ᠳᠦᠷᠦᠭᠡᠨ ᠳᠡᠭᠡᠷ᠎ᠡ ᠪᠠᠨ ᠰᠠᠭᠠᠯᠢ ᠶᠢᠨ ᠠᠷᠢᠭᠢ ᠡᠴᠡ ᠮᠢᠨᠢ ᠠᠮᠰᠠᠭᠠᠷᠠᠢ

ᠦᠵᠡᠮᠵᠢ ᠪᠦᠷᠢᠳᠦᠭ᠍ᠰᠡᠨ ᠳᠠᠯ᠎ᠠ ᠨᠤᠳᠤᠭ ᠮᠢᠨᠤ ᠥᠯᠦᠭᠡᠢ      

ᠥᠩᠭᠡ ᠶᠢᠨ ᠴᠡᠴᠡᠭ᠌ ᠮᠢᠷᠠᠯᠵᠠᠵᠤ ᠡᠷᠪᠠᠭᠡᠢ ᠡᠷᠭᠡᠯᠡᠨ ᠪᠦᠵᠢᠨ᠎ᠡ        

ᠥᠭᠡᠷ ᠬᠤᠨᠢᠳ ᠠᠯᠠᠭᠯᠠᠨ ᠪᠠᠯᠴᠢᠵᠤ ᠵᠢᠷᠤᠭ ᠰᠢᠭ ᠭᠤᠶᠤᠬᠠᠨ      

ᠥᠶ‍ᠦᠭ᠌ ᠴᠢᠨᠡᠭᠡᠯᠢᠭ᠌ ᠠᠮᠢᠳᠤᠷᠠᠯ ᠪᠠᠯ ᠪᠣᠷᠠᠮ ᠮᠠᠳᠤ ᠠᠮᠳᠠᠷᠬᠠᠭ      

        ᠳᠦᠷᠦᠭᠡᠨ ᠳᠡᠭᠡᠷ᠎ᠡ ᠪᠠᠨ ᠰᠠᠭᠠᠯᠢ ᠶᠢᠨ ᠠᠷᠢᠭᠢ ᠡᠴᠡ ᠮᠢᠨᠢ ᠠᠮᠰᠠᠭᠠᠴᠢ ᠳ᠋ᠠ      

        ᠥᠩᠰᠢᠭ᠌ ᠨᠤᠳᠤᠭ ᠲᠦᠰᠢᠶᠠᠳᠤ ᠳᠤ ᠳᠠ ᠮᠢᠨᠢ ᠮᠤᠷᠢᠯᠠᠨ ᠰᠠᠭᠠᠳᠠᠭᠠᠷᠠᠢ ︕       

      

ᠬᠤᠷᠴᠢᠨ ᠵᠤᠴᠢᠨ ᠣᠭᠳᠤᠬᠤ ᠳᠠᠭᠤᠤ ᠣᠶᠠᠩᠭ᠋ᠠᠯᠢᠭ ᠢᠷᠠᠭᠤᠬᠠᠨ      

ᠠᠮᠠᠨ ᠴᠠᠭᠠᠨ ᠬᠠᠳᠠᠭ ᠶᠢᠡᠷ ᠶᠢᠡᠨ ᠭᠦᠡᠳᠦᠳᠤ ᠵᠤᠴᠢᠨ ᠶᠢᠡᠨ ᠣᠭᠳᠤᠶ᠎ᠠ      

ᠠᠠᠳᠠᠢ ᠪᠦᠵᠢᠭ᠌ ᠥᠩᠭᠡ ᠵᠤᠯᠪᠣᠭ᠎ᠠ ᠲᠡᠶ ᠭᠦᠮᠤᠨ ᠢ ᠰᠤᠭᠳᠤᠷᠤᠭᠤᠯᠤᠮ᠎ᠠ      

ᠠᠩᠭᠢᠯᠤᠮ᠎ᠠ ᠦᠨᠦᠷ ᠲᠡᠶ ᠰᠦ᠋ ᠲᠡᠶ ᠴᠠᠢ ᠪᠠᠷ ᠴᠢᠯᠡᠭᠡ ᠶᠢ ᠴᠢᠨᠢ ᠳᠠᠢ᠌ᠯᠤᠶ᠎ᠠ      

        ᠳᠦᠷᠦᠭᠡᠨ ᠳᠡᠭᠡᠷ᠎ᠡ ᠪᠠᠨ ᠰᠠᠭᠠᠯᠢ ᠶᠢᠨ ᠠᠷᠢᠭᠢ ᠡᠴᠡ ᠮᠢᠨᠢ ᠠᠮᠰᠠᠭᠠᠴᠢ ᠳ᠋ᠠ      

        ᠥᠩᠰᠢᠭ᠌ ᠨᠤᠳᠤᠭ ᠲᠦᠰᠢᠶᠠᠳᠤ ᠳᠤ ᠳᠠ ᠮᠢᠨᠢ ᠮᠤᠷᠢᠯᠠᠨ ᠰᠠᠭᠠᠳᠠᠭᠠᠷᠠᠢ ︕       

      

ᠣᠶᠠᠩᠭ᠋ᠠᠯᠢᠭ ᠭᠤᠴᠤ ᠦᠨᠳᠦᠰᠦᠳᠠᠨ ᠤ ᠳᠠᠭᠤᠤ ᠪᠠᠨ ᠬᠠᠩᠭᠢᠨᠠᠭᠤᠯᠤᠨ ᠳᠠᠭᠤᠯᠠᠵᠤ      

ᠠᠯᠤᠰ ᠡᠴᠡ ᠮᠤᠷᠢᠯᠠᠨ ᠢᠷᠡᠭ᠍ᠰᠡᠨ ᠵᠤᠴᠢᠨ ᠶᠢᠡᠨ ᠪᠠᠶᠠᠷᠯᠠᠨ ᠣᠭᠳᠤᠶ᠎ᠠ      

ᠠᠰᠢᠳᠠᠢ ᠰᠠᠢ᠌ᠬᠠᠨ ᠶᠠᠪᠣᠭᠳᠠᠬᠤ ᠵᠢᠯ ᠵᠢᠯ ᠤᠨ ᠬᠤᠷᠳᠤᠨ ᠮᠤᠷᠢᠨ ᠤ ᠣᠷᠤᠯᠳᠤᠭᠠᠨ      

ᠠᠵᠠ ᠭᠡᠢ᠌ᠮᠦᠷᠢ ᠬᠤᠷᠣᠢ᠌ᠯᠠᠵᠤ ᠮᠤᠷᠢᠨ ᠸᠠᠩ ᠤᠨ ᠨᠤᠳᠤᠭ ᠶᠢᠡᠷ ᠳᠠᠷᠬᠠᠯᠠᠭᠳᠠᠭᠰᠠᠨ ᠶᠤᠮ    

        ᠳᠦᠷᠦᠭᠡᠨ ᠳᠡᠭᠡᠷ᠎ᠡ ᠪᠠᠨ ᠰᠠᠭᠠᠯᠢ ᠶᠢᠨ ᠠᠷᠢᠭᠢ ᠡᠴᠡ ᠮᠢᠨᠢ ᠠᠮᠰᠠᠭᠠᠴᠢ ᠳ᠋ᠠ      

        ᠥᠩᠰᠢᠭ᠌ ᠨᠤᠳᠤᠭ ᠲᠦᠰᠢᠶᠠᠳᠤ ᠳᠤ ᠳᠠ ᠮᠢᠨᠢ ᠮᠤᠷᠢᠯᠠᠨ ᠰᠠᠭᠠᠳᠠᠭᠠᠷᠠᠢ ︕       

      

ᠵᠤᠭᠠᠴᠠᠯ ᠤᠨ ᠦᠵᠡᠮᠵᠢ ᠰᠤᠨᠢᠷᠬᠠᠬᠤ ᠰᠡᠳᠭᠢᠯ ᠢ ᠴᠢᠨᠢ ᠰᠤᠷᠢᠠᠵᠢᠨ ᠮᠠᠳᠤ ᠳᠠᠳᠠᠵᠤ      

ᠵᠤᠯᠠᠢ ᠵᠤᠯᠠᠢ ᠪᠠᠨ ᠦᠨᠦᠰᠤᠨ ᠣᠯᠠᠢ᠌ᠭᠰᠠᠨ ᠪᠠᠳᠤᠴᠠᠭᠠᠨ ᠳᠠᠨ ᠢ ᠣᠭᠳᠤᠬᠤ ᠶᠤᠮ ᠡ      

ᠬᠤᠨ ᠡᠭᠡᠨᠡᠭ᠍ᠰᠢᠵᠤ ᠳᠤᠭᠤᠷᠤᠤ ᠨᠤᠳᠤᠭᠰᠢᠭᠰᠠᠨ ᠪᠠᠢ᠌ᠭᠠᠯᠢ ᠶᠢᠨ ᠬᠠᠮᠠᠭᠠᠯᠠᠯᠳᠠ ᠶᠢᠨ ᠣᠷᠤᠨ      

ᠬᠤᠪᠳᠤᠯ ᠵᠢᠷᠦᠭᠡ ᠶᠢ ᠴᠢᠨᠢ ᠢᠭ᠍ᠳᠦᠯᠦᠭᠦᠯᠵᠤ ᠬᠠᠷᠠᠭ᠎ᠠ ᠰᠤᠨᠤᠷ ᠢ ᠴᠢᠨᠢ ᠪᠠᠶᠠᠰᠬᠠᠬᠤ ᠶᠤᠮ ᠡ  

        ᠳᠦᠷᠦᠭᠡᠨ ᠳᠡᠭᠡᠷ᠎ᠡ ᠪᠠᠨ ᠰᠠᠭᠠᠯᠢ ᠶᠢᠨ ᠠᠷᠢᠭᠢ ᠡᠴᠡ ᠮᠢᠨᠢ ᠠᠮᠰᠠᠭᠠᠴᠢ ᠳ᠋ᠠ      

        ᠥᠩᠰᠢᠭ᠌ ᠨᠤᠳᠤᠭ ᠲᠦᠰᠢᠶᠠᠳᠤ ᠳᠤ ᠳᠠ ᠮᠢᠨᠢ ᠮᠤᠷᠢᠯᠠᠨ ᠰᠠᠭᠠᠳᠠᠭᠠᠷᠠᠢ ︕       

      

ᠥᠯᠢᠭᠡᠷ ᠤᠨ ᠨᠤᠳᠤᠭ ᠮᠢᠨᠢ ᠠᠷᠠᠤᠨ ᠤᠨ ᠳᠠᠭᠤᠤ ᠪᠠᠷ ᠴᠠᠯᠭᠢᠯᠠᠨ ᠪᠢᠯᠬᠠᠷᠠᠵᠤ      

ᠰᠤᠨᠤᠷ ᠤᠨ ᠭᠦᠪᠴᠢ ᠶᠢ ᠴᠢᠨᠢ ᠪᠠᠶᠠᠰᠬᠠᠵᠤ ᠰᠡᠳᠭᠢᠯ ᠰᠠᠨᠠᠭ᠎ᠠ ᠶᠢ ᠴᠢᠨᠢ ᠰᠡᠷᠭᠦᠭᠡᠭᠦ ᠶᠤᠮ ᠡ  

ᠦᠨᠳᠦᠰᠦᠳᠠᠨ ᠤ ᠣᠷᠠᠯᠢᠭᠴᠢᠨ ᠶᠢᠡᠨ ᠦᠶ᠎ᠡ ᠲᠦᠮᠡ ᠪᠠᠷ ᠳᠤᠷᠨᠢᠭᠤᠯᠤᠨ ᠭᠦᠮᠦᠵᠢᠭᠦᠯᠵᠤ      

ᠦᠪ ᠭᠦᠷᠦᠩᠭᠡ ᠶᠡᠭᠡ ᠲᠡᠶ ᠰᠤᠶᠤᠯ ᠤᠨ ᠳᠤᠮᠤ ᠬᠤᠰᠢᠭᠤ ᠶᠢ ᠪᠠᠢ᠌ᠭᠤᠯᠵᠤ ᠪᠠᠢ᠌ᠨ᠎ᠠ      

        ᠳᠦᠷᠦᠭᠡᠨ ᠳᠡᠭᠡᠷ᠎ᠡ ᠪᠠᠨ ᠰᠠᠭᠠᠯᠢ ᠶᠢᠨ ᠠᠷᠢᠭᠢ ᠡᠴᠡ ᠮᠢᠨᠢ ᠠᠮᠰᠠᠭᠠᠴᠢ ᠳ᠋ᠠ      

        ᠥᠩᠰᠢᠭ᠌ ᠨᠤᠳᠤᠭ ᠲᠦᠰᠢᠶᠠᠳᠤ ᠳᠤ ᠳᠠ ᠮᠢᠨᠢ ᠮᠤᠷᠢᠯᠠᠨ ᠰᠠᠭᠠᠳᠠᠭᠠᠷᠠᠢ ︕       

      

ᠳᠠᠪᠤᠨ ᠬᠠᠨᠠᠳᠤ ᠮᠤᠩᠭ᠋ᠤᠯ ᠭᠡᠷ ᠲᠤ ᠳᠠᠷᠠᠭ ᠠᠢ᠌ᠷᠠᠭ ᠤᠨ ᠦᠨᠦᠷ ᠰᠠᠩᠭᠢᠨᠠᠵᠤ    

ᠳᠠᠭᠠᠳᠠᠢ ᠨᠠᠷᠭᠢᠨ ᠭᠦᠭᠡᠷᠦᠯᠳᠦᠭᠡᠴᠢ ᠭᠡᠵᠤ ᠬᠠᠩᠭ᠋ᠠᠯᠢ ᠣᠰᠤ ᠴᠥᠭᠦᠷᠦᠮ ᠣᠷᠢᠬᠤ ᠶᠤᠮ ᠡ    

ᠠᠭᠤᠯᠠ ᠣᠰᠤᠨ ᠤ ᠦᠨᠢᠷ ᠪᠠᠶᠠᠯᠢᠭ ᠡᠨᠧᠷᠭᠢ ᠰᠤᠷᠪᠣᠯᠵᠢ ᠶᠢ ᠨᠡᠭᠡᠭᠡᠨ ᠠᠰᠢᠭᠯᠠᠵᠤ    

ᠠᠮᠢ ᠠᠬᠤᠢ ᠶᠢᠨ ᠲᠡᠩᠴᠡᠬᠦᠷᠢ ᠶᠢ ᠬᠠᠮᠠᠭᠠᠯᠠᠨ ᠰᠢᠡᠵᠢᠯᠡᠭᠦ ᠣᠭᠭᠠᠠᠴᠢ ᠪᠠᠷ ᠭᠦᠭ᠍ᠵᠢᠵᠤ ᠪᠠᠢ᠌ᠨ᠎ᠠ  

        ᠳᠦᠷᠦᠭᠡᠨ ᠳᠡᠭᠡᠷ᠎ᠡ ᠪᠠᠨ ᠰᠠᠭᠠᠯᠢ ᠶᠢᠨ ᠠᠷᠢᠭᠢ ᠡᠴᠡ ᠮᠢᠨᠢ ᠠᠮᠰᠠᠭᠠᠴᠢ ᠳ᠋ᠠ    

        ᠥᠩᠰᠢᠭ᠌ ᠨᠤᠳᠤᠭ ᠲᠦᠰᠢᠶᠠᠳᠤ ᠳᠤ ᠳᠠ ᠮᠢᠨᠢ ᠮᠤᠷᠢᠯᠠᠨ ᠰᠠᠭᠠᠳᠠᠭᠠᠷᠠᠢ ︕     


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1452
ᠴᠠᠭ᠄ 2011 ᠤᠨ ᠤ 07 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁