠴᠤᠭᠳᠤ᠂ ᠭᠠᠰᠠᠯᠵᠤ ᠰᠢᠨᠠᠯᠬᠤ ᠶᠢᠨ ᠳᠣᠢ᠌ᠯ ᠪᠣᠯᠪᠠ᠂ ᠰᠢᠳᠠᠭᠰᠠᠨ ᠭᠡᠷ ᠤᠨ ᠭᠢᠨᠢ ᠪᠠᠭᠤᠷᠢ ᠡᠴᠡ ᠳᠤᠯᠭᠠᠷ ᠤᠨ ᠶᠢᠡᠨ ᠵᠡᠭᠦᠳᠡᠭ᠌ ᠪᠦᠯᠡᠵᠡᠭ᠌ ᠢ ᠣᠯᠵᠤ ᠠᠯᠭᠠᠨ ᠳᠡᠭᠡᠷ᠎ᠡ ᠪᠠᠨ ᠳᠠᠯᠪᠢᠬᠤ ᠳᠤ ᠬᠠᠮᠠᠷ ᠨᠢ ᠪᠣᠷᠭᠢᠵᠤ᠂ ᠨᠢᠳᠤ ᠨᠢ ᠬᠠᠷᠠᠩᠭ᠋ᠣᠢ᠌ᠯᠠᠨ᠎ᠠ᠁ ᠳᠠᠯᠠᠩ ᠨᠢ ᠴᠢᠨᠤᠭᠰᠠᠨ ᠦᠨᠢᠶᠠᠤᠨ ᠭᠡᠷ ᠤᠨ ᠰᠢᠳᠠᠭᠰᠠᠨ ᠬᠠᠷ᠎ᠠ ᠪᠭᠤᠴᠠᠨ ᠳᠡᠭᠡᠷ᠎ᠡ ᠮᠥᠭᠡᠷᠡᠯᠳᠦᠵᠤ᠂ ᠭᠤᠨᠢᠭ ᠲᠡᠶ ᠪᠠᠢ᠌ᠯ᠎ᠠ᠁ ᠭᠦᠮᠤᠨ ᠤ ᠨᠢᠳᠤ ᠬᠠᠯᠢᠷᠠᠮᠠᠷ ᠭᠠᠢ ᠵᠤᠪᠠᠯᠠᠩ ᠳᠤ ᠣᠴᠠᠷᠠᠭᠰᠠᠨ ᠮᠠᠯᠴᠢᠨ ᠵᠠᠯᠠᠭᠤ ᠡᠷᠳᠡᠨᠢ‍ᠴᠤᠭᠲᠤ᠂ ᠠᠮᠠᠷᠠᠭ ᠬᠤᠩᠭ᠋ᠤᠷ ᠶᠢᠡᠨ ᠭᠡᠨᠡᠳᠲᠡ ᠶᠢᠨ ᠠᠶᠤᠯ ᠳᠤ ᠠᠯᠳᠠᠭᠰᠠᠨ ᠡᠴᠡ ᠮᠠᠰᠢ ᠶᠡᠭᠡ ᠭᠤᠨᠢᠷᠠᠯ ᠪᠣᠯᠵᠤ ᠨᠣᠢ᠌ᠷ ᠬᠤᠭᠤᠯᠠᠨ ᠡᠴᠡ ᠪᠠᠨ ᠭᠠᠷᠬᠤ ᠰᠢᠬᠠᠵᠤ᠂ ᠳᠡᠭᠦᠨ ᠤ ᠪᠣᠳᠤᠯ ᠳᠤ ᠨᠢ ᠳᠤᠯᠭᠠᠷ ᠯᠠ ᠰᠠᠨᠠᠭᠳᠠᠵᠤ᠂ ᠳᠤᠯᠭᠠᠷ ᠲᠡᠶ ᠬᠤᠶᠠᠭᠤᠯᠠ ᠥᠭᠡᠷᠳᠤ ᠨᠠᠭᠤᠷ᠂ ᠭᠦᠢᠳᠡᠨ ᠪᠣᠯᠠᠭ ᠤᠨ ᠡᠷᠭᠢᠨ ᠳᠤᠭᠤᠷᠢᠨ ᠶᠢᠡᠷ ᠰᠥᠷᠦᠭ᠌ ᠶᠢᠡᠨ ᠬᠠᠷᠢᠭᠤᠯᠵᠤ ᠢᠨᠠᠭᠯᠠᠵᠤ ᠶᠠᠪᠣᠭᠰᠠᠨ ᠮᠠᠷᠳᠠᠭᠳᠠᠰᠢ ᠦᠭᠡᠶ ᠡᠳᠦᠷ ᠤᠳ ᠨᠢ ᠪᠣᠳᠤᠭᠳᠠᠨ ᠳᠡᠭᠦᠨ ᠢ ᠰᠢᠨᠠᠯᠭᠠᠨ᠎ᠠ᠁ ᠡᠷᠳᠡᠨᠢ‍ᠴᠤᠭᠲᠤ᠂ ᠮᠤᠷᠢ ᠪᠠᠨ ᠣᠨᠤᠭᠠᠤᠨ ᠳᠡᠳᠡᠭᠡᠷ ᠭᠠᠵᠠᠷ ᠤᠳ ᠶᠢᠡᠷ ᠨᠢᠭᠡ ᠯᠠ ᠶᠠᠭᠤᠮ᠎ᠠ ᠡᠷᠢᠵᠤ ᠶᠠᠪᠣᠭ᠎ᠠ ᠶᠤᠮ ᠰᠢᠭ᠌ ᠡᠢ᠌ᠰᠢ ᠳᠠᠢ᠌ᠰᠢ ᠬᠠᠷᠠᠭᠤᠯᠳᠠᠨ ᠠᠭᠠᠵᠢᠭᠤᠬᠠᠨ ᠠᠯᠠᠬᠤᠯᠠᠨ᠎ᠠ᠃ ᠨᠠᠭᠤᠷ ᠤᠨ ᠳᠤᠮᠳᠠᠭᠢ ᠬᠤᠤᠰ ᠠᠩᠭᠢᠷ ᠢ ᠬᠠᠷᠠᠨ ᠬᠠᠷᠠᠭᠰᠠᠭᠠᠷ ᠨᠢᠯᠪᠣᠰᠤ ᠣᠨᠠᠭᠠᠵᠤ 《ᠳᠤᠯᠭᠠᠷ ᠡ᠂ ᠳᠤᠯᠭᠠᠷ ᠡ》 ᠭᠡᠵᠤ ᠭᠦᠡᠳᠡᠢ ᠵᠢᠯᠭ᠎ᠠ ᠤᠳ ᠢ ᠰᠤᠴᠢᠭᠠᠨ ᠴᠤᠤᠷᠢᠶᠠᠳᠤᠳᠠᠯ᠎ᠠ ᠭᠠᠰᠠᠯᠠᠨ ᠬᠠᠰᠭᠢᠷᠴᠤ᠂ ᠭᠦᠭᠡ ᠳᠡᠭ᠍ᠷᠢ᠂ ᠬᠠᠨ ᠬᠤᠷᠸ᠎ᠠ ᠡᠴᠡ ᠳᠤᠯᠭᠠᠷ ᠶᠢᠡᠨ ᠪᠠᠢ᠌ᠨ ᠪᠠᠢ᠌ᠨ ᠨᠡᠭᠡᠨ᠎ᠡ᠃ ᠭᠡᠪᠠᠴᠤ᠂ ᠳᠡᠭᠦᠨ ᠳᠤ ᠨᠠᠮᠠᠷᠢ ᠪᠠ ᠳᠠᠢ᠌ᠳᠬᠠᠷᠠᠯ ᠪᠣᠯᠵᠤ ᠴᠢᠳᠠᠭᠰᠠᠨ ᠦᠭᠡᠶ᠂ ᠰᠡᠳᠬᠢᠯ ᠳᠤᠳᠤᠷ᠎ᠠ ᠨᠢ ᠬᠤᠪ ᠬᠤᠭᠤᠰᠤᠨ᠂ ᠪᠢᠳᠡᠭᠦᠤ ᠬᠠᠷᠠᠩᠭ᠋ᠤᠢ ᠪᠠᠷ ᠶᠢᠡᠨ ᠯᠠ ᠪᠠᠢ᠌ᠯ᠎ᠠ᠃ ᠠᠢ᠌ᠯ ᠰᠠᠭᠠᠬᠠᠯᠳᠠ᠂ ᠲᠦᠷᠦᠯ ᠰᠠᠳᠤᠨ ᠨᠡᠷ ᠨᠢ ᠳᠡᠭᠦᠨ ᠢ ᠪᠣᠯᠭᠤᠵᠤ᠂ ᠰᠠᠨᠠᠭ᠎ᠠ ᠳᠠᠢ᠌ᠪᠣᠰᠢᠷᠠᠬᠤ ᠶᠢ ᠢᠳᠬᠠᠨ᠎ᠠ᠃ ᠡᠳᠦᠷ ᠬᠤᠨᠤᠭ ᠤᠨ ᠥᠩᠭᠡᠷᠡᠯᠳᠡ ᠳᠤ ᠳᠠᠷᠠ᠂ ᠬᠠᠢ᠌ᠷ᠎ᠠ ᠰᠡᠳᠬᠢᠯ ᠪᠠ ᠭᠤᠨᠢᠭᠳᠤ ᠮᠥᠷᠦᠭᠡᠳᠦᠯ ᠶᠢᠡᠨ ᠢᠯᠡᠳᠭᠡᠨ ᠳᠤᠷᠠᠰᠬᠠᠬᠤ ᠶᠢᠨ ᠳᠦᠯᠦᠭᠡ ᠳᠠᠭᠤᠤ ᠵᠤᠬᠢᠶᠠᠨ ᠳᠠᠭᠤᠯᠠᠵᠤ᠂ ᠮᠥᠷᠦᠭᠡᠳᠦᠯ ᠰᠡᠳᠬᠢᠯ ᠶᠢᠡᠨ ᠰᠠᠭᠠᠳᠤᠭᠤᠯᠵᠤ ᠠᠷᠭᠠᠳᠠᠨ᠎ᠠ᠂ ᠳᠠᠭᠤᠯᠠᠬᠤ ᠳᠤᠳᠤᠮ ᠭᠠᠰᠢᠭᠤᠳᠠᠯ ᠤᠨ ᠨᠢᠯᠪᠣᠰᠤ ᠰᠤᠪᠣᠳᠷᠠᠭᠤᠯᠤᠨ᠂ ᠰᠡᠳᠬᠢᠯ ᠨᠢ ᠣᠩᠭ᠋ᠣᠢ᠌ᠵᠤ ᠠᠮᠠᠷᠠᠬᠤ ᠮᠠᠳᠤ ᠪᠣᠯᠬᠤ ᠳᠤ᠂ ᠳᠠᠭᠤᠨ ᠤ ᠥᠭᠡ ᠪᠠ ᠠᠶᠠᠰ ᠶᠢᠡᠨ ᠳᠠᠭᠢᠨ ᠳᠠᠭᠢᠨ ᠵᠠᠰᠠᠵᠤ ᠳᠠᠭᠤᠯᠠᠨ᠎ᠠ᠁ ᠳᠠᠷᠠ ᠥᠭᠡᠷᠳᠤ᠂ ᠭᠦᠢᠳᠡᠨ ᠨᠤᠳᠤᠭ ᠶᠢᠡᠨ ᠡᠷᠭᠢᠨ ᠳᠤᠭᠤᠷᠢᠨ ᠶᠠᠪᠣᠵᠤ ᠰᠡᠳᠬᠢᠯ ᠤᠨ ᠬᠠᠨᠢ ᠪᠠᠨ ᠬᠠᠷᠠᠭᠤᠯᠳᠠᠨ ᠡᠷᠢᠵᠤ᠂ ᠮᠥᠷᠦᠭᠡᠳᠤᠨ ᠳᠠᠭᠤᠯᠠᠬᠤ ᠳᠤ᠂ ᠬᠤᠯᠪᠣᠭ᠎ᠠ ᠬᠤᠶᠠᠷ ᠥᠭᠡᠷᠳᠤ ᠨᠠᠭᠤᠷ ᠤᠨ ᠣᠯᠠᠨ ᠰᠢᠪᠠᠭᠤᠳ ᠳᠡᠭᠦᠨ ᠤ ᠰᠡᠳᠬᠢᠯ ᠢ ᠳᠠᠢ᠌ᠳᠬᠠᠷᠠᠭᠤᠯᠵᠤ ᠪᠠᠢ᠌ᠭ᠎ᠠ ᠶᠤᠮ ᠰᠢᠭ᠌ ᠣᠢ᠌ᠳᠬᠠᠷ ᠲᠡᠶ ᠭᠠᠩᠭ᠋ᠠᠨᠠᠯᠳᠤᠨ᠂ ᠭᠦᠮᠤᠨ ᠪᠠᠢ᠌ᠭᠠᠯᠢ᠂ ᠰᠢᠪᠠᠭᠤᠳ ᠤᠨ ᠰᠢᠮᠫᠣᠨᠢ ᠨᠠᠢ᠌ᠷᠠᠯ ᠪᠣᠯᠵᠤ᠂ ᠰᠠᠨᠠᠭᠰᠠᠨ ᠶᠢᠡᠷ ᠪᠣᠯᠳᠠᠭ ᠦᠭᠡᠶ ᠬᠤᠷᠸ᠎ᠠ ᠶᠢ ᠣᠶᠠᠷᠠᠭᠠᠳᠠᠭ ᠪᠠᠢ᠌ᠯ᠎ᠠ᠃ ᠡᠷᠳᠡᠨᠢ‍ᠴᠤᠭᠲᠤ᠂ ᠡᠳᠦᠷ ᠪᠦᠷᠢ ᠰᠥᠷᠦᠭ᠌ ᠶᠢᠡᠨ ᠪᠠᠯᠴᠢᠭᠡᠷᠯᠡᠭᠦᠯᠭᠦ ᠳᠡᠭᠡᠨ ᠥᠭᠡᠷᠳᠤ᠂ ᠭᠦᠢᠳᠡᠨ ᠤ ᠳᠤᠯᠤᠭᠠᠤᠨ ᠤᠨ ᠣᠷᠤᠢ ᠳᠡᠭᠡᠷ᠎ᠡ ᠭᠠᠷᠴᠤ᠂ ᠰᠡᠳᠬᠢᠯ ᠵᠢᠷᠦᠭᠡ ᠪᠠᠨ ᠡᠮᠳᠡᠷᠡᠭᠦᠯᠤᠨ ᠪᠠᠢ᠌ᠵᠤ᠂ ᠦᠪᠡᠷ ᠤᠨ ᠵᠤᠬᠢᠶᠠᠵᠤ ᠪᠠᠢ᠌ᠭ᠎ᠠ ᠳᠠᠭᠤᠤ ᠪᠠᠨ ᠠᠶᠠᠯᠠᠭᠤᠯᠬᠤ ᠳᠤ᠂ ᠳᠠᠭᠤᠤ ᠨᠢ ᠭᠦᠢᠳᠡᠨ ᠬᠤᠭᠤᠯᠢ ᠶᠢ ᠭᠠᠳᠤᠯᠤᠨ᠂ ᠪᠠᠷᠭᠤ ᠨᠤᠳᠤᠭ ᠤᠨ ᠠᠭᠤᠯᠠ ᠣᠰᠤ ᠶᠢ ᠣᠶᠠᠷᠠᠭᠤᠯᠤᠨ ᠠᠯᠤᠰ ᠤᠨ ᠠᠯᠤᠰ ᠲᠤ ᠴᠤᠤᠷᠢᠶᠠᠳᠤᠨ᠎ᠠ᠃ ᠪᠠᠷᠭᠤ ᠨᠤᠳᠤᠭ ᠤᠨ ᠮᠠᠯᠴᠢᠳ ᠳᠡᠭᠦᠨ ᠤ ᠳᠠᠭᠤᠯᠠᠵᠤ ᠪᠠᠢ᠌ᠭ᠎ᠠ ᠳᠠᠭᠤᠤ ᠳᠤ ᠣᠶᠠᠷᠠᠵᠤ᠂ ᠨᠢᠯᠪᠣᠰᠤ ᠣᠨᠠᠭᠠᠨ ᠳᠠᠭᠠᠵᠤ ᠳᠠᠭᠤᠯᠠᠳᠠᠭ ᠪᠠᠢ᠌ᠵᠠᠢ᠁

《ᠥᠭᠡᠷᠳᠤ ᠭᠦᠢᠳᠡᠨ ᠬᠤᠶᠠᠷ》 ᠭᠡᠳᠡᠭ᠌ ᠪᠠᠷᠭᠤ ᠠᠷᠠᠤᠨ ᠤᠨ ᠭᠤᠨᠢᠭ ᠤᠨ ᠳᠠᠭᠤᠤ ᠢᠩᠭᠢᠵᠤ ᠪᠠᠷᠭᠤ ᠨᠤᠳᠤᠭ ᠡᠴᠡ ᠲᠦᠷᠦᠵᠤ ᠳᠡᠯᠭᠡᠷᠡᠭ᠍ᠰᠡᠨ ᠪᠠᠢ᠌ᠨ᠎ᠠ᠃

ᠳᠤᠰ ᠳᠠᠭᠤᠤ ᠨᠢ᠂ ᠣᠯᠠᠨ ᠤ ᠰᠡᠳᠬᠢᠯ ᠢ ᠣᠶᠠᠷᠠᠭᠠᠭᠰᠠᠨ ᠰᠠᠢ᠌ᠬᠠᠨ ᠳᠠᠭᠤᠤ ᠪᠣᠯᠬᠤᠷ ᠪᠠᠷᠭᠤ ᠣᠯᠠᠨ ᠤ ᠳᠤᠮᠳᠠ ᠮᠠᠰᠢ ᠳᠦᠷᠭᠡᠨ ᠳᠠᠷᠬᠠᠨ ᠳᠡᠯᠭᠡᠷᠵᠡᠢ᠃ ᠳᠤᠬᠠᠢ ᠶᠢᠨ ᠦᠶ᠎ᠡ ᠳᠤ᠂ ᠭᠦᠯᠤ ᠰᠢᠷ᠎ᠠ ᠬᠤᠰᠢᠭᠤᠨ ᠤ ᠦᠵᠢ ᠰᠤᠮᠤ ᠶᠢᠨ ᠶᠡᠭᠡ ᠵᠤᠨ ᠣᠪᠣᠭ ᠤᠨ ᠦᠶ᠎ᠡ ᠣᠯᠠᠷᠢᠬᠤ ᠰᠤᠮᠤ ᠵᠠᠩᠭᠢ ᠭᠡᠳᠡᠡᠵᠡ ᠶᠢᠨ ᠯᠤᠳᠤ ᠶᠢᠨ ᠠᠷᠠᠤᠨ ᠤᠨ ᠳᠠᠭᠤᠤ ᠶᠢ ᠰᠠᠢ᠌ᠨ ᠳᠠᠭᠤᠯᠠᠳᠠᠭ ᠠᠳᠢᠶᠠᠪᠠᠽᠠᠷ ᠭᠡᠳᠡᠭ᠌ ᠨᠠᠷ᠎ᠠ ᠲᠡᠶ ᠳᠠᠭᠤᠴᠢᠨ᠂ ᠳᠤᠰ ᠳᠠᠭᠤᠤ ᠶᠢ ᠳᠠᠭᠤᠯᠠᠵᠤ ᠰᠢᠩᠭᠡᠭᠡᠯᠳᠡ ᠳᠤ ᠳᠠᠷᠬᠠᠯᠭᠰᠠᠨ ᠪᠠᠢ᠌ᠨ᠎ᠠ᠃ ᠬᠠᠭᠤᠷᠮᠠᠭ ᠮᠠᠠᠵᠤ ᠶᠢᠨ ᠵᠡᠭᠦᠨ ᠳᠠᠮᠤᠷ ᠵᠠᠮ ᠤᠨ ᠪᠠᠷᠢᠮᠳᠠᠳᠤ ᠺᠢᠨᠤ᠋ ᠰᠡᠭᠦᠳᠡᠷᠯᠡᠭ᠍ᠴᠢᠳ (ᠶᠠᠫᠣᠨ)᠂ ᠪᠠᠷᠭᠤ ᠶᠢᠨ ᠵᠠᠩ ᠣᠢ᠌ᠯᠠ ᠶᠢᠨ ᠳᠤᠬᠠᠢ ᠺᠢᠨᠤ᠋ ᠰᠡᠭᠦᠳᠡᠷᠡᠯᠵᠤ ᠶᠠᠪᠣᠬᠤ ᠳᠠᠭᠠᠨ᠂ ᠠᠳᠢᠶᠠᠪᠠᠽᠠᠷ ᠤᠨ ᠰᠠᠢ᠌ᠬᠠᠨ ᠳᠠᠭᠤᠯᠠᠳᠠᠭ ᠢ ᠰᠤᠨᠤᠰᠤᠭᠠᠳ ᠮᠠᠰᠢ ᠪᠢᠰᠢᠷᠠᠵᠤ᠂ ᠠᠳᠢᠶᠠᠪᠠᠽᠠᠷ ᠤᠨ ᠳᠠᠭᠤᠯᠭᠰᠠᠨ 《ᠥᠭᠡᠷᠳᠤ ᠭᠦᠢᠳᠡᠨ ᠬᠤᠶᠠᠷ》᠂ 《ᠡᠷᠳᠡᠨᠢ ᠠᠭᠤᠯᠠ ᠶᠢᠨ ᠪᠠᠷ᠎ᠠ》᠂ 《ᠱᠠᠩᠳᠠ ᠶᠢᠨ ᠭᠤᠤᠯ ᠤᠨ ᠳᠠᠠᠵᠢᠨ ᠳᠡᠭᠡᠷ᠎ᠡ》 ᠁ ᠵᠡᠷᠭᠡ ᠭᠡᠰᠡᠭ᠌ ᠳᠠᠭᠤᠤ ᠤᠳ ᠢ ᠨᠢ ᠪᠣᠯᠤᠳ ᠣᠳᠠᠰᠤᠨ ᠤ ᠰᠢᠩᠭᠡᠭᠡᠭᠦ ᠮᠠᠰᠢᠨ᠎ᠠ ᠳᠤ ᠰᠢᠩᠭᠡᠭᠡᠨ ᠠᠪᠴᠤ᠂ ᠡᠭᠡᠭ᠍ᠰᠢᠭ᠍ᠳᠤ ᠬᠠᠢ᠌ᠷᠴᠠᠭ ᠤᠨ ᠹᠢᠯᠢᠮ ᠪᠣᠯᠭᠠᠨ ᠥᠢᠯᠡᠳᠦᠭᠡᠤᠨ ᠳᠠᠷᠬᠠᠭᠠᠵᠤ ᠪᠠᠢ᠌ᠭᠰᠠᠨ ᠪᠠᠢ᠌ᠨ᠎ᠠ᠃ ᠭᠡᠪᠠᠴᠤ 《ᠰᠤᠶᠤᠯ ᠤᠨ ᠬᠤᠪᠢᠰᠬᠠᠯ》 ᠳᠤ ᠳᠡᠭᠦᠨ ᠤ ᠭᠡᠷ ᠭᠦᠷᠦᠩᠭᠡ ᠨᠢ ᠬᠤᠷᠢᠶᠠᠭᠳᠠᠵᠤ᠂ ᠮᠠᠰᠢ ᠣᠯᠠᠨ ᠳᠡᠦᠭᠡᠨ ᠪᠢᠴᠢᠭ᠌ ᠰᠤᠳᠤᠷ᠂ ᠡᠭᠡᠭ᠍ᠰᠢᠭ᠍ᠳᠤ ᠬᠠᠢ᠌ᠷᠴᠠᠭ ᠤᠨ ᠹᠢᠯᠢᠮ ᠨᠢ ᠰᠢᠳᠠᠭᠠᠭᠳᠠᠵᠤ᠂ ᠲᠦᠷᠦᠯ ᠰᠠᠳᠤᠨ᠂ ᠣᠪᠣᠭ ᠨᠢᠭᠡᠳᠡᠨ ᠨᠢ ᠪᠦᠭᠦᠨ ᠶᠢᠡᠷ ᠶᠢᠡᠨ ᠭᠢᠯᠢᠰ ᠭᠦᠵᠢᠷ᠂ ᠳᠠᠮᠤ ᠬᠤᠤᠷᠯᠠᠯ ᠠᠮᠠᠰᠠᠵᠤ ᠳᠠᠮᠤᠯᠠᠭᠳᠠᠭᠰᠠᠨ ᠪᠢᠯᠠ᠃

ᠳᠡᠭᠡᠷ᠎ᠡ ᠵᠠᠭᠤᠨ ᠤ ᠳᠠᠪᠢᠭᠠᠤᠨ ᠣᠨ ᠡᠴᠡ ᠡᠨᠡᠭᠦ ᠣᠯᠠᠨ ᠤ ᠰᠡᠳᠬᠢᠯ ᠢ ᠣᠶᠠᠷᠠᠭᠠᠭᠰᠠᠨ ᠪᠠᠷᠭᠤ ᠠᠷᠠᠤᠨ ᠤᠨ ᠳᠠᠭᠤᠤ ᠳᠤ 《ᠰᠢᠯᠢ ᠶᠢᠨ ᠰᠠᠢ᠌ᠨ ᠡᠷᠡᠰ》 ᠭᠦᠢᠳᠡᠨ ᠭᠠᠷ ᠶᠢᠡᠨ ᠰᠤᠩᠭ᠋ᠠᠭᠰᠠᠨ ᠢ ᠡ᠊ᠨᠳᠡ ᠳᠦᠭᠦᠮᠭᠡᠨ ᠳᠤᠷᠠᠳᠤᠰᠤᠭᠠᠢ︕ ᠭᠦᠭ᠍ᠵᠢᠮ ᠤᠨ ᠵᠤᠬᠢᠶᠠᠯᠠᠴᠢ ᠴᠢᠤᠢ᠌ ᠰᠢ ᠰᠢᠶᠠᠨ (瞿希贤(Quxixian 1919- 2008) ᠬᠠᠳᠤᠭᠳᠠᠢ ᠳᠤᠰ ᠳᠠᠭᠤᠤ ᠶᠢ᠄ 《ᠦᠪᠣᠷ ᠮᠤᠩᠭ᠋ᠤᠯ ᠤᠨ ᠵᠡᠭᠦᠨ ᠣᠷᠤᠨ ᠤ ᠵᠤᠤ ᠣᠳᠠ ᠶᠢᠨ ᠠᠷᠠᠤᠨ ᠤᠨ ᠣᠷᠳᠤ ᠶᠢᠨ ᠳᠠᠭᠤᠤ ᠡᠴᠡ ᠥᠭᠡᠷᠡᠴᠢᠯᠡᠯ᠎ᠡ》 ᠭᠡᠤᠨ ᠳᠠᠪᠢᠭᠠᠤᠨ ᠵᠢᠯ ᠦᠮᠴᠢᠯᠠᠵᠤ᠂ ᠶᠡᠭᠡᠳᠡ ᠨᠠᠷ᠎ᠠ ᠮᠠᠠᠳᠤᠵᠤᠬᠤᠢ᠃ ᠭᠢᠳᠠᠤᠨ ᠤᠨ ᠮᠠᠰᠢ ᠣᠯᠠᠨ ᠭᠦᠭ᠍ᠵᠢᠮ ᠤᠨ ᠵᠤᠬᠢᠶᠠᠯ ᠤᠨ ᠰᠤᠳᠤᠯᠭᠠᠳᠠᠨ᠂ ᠭᠦᠭ᠍ᠵᠢᠮ ᠤᠨ ᠵᠤᠬᠢᠶᠠᠯᠴᠢ᠂ ᠭᠦᠭ᠍ᠵᠢᠮᠴᠢᠳ ᠳᠤᠰ ᠳᠠᠭᠤᠤ ᠶᠢᠨ ᠠᠶ᠎ᠠ ᠳᠤ ᠬᠤᠰᠢᠭᠤᠷᠠᠵᠤ᠂ ᠶᠠᠩᠵᠤ ᠪᠦᠷᠢ ᠶᠢᠨ ᠭᠦᠭ᠍ᠵᠢᠮ ᠤᠨ 《ᠵᠤᠬᠢᠶᠠᠯ》 ᠪᠣᠯᠭᠠᠨ ᠥᠭᠡᠷᠴᠢᠯᠡᠵᠤ ᠣᠯᠠᠨ ᠣᠯᠠᠨ ᠱᠠᠩᠨᠠᠯ ᠳᠤᠰᠴᠤ ᠪᠠᠢ᠌ᠪᠠ᠃ ᠡᠨᠡᠭᠦ ᠭᠦᠮᠦᠰ ᠢ ᠣᠶᠠᠷᠠᠭᠠᠮ᠎ᠠ ᠪᠠᠷᠭᠤ ᠠᠷᠠᠤᠨ ᠤᠨ ᠭᠤᠨᠢᠭ ᠤᠨ ᠳᠠᠭᠤᠤ ᠶᠠᠭ ᠯᠠ ᠬᠠᠷᠢ ᠶᠢᠨ ᠭᠠᠵᠠᠷ᠂ ᠭᠡᠴᠡᠭᠦᠤ ᠶᠢᠨ ᠭᠠᠷ ᠲᠤ ᠪᠠᠷᠢᠭᠳᠠᠨ ᠭᠦᠯᠦᠭ᠍ᠳᠡᠭᠦ ᠠᠯᠳᠠᠭᠤᠷᠢ ᠮᠤᠷᠢ ᠰᠢᠭ᠌ ᠠᠷᠠᠰᠤ ᠮᠢᠬ᠎ᠠ ᠪᠠᠨ ᠳᠠᠰᠤᠳᠠᠭᠤᠯᠵᠤ᠂ ᠥᠩᠭᠡ ᠵᠢᠰᠤ᠂ ᠢᠮ ᠳᠠᠮᠠᠭ᠎ᠠ ᠪᠠᠨ ᠬᠤᠪᠢᠷᠠᠭᠤᠯᠬᠤ᠂ ᠭᠦᠡᠳᠤ ᠭᠡᠯᠮᠡᠭ᠍ᠳᠡᠯ ᠳᠤ ᠣᠴᠠᠷᠠᠵᠤ ᠳᠠᠮᠳᠤᠭ ᠪᠣᠯᠤᠭᠰᠠᠨ ᠪᠠᠢ᠌ᠵᠤ ᠪᠢᠯᠠ᠃ 《ᠥᠭᠡᠷᠳᠤ ᠭᠦᠢᠳᠡᠨ ᠬᠤᠶᠠᠷ》 ᠭᠡᠳᠡᠭ᠌ ᠨᠠᠷ᠎ᠠ ᠶᠢ ᠨᠢ ᠭᠢᠳᠠᠤᠨ ᠤᠨ 《ᠮᠤ ᠊ᠭ᠍ᠧ 牧歌》 (《牧歌》 ᠭᠡᠳᠡᠭ᠌ ᠨᠢ ᠭᠢᠳᠠᠤᠨ ᠤᠨ ᠳᠠᠭᠤᠨ ᠤ ᠨᠢᠭᠡᠨ ᠲᠦᠷᠦᠯ) ᠭᠡᠵᠤ ᠰᠤᠯᠢᠨ ᠥᠭᠡ ᠶᠢ ᠨᠢ 《ᠭᠦᠭᠡ ᠳᠡᠭ᠍ᠷᠢ ᠳᠤ᠂ ᠭᠦᠪᠦᠩ ᠡᠭᠦᠯᠡ ᠭᠦᠪᠦᠨ᠎ᠡ᠃ ᠭᠦᠪᠦᠩ ᠡᠭᠦᠯᠡᠨ ᠳᠤᠤᠷ᠎ᠠ ᠲᠤᠩ ᠴᠠᠭᠠᠨ ᠬᠤᠨᠢᠨ ᠰᠥᠷᠦᠭ᠌ ᠪᠠᠯᠴᠢᠨ᠎ᠠ᠁》 ᠭᠡᠭᠦ ᠮᠠᠳᠤ ᠪᠠᠷ ᠳᠠᠭᠢᠨ ᠵᠤᠬᠢᠶᠠᠪᠠ᠃ ᠪᠠᠰᠠ ᠡᠯᠳᠡᠪ ᠵᠣᠢ᠌ᠯ ᠤᠨ ᠭᠦᠭ᠍ᠵᠢᠮ ᠤᠨ ᠵᠡᠪᠰᠡᠭ᠌ ᠶᠢᠡᠷ ᠭᠦᠭ᠍ᠵᠢᠮᠳᠡᠭᠦ ᠠᠶᠠᠰ ᠪᠣᠯᠭᠠᠨ ᠶ‍ᠢᠰᠤᠨ ᠲᠦᠷᠦᠯ ᠶᠢᠡᠷ ᠥᠭᠡᠷᠴᠢᠯᠡᠵᠤ ᠪᠠᠢ᠌ᠪᠠ᠁

ᠭᠡᠳᠤ ᠵᠡᠭᠦᠨ ᠤ ᠱᠤᠭᠤᠮ ᠤᠨ ᠰᠠᠮᠠᠭᠤᠷᠠᠯ ᠳᠠᠪᠠᠷᠠᠯ ᠡᠴᠡ ᠪᠣᠯᠵᠤ᠂ ᠪᠠᠷᠭᠤ ᠠᠷᠠᠤᠨ ᠤᠨ ᠡᠨᠡᠭᠦ ᠳᠠᠭᠤᠤ ᠶᠢ 《ᠵᠢᠰᠤ ᠪᠣᠯᠤᠨ ᠢᠮ ᠳᠠᠮᠠᠭ᠎ᠠ》 ᠶᠢ ᠨᠢ ᠬᠤᠪᠢᠷᠠᠭᠤᠯᠬᠤ ᠪᠠᠷ ᠭᠡᠳᠤᠨ ᠠᠷᠪᠠᠯ ᠵᠢᠯ ᠣᠷᠤᠯᠳᠤᠵᠤ ᠳᠠᠷᠴᠢᠯᠭᠠᠵᠠᠢ᠃ 《ᠢᠳᠡᠭ᠍ᠰᠡᠨ ᠡᠷᠡᠤ ᠬᠤᠪᠠᠬᠠᠢ᠌ᠷᠠᠵᠤ᠂ ᠢᠳᠡᠭ᠍ᠳᠡᠭ᠍ᠰᠡᠨ ᠳᠤᠪᠣ ᠨᠤᠭᠤᠭᠠᠷᠠᠨ᠎ᠠ》 ᠭᠡᠳᠡᠭ᠍ᠴᠢᠯᠡᠨ᠂ ᠶᠠᠮᠠᠷᠪᠠ ᠨᠢᠭᠡ ᠭᠦᠴᠤᠨ ᠪᠣᠶᠤ ᠦᠨᠳᠦᠰᠦᠳᠠᠨ᠂ ᠪᠣᠰᠤᠳ ᠦᠨᠳᠦᠰᠦᠳᠠᠨ ᠤ ᠨᠤᠳᠤᠭ ᠰᠤᠶᠤᠯ᠂ ᠳᠠᠭᠤᠤ ᠣᠷᠠᠯᠢᠭ ᠵᠡᠷᠭᠡ ᠶᠠᠭᠤ ᠪᠦᠭᠦᠨ ᠢ ᠨᠢ ᠪᠣᠯᠢᠶᠠᠵᠤ᠂ ᠡᠵᠡᠨ ᠮᠠᠳᠠᠵᠤ ᠳᠤᠷ᠎ᠠ ᠪᠠᠷ ᠳᠠᠯᠭᠢᠭᠳᠠᠨ ᠪᠣᠰᠠᠨᠢᠭᠤᠯᠵᠤ᠂ ᠭᠡᠵᠢᠶᠡᠳᠡ ᠡᠵᠡᠷᠭᠡᠵᠤ ᠴᠢᠳᠠᠳᠠᠭ ᠦᠭᠡᠶ ᠶᠤᠮ ᠭᠡᠳᠡᠭ᠌ ᠢ ᠳᠡᠦᠭᠡ ᠭᠡᠷᠡᠴᠢᠯᠡᠳᠡᠭ᠌ ᠰᠠᠨ᠃ 2007 ᠣᠨ ᠳᠤ ᠳᠡᠯᠡᠭᠡᠢ ᠶᠢᠨ ᠭᠦᠭ᠍ᠵᠢᠮ ᠤᠨ ᠲᠦᠪ ᠸᠢᠶ‍ᠧᠨᠠ ᠬᠤᠳᠠᠨ ᠳᠤ ᠪᠣᠯᠤᠭᠰᠠᠨ ᠴᠠᠭᠠᠨ ᠰᠠᠷ᠎ᠠ ᠶᠢᠨ ᠳᠠᠭᠤᠤ ᠭᠦᠭ᠍ᠵᠢᠮ ᠤᠨ ᠥᠳᠡᠰᠢᠯᠭᠡ ᠳᠡᠭᠡᠷ᠎ᠡ ᠵᠠᠯᠠᠭᠤ ᠳᠠᠭᠤᠴᠢᠨ ᠴᠡᠴᠡᠭ᠍‍ᠮ᠎ᠡ 《ᠥᠭᠡᠷᠳᠤ ᠭᠦᠢᠳᠡᠨ ᠬᠤᠶᠠᠷ》 ᠭᠡᠳᠡᠭ᠌ ᠳᠠᠭᠤᠤ ᠶᠢ (ᠭᠡᠰᠡᠭ᠌ ᠪᠢᠯᠢᠭ᠍ᠳᠤ ᠭᠦᠮᠦᠰ ᠤᠨ ᠮᠡᠷᠭᠡᠨ ᠣᠬᠠᠭᠠᠨ ᠶᠢᠡᠷ ᠨᠠᠷ᠎ᠠ ᠶᠢ ᠨᠢ 《ᠮᠤ ᠊ᠭ᠍ᠧ 牧歌》 ᠭᠡᠤᠨ᠂ ᠳᠠᠭᠤᠯᠠᠬᠤ ᠳᠠᠭᠠᠨ 《ᠥᠭᠡᠷᠳᠤ ᠭᠦᠢᠳᠡᠨ ᠬᠤᠶᠠᠷ》 ᠊ᠤᠨ ᠰᠢᠯᠦᠭ᠌ ᠶᠢᠡᠷ ᠳᠠᠭᠤᠯᠠᠭᠰᠠᠨ ᠪᠠᠢ᠌ᠵᠤ ᠮᠠᠭᠠᠤᠨ) ᠸᠢᠶ‍ᠧᠨᠠ ᠶᠢᠨ ᠠᠯᠳᠠᠨ ᠭᠦᠭ᠍ᠵᠢᠮ ᠤᠨ ᠳᠢᠶᠠᠲ᠋ᠷ ᠢ ᠲ᠋ᠤᠷᠭᠢᠳᠠᠯ᠎ᠠ ᠳᠠᠭᠤᠯᠠᠵᠤ᠂ ᠳᠡᠯᠡᠭᠡᠢ ᠶᠢᠨ ᠳᠠᠭᠤᠤ ᠣᠷᠠᠯᠢᠭ ᠶᠢᠨ ᠭᠢᠨ ᠤ ᠬᠠᠯᠭᠤᠨ ᠭᠦᠷᠢᠶᠡᠯᠡᠯ ᠢ ᠣᠯᠪᠠ᠃ ᠪᠣᠰᠤᠳ ᠤᠨ ᠭᠠᠷ ᠲᠤ ᠳᠠᠪᠢ ᠭᠠᠷᠤᠢ ᠵᠢᠯ ᠭᠢᠯᠢᠰ ᠭᠦᠵᠢᠷ ᠠᠮᠰᠠᠭᠰᠠᠨ ᠪᠠᠷᠭᠤ ᠠᠷᠠᠤᠨ ᠤᠨ ᠰᠤᠳᠤᠨ ᠳᠠᠭᠤᠤ ᠊᠊᠊᠊᠊᠊᠊᠊᠊᠊᠊᠊᠊᠊᠊ 《ᠥᠭᠡᠷᠳᠤ ᠭᠦᠢᠳᠡᠨ ᠬᠤᠶᠠᠷ》 ᠤᠨ 《ᠡᠳ᠋ ᠨᠢ ᠡᠵᠡᠨ ᠳᠡᠭᠡᠨ ᠪᠣᠴᠠᠬᠤ》 ᠭᠡᠭᠡᠨ ᠰᠤᠪᠢᠩ ᠢ ᠳᠠᠳᠠᠭᠰᠠᠨ ᠪᠢᠯᠠ᠃

ᠥᠭᠡᠷᠳᠤ ᠭᠦᠢᠳᠡᠨ ᠬᠤᠶᠠᠷ

ᠥᠭᠡ : ᠡᠷᠳᠡᠨᠢ‍ᠴᠤᠭᠲᠤ

ᠠᠶ᠎ᠠ : ᠡᠷᠳᠡᠨᠢ‍ᠴᠤᠭᠲᠤ

ᠳᠠᠭᠤᠴᠢᠨ: ᠴᠡᠴᠡᠭ᠍‍ᠮ᠎ᠡ


ᠥᠷᠭᠦᠯᠵᠢ ᠶᠢᠨ ᠣᠢ᠌ᠷᠠᠬᠠᠨ ᠬᠠᠷᠠᠭᠳᠠᠭᠴᠢ

ᠥᠭᠡᠷᠳᠤ ᠭᠦᠢᠳᠡᠨ ᠬᠤᠶᠠᠷ ᠤᠤ

ᠦᠶ᠎ᠡ ᠶᠢᠨ ᠵᠢᠭᠠᠬᠠᠨ ᠳᠤ᠋ ᠯᠢ (ᠲ᠋ᠤᠯᠭᠠᠷ) ᠪᠠᠨ

ᠣᠢ᠌ᠯᠠᠷ ᠲᠤ ᠳᠠᠭᠠᠷᠠᠬᠤ ᠶᠢ ᠨᠢ ᠭᠦᠦᠷᠡᠭᠡ ᠥᠭᠡᠢ

ᠠᠷᠤ ᠶᠢᠨ ᠪᠠᠭᠤᠴᠠ ᠳᠤ ᠪᠠᠭᠤᠭᠰᠠᠭᠠᠷ

ᠠᠳᠤᠭᠤ ᠳᠤᠭᠳᠠᠬᠤ ᠪᠠᠨ ᠪᠠᠢ᠌ᠯ᠎ᠠ ᠳ᠋ᠤᠤ

ᠠᠶᠠᠭᠠᠨ ᠳᠤ ᠭᠢᠭ᠍ᠰᠡᠨ ᠬᠤᠭᠤᠯᠠ ᠨᠢ

ᠠᠮᠠᠨ ᠳᠤ ᠣᠷᠤᠬᠤ ᠪᠠᠨ ᠪᠣᠯᠢᠯ᠎ᠠ ᠳ᠋ᠤᠤ

ᠬᠤᠭᠤᠯᠠᠢ ᠶᠢᠨ ᠪᠠᠭᠤᠴᠠ ᠳᠤ ᠪᠠᠭᠤᠭᠰᠠᠭᠠᠷ

ᠬᠤᠨᠢ ᠯᠠ ᠳᠤᠭᠳᠠᠬᠤ ᠪᠠᠨ ᠪᠠᠢ᠌ᠯ᠎ᠠ ᠳ᠋ᠤᠤ

ᠬᠤᠭᠤᠯᠠ ᠣᠮᠳᠠ ᠬᠤᠶᠠᠷ ᠨᠢ

ᠬᠤᠭᠤᠯᠠᠢ ᠳᠤ ᠣᠷᠤᠬᠤ ᠪᠠᠨ ᠪᠣᠯᠢᠯ᠎ᠠ ᠳ᠋ᠤᠤ

ᠠᠯᠳᠠᠨ ᠲᠡᠶ ᠮᠠᠩᠨᠤᠭ ᠣᠭᠤᠵᠢ ᠵᠢ

ᠠᠷᠤ ᠯᠠ ᠪᠠᠶᠠᠨ ᠳᠡᠭᠡᠨ ᠰᠢᠩᠭᠡᠭᠡᠰᠡᠢ

ᠠᠯᠠᠭ ᠨᠢᠳᠤᠨ ᠳᠤᠤ ᠯᠢ (ᠲ᠋ᠤᠯᠭᠠᠷ) ᠵᠢ

ᠠᠶᠤᠯ ᠳᠠᠭᠠᠷᠢᠬᠤ ᠶᠢ ᠭᠦᠦᠷᠡᠭ᠍ᠰᠡᠨ ᠥᠭᠡᠢ

ᠭᠠᠪᠠᠳᠤ ᠯᠠ ᠨᠠᠭᠤᠷ ᠤᠨ ᠵᠠᠬ᠎ᠠ ᠳ᠋ᠤ

ᠭᠠᠭᠴᠠ ᠯᠠ ᠳᠤᠯᠤᠭᠠᠢ ᠶᠢᠨ ᠡᠩᠭᠡᠷ ᠳᠤ

ᠬᠠᠷᠠᠬᠠᠨ ᠨᠢᠳᠤᠨ ᠳᠤᠤ ᠯᠢ (ᠲ᠋ᠤᠯᠭᠤᠷ) ᠵᠢ

ᠭᠠᠯ ᠤᠨ ᠠᠶᠤᠯ ᠳᠠᠭᠠᠷᠢᠯ᠎ᠠ ᠳ᠋ᠤᠤ


* ᠳᠤᠤ ᠯᠢ ᠭᠡᠳᠡᠭ᠌ ᠨᠢ ᠭᠠᠯ ᠳᠤ ᠨᠠᠰᠤ ᠪᠠᠷᠠᠭᠰᠠᠨ ᠳᠤᠯᠭᠠᠷ ᠤᠨ ᠶᠢᠡᠨ ᠨᠠᠷ᠎ᠠ ᠶᠢ ᠭᠡᠯᠡᠭᠦ ᠡᠴᠡ ᠪᠠᠨ ᠭᠦᠡᠳᠦᠳᠭᠡᠨ ᠴᠡᠭᠡᠷᠡᠯᠵᠤ ᠪᠠᠢ᠌ᠭ᠎ᠠ ᠰᠠᠨᠠᠭ᠎ᠠ ᠪᠣᠯᠤᠨ᠎ᠠ᠃

* ᠵᠠᠷᠢᠮ ᠳᠠᠭᠤᠴᠢᠨ ᠳᠠᠭᠤᠯᠠᠬᠤ ᠳᠠᠭᠠᠨ ᠳᠤᠰ ᠳᠠᠭᠤᠤ ᠶᠢᠨ ᠥᠭᠡ ᠶᠢ ᠵᠢᠭᠠᠬᠠᠨ ᠣᠠᠳᠤᠤ ᠳᠠᠭᠤᠯᠠᠳᠠᠭ ᠪᠠᠢ᠌ᠨ᠎ᠠ᠃ (ᠡ᠊ᠨᠳᠡ ᠰᠡᠢ᠌ᠷᠡᠭᠦᠯᠦᠭ᠍ᠰᠡᠨ ᠨᠢ ᠨᠠᠯᠢᠶᠠᠤᠨ ᠡᠷᠳᠡᠨ ᠤ ᠣᠭ ᠭᠡᠪ ᠶᠤᠮ᠃)


᠊᠊᠊᠊᠊᠊᠊᠊᠊᠊᠊᠊᠊᠊᠊ ᠪᠠᠷᠭᠤ ᠶᠢᠨ ᠶᠡᠭᠡ ᠵᠤᠨ ᠣᠪᠣᠭ ᠤᠨ ᠮᠢ᠊·ᠨᠠᠷᠠᠨ

ᠵᠤᠬᠢᠶᠠᠭᠴᠢ᠄ ᠮᠢ‍·ᠨᠠᠷᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 3939
ᠴᠠᠭ᠄ 2008 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ