ᠭᠠᠢ᠌ᠬᠠᠮᠠᠷ

ᠰᠢᠳᠠᠭᠠᠮ᠎ᠠ ᠬᠠᠯᠠᠭᠤᠨ ᠵᠤᠨ ᠤ ᠭᠠᠩ ᠳᠤ᠂ ᠪᠦᠷᠳᠡᠯᠵᠡᠨ ᠬᠠᠷᠠᠭᠳᠠᠬᠤ ᠱᠤᠪᠬᠤ ᠣᠷᠭᠢᠯ ᠤᠨ ᠮᠥᠩᠭᠡ ᠴᠠᠰᠤᠳᠤ ᠭᠠᠢ᠌ᠬᠠᠮᠠᠷ᠂ ᠰᠤᠶᠤᠯ ᠨᠤᠮ ᠭᠦᠷᠳᠡᠭ᠍ᠰᠡᠨ ᠦᠭᠡᠶ ᠦᠨᠳᠦᠷ ᠰᠦᠮ᠎ᠡ ᠶᠢᠨ ᠮᠠᠮ᠎ᠠ᠂ ᠮᠢᠩᠭ᠋ᠠᠨ ᠡᠴᠡ ᠴᠤᠯᠭᠤᠷᠠᠭᠰᠠᠨ ᠬᠤᠳᠤᠭᠳᠤ ᠡᠷᠳᠡᠮᠳᠡᠨ ᠳᠤ ᠳᠤᠭᠠᠴᠠᠭᠳᠠᠬᠤ ᠭᠠᠢ᠌ᠬᠠᠮᠠᠷ᠂ ᠳᠠᠰ ᠭᠦᠯᠳᠡᠮ᠎ᠡ ᠳᠠᠪᠣ ᠶ‍ᠢᠰᠤᠨ ᠳᠤ ᠳᠠᠩᠬᠠᠯᠵᠠᠵᠤ ᠶᠠᠪᠣᠭᠴᠢᠳ᠂ ᠳᠠᠬᠤ ᠡᠮᠦᠰᠦᠭ᠍ᠰᠡᠨ ᠭᠦᠳᠦᠰᠤᠨ ᠶᠠᠪᠣᠭᠤᠯ ᠢ ᠬᠠᠷᠠᠭᠠᠤᠨ ᠬᠠᠷᠠᠭ᠎ᠠ ᠳᠤᠭᠳᠠᠬᠤ ᠭᠠᠢ᠌ᠬᠠᠮᠠᠷ᠂ ᠥᠵᠦᠭᠦᠷ ᠨᠢ ᠬᠠᠷᠠᠭᠳᠠᠬᠤ ᠦᠭᠡᠶ ᠮᠤᠩᠭ᠋ᠤᠯ ᠢ ᠮᠢᠨᠢ ᠳᠠᠯ᠎ᠠ ᠨᠤᠳᠤᠭ ᠦᠶᠡᠯᠠᠵᠤ ᠬᠠᠢ᠌ᠯᠠᠭᠰᠠᠨ ᠡᠯᠡᠰᠤᠨ ᠳᠠᠯᠠᠢ ᠪᠣᠯᠬᠤ ᠶᠢ ᠬᠠᠷᠠᠭᠰᠠᠨ ᠰᠢᠯᠪᠢᠭᠦᠷᠴᠢᠨ ᠡᠪᠦᠭᠡᠨ ᠤ ᠨᠢᠳᠤ ᠭᠠᠢ᠌ᠬᠠᠮᠠᠷ᠃

ᠡᠷᠭᠡ ᠪᠠᠷᠢᠭᠴᠢᠳ ᠤᠨ ᠡᠮᠦᠨ᠎ᠡ ᠡᠪᠦᠳᠡᠭ᠌ ᠰᠥᠭᠦᠷᠡᠨ᠂ ᠡᠭᠡᠭᠡ ᠯᠠ ᠨᠤᠬᠠᠢ ᠰᠢᠤᠬᠠᠨ ᠪᠢᠯᠳᠠᠤᠴᠢᠯᠠᠬᠤ ᠳᠡᠳᠡᠭᠡᠷ ᠰᠦᠰᠦᠳᠠᠨ ᠰᠥᠵᠢᠭ᠍ᠳᠡᠨ ᠤᠳ ᠭᠠᠢ᠌ᠬᠠᠮᠠᠷ ᠶᠠᠭᠤᠮ᠎ᠠ ᠠᠯᠠᠭ᠎ᠠ᠂ ᠡᠯᠳᠡᠪ ᠢ ᠰᠠᠮᠠᠭᠤᠷᠠᠭᠤᠯᠵᠤ ᠡᠵᠡᠷᠭᠡᠭ᠌ ᠢ ᠳᠡᠮᠵᠢᠭ᠍ᠰᠡᠨ ᠡᠨᠡ ᠡᠷᠡᠨ ᠤ ᠬᠤᠪᠢᠯᠭᠠᠨ ᠵᠠᠷᠤᠴᠠ ᠵᠤᠭᠤᠰ ᠮᠥᠩᠭᠦ ᠳᠤ ᠴᠤ ᠭᠠᠢ᠌ᠬᠠᠮᠠᠷ ᠶᠠᠭᠤᠮ᠎ᠠ ᠠᠯᠠᠭ᠎ᠠ᠂ ᠡᠷ᠎ᠡ ᠡᠮ᠎ᠡ ᠶᠢᠨ ᠶᠠᠪᠣᠳᠠᠯ ᠡᠷᠦᠢ ᠬᠤᠷᠤᠢ ᠦᠭᠡᠶ ᠪᠣᠯᠵᠤ᠂ ᠦᠪᠡᠷ ᠤᠨ ᠬᠡᠦᠬᠡᠳ ᠮᠦᠨ ᠡᠰᠡᠭᠦ ᠶᠢ ᠳᠤᠳᠤᠯᠠᠨ ᠡᠰᠡ ᠴᠢᠳᠠᠭᠴᠢ ᠡᠷᠡᠮᠡᠭ᠌ ᠰᠡᠳᠭᠢᠯᠳᠠᠨ ᠭᠠᠢ᠌ᠬᠠᠮᠠᠷ ᠶᠠᠭᠤᠮ᠎ᠠ ᠠᠯᠠᠭ᠎ᠠ᠂ ᠡᠨᠡ ᠨᠡᠢ᠌ᠭᠡᠮ ᠳᠤ ᠡᠷᠳᠡᠨ ᠤ ᠡᠪᠦᠭᠡᠳ ᠤᠨ ᠥᠯᠡᠳᠡᠭᠡᠭ᠍ᠰᠡᠨ ᠶᠤᠰᠤ ᠭᠤᠷᠢᠮ ᠵᠢᠮ᠎ᠠ ᠭᠡᠯᠭᠢᠶ᠎ᠡ ᠣᠷᠪᠠᠨ ᠳᠠᠷᠰᠯᠠᠵᠤ ᠣᠩᠭ᠋ᠤᠳᠴᠢᠨ ᠳᠤᠩᠭ᠋ᠤᠷᠠᠬᠤ ᠭᠠᠢ᠌ᠬᠠᠮᠠᠷ ᠶᠠᠭᠤᠮ᠎ᠠ ᠠᠯᠠᠭ᠎ᠠ᠃

ᠬᠠᠷᠢᠨ᠂ ᠭᠦᠰᠡᠷ ᠤᠢ᠌ᠴᠢᠭᠰᠠᠨ ᠡᠪᠦᠭᠡᠨ ᠢ ᠡᠷᠭᠦᠨ ᠪᠣᠰᠬᠠᠭᠠᠤᠨ᠂ ᠡᠴᠦᠰ ᠳᠤᠨᠢ ᠲᠦᠯᠭᠢᠨ ᠣᠨᠠᠭᠠᠭᠰᠠᠨ ᠭᠦᠮᠤᠨ ᠪᠣᠯᠵᠤ᠂ ᠵᠠᠷᠭᠤ ᠳᠤ ᠣᠷᠤᠵᠤ ᠵᠤᠭᠤᠰ ᠨᠥᠭᠦᠪᠦᠷᠢᠯᠡᠭᠦ ᠭᠠᠢ᠌ᠬᠠᠮᠠᠷ᠂ ᠳᠡᠷᠭᠡ ᠭᠡᠯᠢᠵᠤ ᠭᠦᠮᠤᠨ ᠳᠠᠭᠠᠷᠢᠭᠰᠠᠨ ᠭᠦᠭ᠍ᠰᠢᠨ᠂ ᠭᠦᠯᠦᠴᠦᠷᠡᠳᠡᠯ᠎ᠡ ᠬᠠᠷᠢᠶᠠᠵᠤ ᠭᠦᠰᠢᠳᠡᠯ᠎ᠡ ᠢᠰᠭᠦᠯᠦᠭᠡᠳ ᠬᠠᠵᠠᠭᠤ ᠳᠤ ᠨᠢ ᠪᠠᠰᠠ ᠴᠠᠭᠳᠠᠭ᠎ᠠ ᠳᠠᠭᠤᠳᠠᠨ ᠬᠠᠮᠤᠭ ᠪᠣᠷᠤᠭᠤ ᠶᠢ ᠨᠥᠮᠦᠷᠢᠭᠦᠯᠤᠨ ᠶᠠᠷᠢᠬᠤ ᠳᠠᠷᠠ ᠣᠷᠤᠭᠤᠯ ᠭᠠᠢ᠌ᠬᠠᠮᠠᠷ᠂ ᠦᠨᠡᠨ ᠢ ᠨᠢ ᠭᠡᠯᠡᠵᠤ ᠮᠠᠭᠤ ᠶᠢ ᠨᠢ ᠮᠠᠯᠳᠠᠭᠰᠠᠨ ᠤ ᠬᠠᠷᠢᠭᠤ ᠳᠤ᠂ ᠡᠷᠡᠭᠦᠤ ᠶᠢᠨ ᠰᠠᠠᠳᠠᠯᠢ ᠳᠤ ᠰᠠᠭᠤᠯᠭᠠᠨ᠂ ᠡᠷᠭᠢᠭᠡᠳ ᠳᠡᠭ᠍ᠷᠢ ᠳᠤᠯᠤᠮᠠᠷ ᠶᠠᠯ᠎ᠠ ᠳᠤᠯᠭᠠᠨ ᠥᠭᠡ ᠳᠠᠭᠤ ᠦᠭᠡᠶ ᠭᠢᠠᠳᠠᠨ ᠳᠤ ᠬᠤᠷᠢᠬᠤ ᠡᠷᠭᠡ ᠶᠡᠭᠡ ᠵᠠᠰᠠᠭ ᠤᠨ ᠡᠷᠭᠢᠮᠰᠦᠭ᠌ ᠭᠠᠢ᠌ᠬᠠᠮᠠᠷ᠃

ᠠᠭᠳᠠ ᠭᠦᠯᠦᠭ᠌ ᠡᠴᠡ ᠪᠠᠨ ᠰᠠᠯᠤᠭᠰᠠᠨ ᠤ ᠳᠠᠷᠠᠭ᠎ᠠ ᠰᠦᠯᠳᠡ ᠨᠢ ᠪᠠᠭᠤᠷᠠᠭᠰᠠᠨ ᠠᠳᠤᠭᠤᠴᠢᠨ ᠮᠠᠨᠢ ᠠᠷᠢᠭᠢ ᠡᠴᠡ ᠰᠠᠯᠬᠤ ᠭᠠᠢ᠌ᠬᠠᠮᠠᠷ ᠶᠠᠭᠤᠮ᠎ᠠ ᠠᠯᠠᠭ᠎ᠠ᠂ ᠠᠪᠣ ᠶᠢᠨ ᠣᠷᠤᠨ ᠳᠤ ᠨᠤᠳᠤᠭ ᠰᠠᠭᠢᠵᠤ᠂ ᠣᠪᠣᠭ᠎ᠠ ᠳᠠᠭᠢᠨ ᠬᠣᠢ᠌ᠮᠤᠷ ᠵᠠᠯᠭᠠᠭᠰᠠᠨ ᠴᠤ ᠠᠮᠢᠳᠤᠷᠠᠯ ᠤᠨ ᠲᠦᠪᠰᠢᠨ ᠥᠭᠡᠳᠡᠯᠡᠭ᠍ᠰᠡᠨ ᠦᠭᠡᠶ ᠣᠷᠤᠭᠤᠳᠠᠨ ᠳᠤᠷᠣᠢ᠌ᠳᠠᠬᠤ ᠭᠠᠢ᠌ᠬᠠᠮᠠᠷ ᠶᠠᠭᠤᠮ᠎ᠠ ᠠᠯᠠᠭ᠎ᠠ᠂ ᠠᠷᠤ ᠶᠢᠨ ᠭᠤᠤᠯ ᠬᠠᠳᠠᠵᠤ ᠰᠢᠷᠭᠢᠨ ᠠᠩᠭᠢᠷ ᠰᠢᠪᠠᠭᠤᠨ ᠬᠤᠯᠠ ᠨᠢᠰᠤᠨ ᠰᠠᠢ᠌ᠷ ᠤᠨ ᠴᠢᠯᠠᠭᠤ ᠰᠢᠷᠤᠢ ᠳᠤ ᠰᠢᠩᠭᠡᠨ᠂ ᠭᠢᠶᠠᠭ ᠭᠢᠯᠠᠭᠠᠨ᠎ᠠ ᠬᠠᠳᠠᠵᠤ ᠰᠢᠷᠠᠯᠠᠬᠤ ᠭᠠᠢ᠌ᠬᠠᠮᠠᠷ ᠶᠠᠭᠤᠮ᠎ᠠ ᠠᠯᠠᠭ᠎ᠠ᠂ ᠠᠳᠠᠭ ᠤᠨ ᠮᠠᠭᠤ ᠪᠠᠷ ᠠᠳᠤᠭᠤᠰᠠᠴᠢᠯᠠᠵᠤ᠂ ᠠᠷᠭ᠎ᠠ ᠦᠭᠡᠶ ᠣᠯᠠᠭᠠᠨ ᠨᠢᠴᠦᠭᠦᠨ ᠠᠭᠠᠰᠢᠯᠠᠭᠰᠠᠨ ᠴᠤ ᠡᠨᠡ ᠦᠶ᠎ᠡ ᠶᠢᠨ ᠭᠦᠮᠤᠨ ᠠᠷᠠᠤᠨ ᠤᠨ ᠰᠡᠳᠭᠢᠯ ᠳᠤ ᠭᠠᠢ᠌ᠬᠠᠮᠠᠷ ᠶᠠᠭᠤᠮ᠎ᠠ ᠠᠯᠠᠭ᠎ᠠ᠃


ᠵᠤᠬᠢᠶᠠᠭᠴᠢ ᠶᠢᠨ ᠬᠠ‍‌ᠶᠢᠭ ᠄ ᠺᠦᠷᠡᠯ᠎ᠡ ᠬᠤᠳᠠ

ᠵᠤᠬᠢᠶᠠᠭᠴᠢ᠄ ᠳ·ᠭᠦᠭᠡᠮᠦ᠋ᠷᠡᠨ
ᠬᠠᠷᠢᠶ᠎ᠠ᠄ ᠨᠠᠢᠷᠠᠭᠤᠯᠤᠯ
ᠳᠠᠷᠤᠮ᠄ 3499
ᠴᠠᠭ᠄ 2011 ᠤᠨ ᠤ 07 ᠰᠠᠷ᠎ᠠ ᠶᠢᠨ 01