ᠡᠡᠩᠭ᠍ᠯᠢ ᠭᠡᠯᠡᠨ ᠤ ᠴᠠᠭᠠᠨ ᠳᠤᠯᠤᠭᠠᠢ ᠶᠢ ᠵᠢᠭᠠᠬᠤ ᠳᠤᠬᠠᠢ ᠭᠡᠳᠤᠨ ᠳᠤᠭᠯᠠᠭᠠᠮ

     ᠪᠠᠭ᠎ᠠ ᠰᠤᠷᠭᠠᠭᠤᠯᠢ ᠶᠢᠨ ᠱᠠᠳᠤᠨ ᠤ ᠡᠡᠩᠭ᠍ᠯᠢ ᠭᠡᠯᠡᠨ ᠤ ᠵᠢᠭᠠᠨ ᠰᠤᠷᠭᠠᠯᠳᠠ ᠶᠢᠨ ᠵᠤᠷᠢᠯᠭ᠎ᠠ ᠪᠠ ᠡᠭᠦᠷᠭᠡ ᠪᠣᠯ ᠰᠤᠷᠤᠭᠴᠢᠳ ᠤᠨ ᠡᠡᠩᠭ᠍ᠯᠢ ᠭᠡᠯᠡ ᠰᠤᠷᠬᠤ ᠳᠤᠷ᠎ᠠ ᠰᠤᠨᠢᠷᠬᠠᠯ ᠢ ᠭᠦᠭ᠍ᠵᠢᠭᠡᠭᠦ ᠪᠠ ᠭᠦᠮᠦᠵᠢᠭᠦᠯᠵᠤ᠂ ᠳᠠᠳᠠᠨ ᠢ ᠪᠠᠶ᠎ᠠ ᠪᠠᠨ ᠢᠳᠡᠭᠡᠭᠦ ᠰᠡᠳᠬᠢᠯᠭᠡ ᠪᠠ ᠡᠷᠡᠭᠦᠯ ᠰᠠᠢ᠌ᠬᠠᠨ ᠰᠤᠷᠤᠯᠴᠠᠬᠤ ᠳᠠᠳᠬᠠᠯ ᠲᠡᠶ ᠪᠣᠯᠭᠠᠨ᠎ᠠ᠃

ᠡᠢ᠌ᠮᠤ ᠡᠴᠡ ᠰᠤᠷᠤᠭᠴᠢ ᠡᠭᠢᠯᠡᠭᠡᠳ ᠡᠡᠩᠭ᠍ᠯᠢ ᠭᠡᠯᠡ ᠰᠤᠷᠬᠤ ᠦᠶᠡᠰ ᠡᠡᠩᠭ᠍ᠯᠢ ᠭᠡᠯᠡ ᠰᠤᠷᠬᠤ ᠳᠤᠷ᠎ᠠ ᠪᠠᠬ᠎ᠠ ᠲᠡᠶ ᠪᠣᠯᠬᠤ ᠪᠠ ᠡᠡᠩᠭ᠍ᠯᠢ ᠭᠡᠯᠡ ᠶᠢ ᠰᠤᠷᠬᠤ ᠠᠷᠭ᠎ᠠ ᠵᠠᠮ ᠢ ᠣᠯᠬᠤ ᠨᠢ ᠳᠤᠩ ᠴᠢᠬᠤᠯᠠ ᠶᠤᠮ᠃ ᠣᠳᠤᠭᠢ ᠪᠠᠭ᠎ᠠ ᠰᠤᠷᠭᠠᠭᠤᠯᠢ ᠶᠢᠨ ᠱᠠᠳᠤᠨ ᠳᠤ ᠡᠡᠩᠭ᠍ᠯᠢ ᠭᠡᠯᠡᠨ ᠤ 26 ᠴᠠᠭᠠᠨ ᠳᠤᠯᠤᠭᠠᠢ ᠶᠢ ᠰᠤᠷᠬᠤ ᠳᠤᠬᠠᠢ ᠳᠤᠰᠬᠠᠢ ᠭᠢᠴᠢᠶᠠᠯ ᠳᠤᠭᠢᠷᠠᠭᠤᠯᠤᠭᠰᠠᠨ ᠦᠭᠡᠶ᠃ ᠭᠡᠪᠠᠴᠤ ᠪᠠᠭ᠎ᠠ ᠰᠤᠷᠭᠠᠭᠤᠯᠢ ᠶᠢᠨ ᠡᠡᠩᠭ᠍ᠯᠢ ᠭᠡᠯᠡᠨ ᠤ ᠪᠠᠭᠰᠢ ᠨᠡᠷ ᠪᠦᠷ ᠴᠠᠭ ᠶᠢᠡᠨ ᠰᠢᠪᠬᠠᠵᠤ ᠪᠠᠢ᠌ᠭᠠᠤᠨ ᠴᠠᠭᠠᠨ ᠳᠤᠯᠤᠭᠠᠢ ᠶᠢ ᠰᠢᠰᠲ᠋ᠸᠮ ᠲᠡᠶ ᠵᠢᠭᠠᠵᠤ ᠪᠠᠢ᠌ᠳᠠᠭ᠃ ᠣᠴᠢᠷ ᠨᠢ ᠴᠠᠭᠠᠨ ᠳᠤᠯᠤᠭᠠᠢ ᠶᠢ ᠰᠠᠢ᠌ᠨ ᠡᠵᠡᠮᠰᠢᠭᠦ ᠦᠭᠡᠶ ᠪᠣᠯ ᠬᠤᠵᠢᠮ ᠤᠨ ᠰᠤᠷᠤᠯᠴᠠᠯᠭ᠎ᠠ ᠳᠤᠮᠳᠠ ᠰᠤᠷᠤᠭᠴᠢ ᠶᠢᠨ ᠡᠡᠩᠭ᠍ᠯᠢ ᠭᠡᠯᠡ ᠶᠢ ᠣᠩᠰᠢᠬᠤ ᠪᠣᠶᠤ ᠪᠢᠴᠢᠭᠦ ᠶᠢ ᠴᠦᠮ ᠨᠥᠯᠦᠭᠡᠯᠡᠭᠦ ᠶᠤᠮ᠃ ᠳᠤᠤᠷ᠎ᠠ ᠪᠢ ᠦᠪᠡᠷ ᠤᠨ ᠪᠠ ᠦᠷᠦᠭᠡᠯ ᠪᠣᠰᠤᠳ ᠤᠨ ᠭᠢ ᠡᠴᠡ ᠰᠤᠷᠤᠭᠰᠠᠨ ᠴᠠᠭᠠᠨ ᠳᠤᠯᠤᠭᠠᠢ ᠶᠢ ᠣᠯᠠᠮ ᠰᠠᠢ᠌ᠨ ᠰᠤᠷᠴᠤ ᠪᠠᠳᠤᠳᠬᠠᠬᠤ ᠳᠤᠬᠠᠢ ᠰᠤᠷᠤᠭᠴᠢ ᠶᠢᠨ ᠳᠤᠭᠯᠠᠭᠠᠮ ᠡᠴᠡ ᠭᠡᠳᠤ ᠶᠢ ᠳᠠᠳᠠᠨ ᠶᠠᠷᠢᠵᠤ ᠡᠡᠩᠭ᠍ᠯᠢ ᠭᠡᠯᠡᠨ ᠤ ᠪᠠᠭᠰᠢᠨᠠᠷ ᠪᠠ ᠰᠤᠷᠤᠭᠴᠢᠳ ᠤᠨ ᠬᠠᠮᠳᠤᠪᠠᠷ ᠳᠠᠪᠰᠢᠬᠤ ᠳᠤ ᠵᠢᠭᠠᠬᠠᠨ ᠴᠤ ᠭᠡᠰᠡᠨ ᠣᠢ᠌ᠯᠠᠳᠤᠯ ᠥᠵᠡᠭᠦᠯᠭᠦ ᠶᠢ ᠭᠦᠰᠡᠵᠤ ᠪᠠᠢ᠌ᠨ᠎ᠠ᠃

     1᠂ ᠴᠠᠭᠠᠨ ᠳᠤᠯᠤᠭᠠᠢ ᠶᠢ ᠦᠷᠢᠰᠤᠯᠳᠤᠵᠤ ᠣᠩᠰᠢᠬᠤ

     ᠡᠨᠡ ᠪᠣᠯ ᠰᠤᠷᠤᠭᠴᠢ ᠶᠢᠨ ᠴᠠᠭᠠᠨ ᠳᠤᠯᠤᠭᠠᠢ ᠶᠢ ᠨᠢᠳᠤᠯᠠᠵᠤ ᠣᠩᠰᠢᠬᠤ ᠴᠢᠳᠠᠪᠣᠷᠢ ᠶᠢ ᠪᠣᠯᠪᠠᠰᠤᠷᠠᠬᠤ ᠨᠢᠭᠡ ᠵᠣᠢ᠌ᠯ ᠤᠨ ᠳᠤᠭᠯᠠᠭᠠᠮ ᠪᠣᠯᠤᠨ᠎ᠠ᠃

     ᠪᠠᠭᠰᠢ ᠡᠴᠡ ᠰᠤᠷᠤᠭᠴᠢ ᠶᠢ ᠭᠡᠳᠤᠨ ᠪᠠᠭ᠎ᠠ ᠳᠤᠭᠣᠢ᠌ᠯᠠᠩ ᠬᠤᠪᠢᠶᠠᠵᠤ᠂ ᠳᠠᠷᠠᠭ᠎ᠠ ᠳ᠋ᠤᠨᠢ ᠴᠠᠭᠠᠨ ᠳᠤᠯᠤᠭᠠᠢ ᠶᠢᠨ ᠺᠠᠷᠲ᠋ ᠪᠠᠨ ᠳᠡᠭᠡᠷ᠎ᠡ ᠡᠷᠭᠦᠵᠤ᠂ ᠬᠠᠮᠤᠭ ᠳᠦᠷᠦᠭᠦᠨ ᠳᠤ ᠭᠠᠷ ᠡᠷᠭᠦᠭ᠍ᠰᠡᠨ ᠰᠤᠷᠤᠭᠴᠢ ᠪᠠᠷ ᠣᠩᠰᠢᠭᠤᠯᠵᠤ᠂ ᠵᠦᠪ ᠣᠩᠰᠢᠪᠠᠯ ᠳᠤᠭᠣᠢ᠌ᠯᠠᠩ ᠳ᠋ᠤᠨᠢ ᠬᠤᠪᠢ ᠨᠠᠮᠠᠵᠤ᠂ ᠬᠠᠮᠤᠭ ᠰᠡᠭᠦᠯ ᠳᠤ ᠢᠯᠡᠭᠦᠤ ᠬᠤᠪᠢ ᠣᠯᠤᠭᠰᠠᠨ ᠳᠤᠭᠣᠢ᠌ᠯᠠᠩ ᠢ ᠱᠠᠩᠨᠠᠨ᠎ᠠ᠃

     2᠂ ᠭᠡᠨ ᠨᠢ ᠬᠤᠷᠳᠤᠨ ᠪᠣᠢ ︖

     ᠡᠨᠡ ᠪᠣᠯ ᠰᠤᠷᠤᠭᠴᠢ ᠶᠢᠨ ᠰᠤᠨᠤᠰᠬᠤ ᠴᠢᠳᠠᠪᠣᠷᠢ ᠶᠢ ᠪᠣᠯᠪᠠᠰᠤᠷᠠᠬᠤ ᠳᠤᠭᠯᠠᠭᠠᠮ ᠪᠣᠯᠤᠨ᠎ᠠ᠃ ᠪᠠᠭᠰᠢ ᠡᠴᠡ ᠰᠤᠷᠤᠭᠴᠢ ᠶᠢ ᠬᠤᠶᠠᠷ ᠶᠡᠭᠡ ᠳᠤᠭᠣᠢ᠌ᠯᠠᠩ ᠬᠤᠪᠢᠶᠠᠵᠤ᠂ ᠨᠢᠭᠡ ᠳᠤᠭᠣᠢ᠌ᠯᠠᠩ ᠨᠢ ᠴᠠᠭᠠᠨ ᠳᠤᠯᠤᠭᠠᠢ ᠶᠢᠨ ᠶᠡᠭᠡ ᠪᠢᠴᠢᠯᠭᠡ ᠶᠢ ᠠᠳᠬᠤᠵᠤ᠂ ᠨᠢᠭᠡ ᠳᠤᠭᠣᠢ᠌ᠯᠠᠩ ᠨᠢ ᠵᠢᠵᠢᠭ᠌ ᠪᠢᠴᠢᠯᠭᠡ ᠶᠢ ᠠᠳᠬᠤᠵᠤ᠂ ᠪᠠᠭᠰᠢ ᠡᠴᠡ ᠳᠤᠷ᠎ᠠ ᠶᠢᠨ ᠨᠢᠭᠡ ᠴᠠᠭᠠᠨ ᠳᠤᠯᠤᠭᠠᠢ ᠵᠢᠱᠢᠶᠠᠯᠠᠪᠠᠯ P ᠶ᠋ᠢ ᠣᠩᠰᠢᠪᠠᠯ ᠳᠤᠰ ᠴᠠᠭᠠᠨ ᠳᠤᠯᠤᠭᠠᠢ ᠶᠢᠨ ᠶᠡᠭᠡ ᠪᠢᠴᠢᠯᠭᠡ ᠪᠠ ᠵᠢᠵᠢᠭ᠌ ᠪᠢᠴᠢᠯᠭᠡ ᠶᠢ ᠠᠳᠬᠤᠵᠤ ᠪᠠᠢ᠌ᠬᠤ ᠰᠤᠷᠤᠭᠴᠢ ᠪᠣᠰᠴᠤ ᠵᠤᠭᠰᠤᠨ᠎ᠠ᠃ ᠳᠦᠷᠦᠭᠦᠨ ᠳᠤ ᠪᠣᠰᠤᠭᠰᠠᠨ ᠳᠤᠭᠣᠢ᠌ᠯᠠᠩ ᠤᠨ 2 ᠬᠤᠪᠢ ᠣᠯᠵᠤ᠂ ᠰᠡᠭᠦᠯ ᠳ᠋ᠤᠨᠢ ᠪᠣᠰᠤᠭᠰᠠᠨ ᠳᠤᠭᠣᠢ᠌ᠯᠠᠩ 1 ᠬᠤᠪᠢ ᠣᠯᠵᠤ᠂ ᠳᠤᠰ ᠴᠠᠭᠠᠨ ᠳᠤᠯᠤᠭᠠᠢ ᠶᠢ ᠠᠳᠬᠤᠵᠤ ᠪᠠᠢ᠌ᠭᠠᠤᠨ ᠪᠣᠰᠴᠤ ᠵᠤᠭᠰᠤᠭᠰᠠᠨ ᠦᠭᠡᠶ ᠳᠤᠭᠣᠢ᠌ᠯᠠᠩ ᠳᠤ ᠬᠤᠪᠢ ᠣᠯᠭᠤᠬᠤ ᠦᠭᠡᠶ᠃ ᠰᠡᠭᠦᠯ ᠳᠤ ᠬᠠᠮᠤᠭ ᠦᠨᠳᠦᠷ ᠬᠤᠪᠢ ᠣᠯᠤᠭᠰᠠᠨ ᠳᠤᠭᠣᠢ᠌ᠯᠠᠩ ᠢ ᠱᠠᠩᠨᠠᠨ᠎ᠠ᠃

     3᠂ ᠦᠭ‍ᠭᠦᠭ᠍ᠳᠡᠭ᠍ᠰᠡᠨ ᠵᠢᠷᠤᠭ ᠳᠤᠳᠤᠷ᠎ᠠ ᠡᠴᠡ ᠴᠠᠭᠠᠨ ᠳᠤᠯᠤᠭᠠᠢ ᠡᠷᠢᠭᠦ

     ᠪᠠᠭᠰᠢ ᠡᠴᠡ ᠰᠠᠮᠪᠠᠷ᠎ᠠ ᠳᠡᠭᠡᠷ᠎ᠡ ᠪᠣᠶᠤ ᠡᠯᠭᠦᠮᠡᠯ ᠵᠢᠷᠤᠭ ᠳᠡᠭᠡᠷ᠎ᠡ ᠵᠠᠷᠢᠮ ᠵᠢᠷᠤᠭ ᠳᠦᠷᠰᠤ ᠵᠢᠷᠤᠵᠤ᠂ ᠰᠤᠷᠤᠭᠴᠢ ᠪᠠᠷ ᠵᠢᠷᠤᠭ ᠳᠤᠳᠤᠷ᠎ᠠ ᠠᠭᠤᠯᠤᠭᠳᠠᠵᠤ ᠪᠠᠢ᠌ᠬᠤ ᠴᠠᠭᠠᠨ ᠳᠤᠯᠤᠭᠠᠢ ᠶᠢ ᠡᠷᠢᠭᠦᠯᠦᠨ᠎ᠡ᠃ ᠵᠦᠪ ᠮᠦᠷᠳᠡᠭᠡᠨ ᠬᠤᠷᠳᠤᠨ ᠡᠷᠢᠭ᠍ᠰᠡᠨ ᠳᠤᠭᠣᠢ᠌ᠯᠠᠩ ᠢᠯᠠᠨ᠎ᠠ᠃

     4᠂ ᠴᠠᠭᠠᠨ ᠳᠤᠯᠤᠭᠠᠢ ᠶᠢ ᠳᠠᠮᠵᠢᠭᠤᠯᠬᠤ

     ᠪᠦᠭᠦ ᠰᠤᠷᠤᠭᠴᠢ ᠶᠢ ᠮᠦᠷ ᠶᠢᠡᠷ ᠨᠢ ᠳᠤᠭᠣᠢ᠌ᠯᠠᠩ ᠬᠤᠪᠢᠶᠠᠵᠤ᠂ ᠪᠠᠭᠰᠢ ᠡᠴᠡ ᠳᠤᠭᠣᠢ᠌ᠯᠠᠩ ᠪᠦᠷᠢ ᠶᠢᠨ ᠬᠠᠮᠤᠭ ᠰᠡᠭᠦᠯ ᠳᠤ ᠰᠠᠭᠤᠵᠤ ᠪᠠᠢ᠌ᠬᠤ ᠰᠤᠷᠤᠭᠴᠢ ᠳᠤ ᠨᠢᠭᠡ ᠴᠠᠭᠠᠨ ᠳᠤᠯᠤᠭᠠᠢ ᠶᠢᠨ ᠺᠠᠷᠲ᠋ ᠥᠭ᠍ᠴᠤ ᠵᠢᠱᠢᠶᠠᠯᠠᠪᠠᠯ A ᠪᠣᠶᠤ cht᠂ ᠪᠠᠭᠰᠢ ᠡᠭᠢᠯᠡᠭᠦ ᠳᠤᠭᠢᠶ᠎ᠠ ᠥᠭ᠍ᠪᠠᠯ᠂ ᠳᠤᠰ ᠰᠤᠷᠤᠭᠴᠢ ᠡᠮᠦᠨᠡᠭᠢ ᠰᠤᠷᠤᠭᠴᠢ ᠶᠢᠨ ᠴᠢᠭᠢᠨ ᠳᠤ ᠺᠠᠷᠲ᠋ ᠳᠡᠭᠡᠷᠡᠭᠢ ᠴᠠᠭᠠᠨ ᠳᠤᠯᠤᠭᠠᠢ ᠶᠢ ᠭᠡᠯᠡᠵᠤ ᠦᠭ‍ᠭᠦᠨ᠎ᠡ᠃ ᠳᠠᠭᠢᠭᠠᠤᠨ ᠡᠨᠡ ᠰᠤᠷᠤᠭᠴᠢ ᠨᠢ ᠡᠮᠦᠨᠡᠭᠢ ᠭᠦᠮᠤᠨ ᠳᠡᠭᠡᠨ ᠭᠡᠯᠡᠵᠤ᠂ ᠬᠠᠮᠤᠭ ᠰᠡᠭᠦᠯ ᠳᠤ ᠠᠯᠢ ᠳᠤᠭᠣᠢ᠌ᠯᠠᠩ ᠤᠨ ᠬᠠᠮᠤᠭ ᠡᠮᠦᠨ᠎ᠡ ᠰᠠᠭᠤᠵᠤ ᠪᠠᠢ᠌ᠬᠤ ᠰᠤᠷᠤᠭᠴᠢ ᠣᠯᠵᠤ ᠰᠤᠨᠤᠰᠤᠭᠰᠠᠨ ᠴᠠᠭᠠᠨ ᠳᠤᠯᠤᠭᠠᠢ ᠪᠠᠨ ᠰᠠᠮᠪᠠᠷ᠎ᠠ ᠳᠡᠭᠡᠷ᠎ᠡ ᠮᠦᠷᠳᠡᠭᠡᠨ ᠬᠤᠷᠳᠤᠨ ᠪᠢᠴᠢᠵᠤ ᠭᠠᠷᠭᠠᠪᠠᠯ ᠳᠠᠷᠠ ᠳᠤᠭᠣᠢ᠌ᠯᠠᠩ ᠢᠯᠠᠨ᠎ᠠ᠃

     5᠂ ᠴᠠᠭᠠᠨ ᠳᠤᠯᠤᠭᠠᠢ ᠶᠢ ᠴᠡᠭᠡᠵᠢᠯᠡᠭᠦ

     ᠡᠨᠡ ᠪᠣᠯ ᠰᠤᠷᠤᠭᠴᠢ ᠶᠢᠨ ᠴᠠᠭᠠᠨ ᠳᠤᠯᠤᠭᠠᠢ ᠶᠢᠨ ᠵᠢᠭᠰᠠᠭᠠᠯᠳᠠ ᠶᠢᠨ ᠳᠠᠰ ᠳᠠᠷᠠᠭᠠᠯᠠᠯ ᠶᠢᠡᠷ ᠴᠠᠭᠠᠨ ᠳᠤᠯᠤᠭᠠᠢ ᠶᠢ ᠴᠡᠭᠡᠵᠢᠯᠡᠭᠦ ᠴᠢᠳᠠᠪᠣᠷᠢ ᠶᠢ ᠪᠣᠯᠪᠠᠰᠤᠷᠠᠬᠤ ᠳᠤᠭᠯᠠᠭᠠᠮ ᠪᠣᠯᠤᠨ᠎ᠠ᠃

     ᠳᠤᠭᠯᠠᠭᠠᠮ ᠡᠭᠢᠯᠡᠭᠦ ᠡᠴᠡ ᠡᠮᠦᠨ᠎ᠡ ᠴᠠᠭᠠᠨ ᠳᠤᠯᠤᠭᠠᠢ ᠶᠢᠨ ᠺᠠᠷᠲ᠋ ᠪᠠᠨ ᠰᠤᠷᠤᠭᠴᠢ ᠳᠤ ᠬᠤᠪᠢᠶᠠᠨ ᠥᠭ᠍ᠴᠤ ᠲ᠋ᠡᠷᠠᠭ᠎ᠠ ᠳᠦᠨᠢ ᠳᠤᠷ᠎ᠠ ᠶᠢᠨ ᠨᠢᠭᠡ ᠴᠠᠭᠠᠨ ᠳᠤᠯᠤᠭᠠᠢ ᠶᠢ ᠣᠩᠰᠢᠪᠠᠯ᠂ ᠵᠢᠱᠢᠶᠠᠯᠠᠪᠠᠯ H ᠳᠤᠰ ᠴᠠᠭᠠᠨ ᠳᠤᠯᠤᠭᠠᠢ ᠶᠢᠨ ᠺᠠᠷᠲ᠋ ᠶᠢ ᠠᠳᠬᠤᠵᠤ ᠪᠠᠢ᠌ᠬᠤ ᠰᠤᠷᠤᠭᠴᠢ ᠪᠣᠰᠴᠤ ᠵᠤᠭᠰᠤᠭᠠᠤᠨ I am H, follow me, please ᠭᠡᠵᠤ ᠭᠡᠯᠡᠪᠠᠯ ᠳᠠᠷᠠᠭᠠᠭᠢ ᠨᠢᠭᠡ ᠴᠠᠭᠠᠨ ᠳᠤᠯᠤᠭᠠᠢ ᠶᠢ ᠠᠳᠬᠤᠵᠤ ᠪᠠᠢ᠌ᠬᠤ ᠰᠤᠷᠤᠭᠴᠢ ᠪᠣᠰᠴᠤ ᠵᠤᠭᠰᠤᠭᠠᠤᠨ ᠠᠷᠤ ᠳ᠋ᠤᠨᠢ ᠣᠴᠢᠵᠤ ᠵᠤᠭᠰᠤᠭᠠᠤᠨ I am I, follow me,please ᠭᠡᠵᠤ ᠭᠡᠯᠡᠨ᠎ᠡ᠃ ᠡᠨᠡ ᠮᠠᠳᠤ ᠪᠠᠷ ᠶᠠᠪᠣᠭᠳᠠᠨ᠎ᠠ᠃ ᠵᠦᠪ ᠭᠢᠭ᠍ᠰᠡᠨ ᠳ᠋ᠤᠨᠢ 10 ᠬᠤᠪᠢ ᠣᠯᠭᠤᠵᠤ᠂ ᠪᠣᠷᠤᠭᠤ ᠭᠢᠭ᠍ᠰᠡᠨ ᠳ᠋ᠤᠨᠢ ᠬᠤᠪᠢ ᠣᠯᠭᠤᠬᠤ ᠦᠭᠡᠶ᠂ ᠡᠨᠡ ᠳᠤᠭᠯᠠᠭᠠᠮ ᠢ ᠪᠠᠰᠠ ᠳᠤᠩᠭ᠋ᠤᠷᠤᠤ ᠪᠠᠷ ᠭᠢᠵᠤ ᠪᠣᠯᠤᠨ᠎ᠠ᠃ ᠵᠢᠰᠢᠶᠠᠯᠠᠪᠠᠯ I am H, Who is before me ᠭᠡᠵᠤ ᠭᠡᠯᠡᠪᠠᠯ ᠴᠠᠭᠠᠨ ᠳᠤᠯᠤᠭᠠᠢ G ᠶ᠋ᠢ ᠠᠳᠬᠤᠵᠤ ᠪᠠᠢ᠌ᠬᠤ ᠰᠤᠷᠤᠭᠴᠢ H ᠶ᠋ᠢᠨ ᠡᠮᠦᠨ᠎ᠡ ᠣᠴᠢᠵᠤ ᠵᠤᠭᠰᠤᠨ᠎ᠠ᠃ ᠡᠨᠡ ᠮᠠᠳᠤ ᠪᠠᠷ ᠵᠠᠯᠭᠠᠭᠠᠤᠨ ᠶᠠᠪᠣᠭᠳᠠᠨ᠎ᠠ᠃

     6᠂ ᠴᠠᠭᠠᠨ ᠳᠤᠯᠤᠭᠠᠢ ᠶᠢ ᠵᠢᠭᠰᠠᠭᠠᠬᠤ

     ᠭᠦᠮᠤᠨ ᠪᠦᠷᠢ ᠳᠤ ᠨᠢᠭᠡ ᠴᠠᠭᠠᠨ ᠳᠤᠯᠤᠭᠠᠢ ᠶᠢᠨ ᠺᠠᠷᠲ᠋ ᠬᠤᠪᠢᠶᠠᠨ ᠥᠭ᠍ᠴᠤ᠂ ᠪᠠᠭᠰᠢ ᠨᠢᠭᠡ ᠴᠠᠭᠠᠨ ᠳᠤᠯᠤᠭᠠᠢ ᠶᠢ ᠭᠡᠯᠡᠪᠠᠯ ᠵᠢᠱᠢᠶᠠᠯᠠᠪᠠᠯ c , ᠲ᠋ᠤᠰ ᠺᠠᠷᠲ᠋ ᠪᠠ ᠳᠤᠰ ᠺᠠᠷᠲ᠋ ᠤᠨ ᠬᠣᠢ᠌ᠨ᠎ᠠ 4 ᠴᠠᠭᠠᠨ ᠳᠤᠯᠤᠭᠠᠢ defg ᠊ᠢ᠌ ᠠᠳᠬᠤᠵᠤ ᠪᠠᠢ᠌ᠬᠤ ᠰᠤᠷᠤᠭᠴᠢ c ᠊ᠤᠨ ᠬᠣᠢ᠌ᠨ᠎ᠠ ᠵᠤᠭᠰᠤᠵᠤ ᠳᠠᠰ ᠳᠠᠷᠠᠭᠠᠯᠠᠯ ᠶᠢᠡᠷ ᠮᠦᠷᠯᠠᠨ᠎ᠠ᠃

     7᠂ ᠨᠠᠢ᠌ᠵᠠ ᠡᠷᠢᠭᠦ

     ᠪᠠᠭᠰᠢ ᠡᠴᠡ ᠰᠠᠮᠪᠠᠷ᠎ᠠ ᠳᠡᠭᠡᠷ᠎ᠡ ᠭᠡᠳᠤᠨ ᠶᠡᠭᠡ ᠪᠢᠴᠢᠯᠭᠡ ᠶᠢ ᠪᠢᠴᠢᠭᠦ ᠪᠣᠶᠤ ᠺᠠᠷᠲ᠋ ᠨᠠᠭᠠᠵᠤ᠂ ᠳᠤᠭᠣᠢ᠌ᠯᠠᠩ ᠪᠦᠷᠢ ᠡᠴᠡ ᠨᠢᠭᠡ ᠰᠤᠷᠤᠭᠴᠢ ᠳᠠᠢ᠌ᠰᠠᠨ ᠳᠤ ᠭᠠᠷᠴᠤ ᠪᠠᠭᠰᠢ ᠡᠭᠢᠯᠡᠭᠦ ᠳᠤᠭᠢᠶ᠎ᠠ ᠦᠭ‍ᠭᠦᠭ᠍ᠰᠡᠨ ᠤ ᠰᠡᠭᠦᠯᠡᠷ ᠪᠠᠭᠰᠢ ᠶᠢᠨ ᠭᠠᠷ ᠳᠤᠳᠤᠷᠠᠭᠢ ᠵᠢᠵᠢᠭ᠌ ᠪᠢᠴᠢᠯᠭᠡ ᠶᠢᠨ ᠺᠠᠷᠲ᠋ ᠳᠤᠳᠤᠷ᠎ᠠ ᠡᠴᠡ ᠰᠡᠮᠪᠠᠷ᠎ᠡ ᠲ᠋ᠡᠭᠡᠷᠡᠭᠢ ᠴᠠᠭᠠᠨ ᠳᠤᠯᠤᠭᠠᠢ ᠶᠢᠨ ᠬᠠᠷᠭᠠᠯᠵᠠᠭᠰᠠᠨ ᠵᠢᠵᠢᠭ᠌ ᠪᠢᠴᠢᠯᠭᠡ ᠶᠢ ᠣᠯᠵᠤ ᠶᠡᠭᠡ ᠪᠢᠴᠢᠯᠭᠡ ᠶᠢᠨ ᠬᠠᠵᠠᠭᠤ ᠳᠤ ᠨᠠᠭᠠᠨ᠎ᠠ᠃ ᠵᠦᠪ ᠮᠦᠷᠳᠡᠭᠡᠨ ᠳᠦᠷᠭᠡᠨ ᠭᠢᠭ᠍ᠰᠡᠨ ᠨᠢ ᠢᠯᠠᠨ᠎ᠠ᠃

     8᠂ ᠰᠠᠠᠳᠠᠯᠢ ᠪᠣᠯᠢᠶᠠᠯᠳᠤᠬᠤ

     ᠪᠠᠭᠰᠢ ᠡᠴᠡ ᠰᠤᠷᠤᠭᠴᠢ ᠶᠢ ᠬᠤᠶᠠᠷ ᠳᠤᠭᠣᠢ᠌ᠯᠠᠩ ᠬᠤᠪᠢᠶᠠᠵᠤ᠂ ᠨᠢᠭᠡ ᠳᠤᠭᠣᠢ᠌ᠯᠠᠩ ᠳ᠋ᠤᠨᠢ ᠶᠡᠭᠡ ᠪᠢᠴᠢᠯᠭᠡ ᠥᠭ᠍ᠴᠤ ᠨᠥᠭᠦᠭᠡ ᠳᠤᠭᠣᠢ᠌ᠯᠠᠩ ᠳ᠋ᠤᠨᠢ ᠵᠢᠵᠢᠭ᠌ ᠪᠢᠴᠢᠯᠭᠡ ᠶᠢ ᠬᠤᠪᠢᠶᠠᠨ ᠥᠭ᠍ᠴᠤ᠂ ᠪᠦᠭᠦᠨ ᠤ ᠡᠮᠦᠨ᠎ᠡ ᠳᠠᠪᠤᠨ ᠰᠠᠠᠳᠠᠯᠢ ᠶᠢ ᠳᠤᠭᠤᠷᠢᠭᠤᠯᠤᠨ ᠳᠠᠯᠪᠢᠵᠤ᠂ ᠭᠦᠭ᠍ᠵᠢᠮ ᠡᠭᠢᠯᠡᠭᠦ ᠲᠡᠶ ᠵᠡᠷᠭᠡ ᠪᠠᠭᠰᠢ ᠡᠴᠡ ᠳᠤᠷ᠎ᠠ ᠶᠢᠨ ᠭᠤᠷᠪᠠᠨ ᠴᠠᠭᠠᠨ ᠳᠤᠯᠤᠭᠠᠢ ᠶᠢ ᠭᠡᠯᠡᠪᠠᠯ᠂ ᠳᠤᠰ ᠭᠤᠷᠪᠠᠨ ᠴᠠᠭᠠᠨ ᠳᠤᠯᠤᠭᠠᠢ ᠶᠢᠨ ᠶᠡᠭᠡ ᠪᠠᠭ᠎ᠠ ᠪᠢᠴᠢᠯᠭᠡ ᠶᠢᠨ ᠺᠠᠷᠲ᠋ ᠶᠢ ᠠᠳᠬᠤᠵᠤ ᠪᠠᠢ᠌ᠬᠤ 6 ᠰᠤᠷᠤᠭᠴᠢ ᠰᠠᠠᠳᠠᠯᠢ ᠶᠢ ᠳᠤᠭᠤᠷᠢᠨ ᠠᠭᠠᠵᠢᠮ ᠭᠦᠶ‍ᠦᠵᠤ᠂ ᠭᠦᠭ᠍ᠵᠢᠮ ᠵᠤᠭᠰᠤᠪᠠᠯ ᠬᠤᠷᠳᠤᠨ ᠰᠠᠠᠳᠠᠯᠢ ᠳᠡᠭᠡᠷ᠎ᠡ ᠰᠠᠭᠤᠨ᠎ᠠ᠃ ᠳᠤᠭᠣᠢ᠌ᠯᠠᠩ ᠤᠨ ᠭᠤᠷᠪᠠᠭᠤᠯᠠ ᠪᠠᠨ ᠪᠦᠷ ᠰᠠᠠᠳᠠᠯᠢ ᠳᠡᠭᠡᠷ᠎ᠡ ᠣᠯᠵᠤ ᠰᠠᠭᠤᠭᠰᠠᠨ ᠳᠤᠭᠣᠢ᠌ᠯᠠᠩ ᠢᠯᠠᠨ᠎ᠠ᠃

     9᠂ ᠴᠠᠭᠠᠨ ᠳᠤᠯᠤᠭᠠᠢ ᠶᠢ ᠳᠠᠭᠠᠬᠤ

     ᠰᠤᠷᠤᠭᠴᠢ ᠶᠢ ᠭᠡᠳᠤᠨ ᠳᠤᠭᠣᠢ᠌ᠯᠠᠩ ᠬᠤᠪᠢᠶᠠᠵᠤ᠂ ᠪᠠᠭᠰᠢ ᠡᠴᠡ ᠰᠤᠷᠤᠭᠴᠢ ᠳᠤ ᠭᠡᠳᠤᠨ ᠺᠠᠷᠲ᠋ ᠥᠵᠡᠭᠦᠯᠦᠨ᠎ᠡ ᠳᠤᠬᠠᠢ᠌ᠯᠠᠪᠠᠯ 10 ᠴᠠᠭᠠᠨ ᠳᠤᠯᠤᠭᠠᠢ᠃ ᠰᠤᠷᠤᠭᠴᠢ ᠦᠵᠡᠵᠤ ᠥᠩᠭᠡᠷᠡᠭ᠍ᠰᠡᠨ ᠤ ᠰᠡᠭᠦᠯᠡᠷ ᠪᠠᠭᠰᠢ ᠳᠤᠷ᠎ᠠ ᠶᠢᠨ ᠨᠢᠭᠡ ᠶᠢ ᠰᠤᠩᠭ᠋ᠤᠵᠤ᠂ ᠶᠠᠮᠠᠷ ᠴᠠᠭᠠᠨ ᠳᠤᠯᠤᠭᠠᠢ ᠪᠣᠯᠬᠤ ᠶᠢ ᠰᠤᠷᠤᠭᠴᠢ ᠪᠠᠷ ᠳᠠᠭᠠᠭᠠᠯᠭᠠᠨ᠎ᠠ᠃ ᠵᠦᠪ ᠳᠠᠭᠠᠭᠰᠠᠨ ᠨᠢ ᠬᠤᠪᠢ ᠣᠯᠤᠨ᠎ᠠ᠃ ᠳᠤᠭᠣᠢ᠌ᠯᠠᠩ ᠪᠦᠷᠢ ᠶᠢᠨ ᠨᠢᠭᠡᠳᠦᠭᠡᠷ ᠰᠤᠷᠤᠭᠴᠢ ᠳᠠᠭᠠᠵᠤ ᠪᠠᠷᠠᠭᠰᠠᠨ ᠤ ᠰᠡᠭᠦᠯᠡᠷ ᠬᠤᠶᠠᠳᠤᠭᠠᠷ ᠰᠤᠷᠤᠭᠴᠢ ᠳᠠᠭᠠᠨ᠎ᠠ᠃ ᠬᠠᠮᠤᠭ ᠰᠡᠭᠦᠯ ᠳᠤ ᠠᠯᠢ ᠳᠤᠭᠣᠢ᠌ᠯᠠᠩ ᠢᠯᠡᠭᠦᠤ ᠬᠤᠪᠢ ᠣᠯᠭᠰᠠᠨ ᠢ ᠦᠵᠡᠨ᠎ᠠ᠃

     10᠂ ᠴᠠᠭᠠᠨ ᠳᠤᠯᠤᠭᠠᠢ ᠶᠢ ᠪᠢᠴᠢᠭᠦ

     ᠡᠨᠡ ᠪᠣᠯ ᠰᠤᠷᠤᠭᠴᠢ ᠶᠢᠨ ᠴᠠᠭᠠᠨ ᠳᠤᠯᠤᠭᠠᠢ ᠶᠢ ᠪᠢᠴᠢᠭᠦ ᠴᠢᠳᠠᠪᠣᠷᠢ ᠶᠢ ᠳᠡᠭᠡᠭ᠍ᠰᠢᠯᠡᠭᠦᠯᠭᠦ ᠳᠤᠭᠯᠠᠭᠠᠮ ᠪᠣᠯᠤᠨ᠎ᠠ᠃ ᠮᠦᠷ ᠪᠦᠷᠢ ᠪᠠᠷ ᠳᠤᠭᠣᠢ᠌ᠯᠠᠩ ᠪᠣᠯᠭᠠᠵᠤ᠂ ᠪᠠᠭᠰᠢ ᠡᠴᠡ ᠳᠤᠭᠣᠢ᠌ᠯᠠᠩ ᠪᠦᠷᠢ ᠶᠢᠨ ᠬᠠᠮᠤᠭ ᠬᠣᠢ᠌ᠨ᠎ᠠ ᠰᠠᠭᠤᠵᠤ ᠪᠠᠢ᠌ᠬᠤ ᠰᠤᠷᠤᠭᠴᠢ ᠳᠤ ᠨᠢᠭᠡ ᠴᠠᠭᠠᠨ ᠳᠤᠯᠤᠭᠠᠢ ᠶᠢᠨ ᠺᠠᠷᠲ᠋ ᠥᠭ᠍ᠴᠤ᠂ ᠪᠠᠭᠰᠢ ᠡᠭᠢᠯᠡᠭᠦ ᠳᠤᠭᠢᠶ᠎ᠠ ᠦᠭ‍ᠭᠦᠭ᠍ᠰᠡᠨ ᠤ ᠰᠡᠭᠦᠯᠡᠷ ᠳᠤᠰ ᠰᠤᠷᠤᠭᠴᠢ ᠭᠠᠷ ᠤᠨ ᠬᠤᠷᠤᠭᠤ ᠪᠠᠷ ᠡᠮᠦᠨ᠎ᠡ ᠨᠢᠭᠡ ᠰᠤᠷᠤᠭᠴᠢ ᠶᠢᠨ ᠨᠢᠷᠤᠭᠤᠨ ᠳᠡᠭᠡᠷ᠎ᠡ ᠪᠢᠴᠢᠵᠤ᠂ ᠡᠮᠦᠨᠡᠭᠢ ᠰᠤᠷᠤᠭᠴᠢ ᠨᠢ ᠪᠠᠰᠠ ᠡᠮᠦᠨ᠎ᠡ ᠳᠠᠯ᠎ᠠ ᠭᠢ ᠰᠤᠷᠤᠭᠴᠢ ᠶᠢᠨ ᠨᠢᠷᠤᠭᠤᠨ ᠳᠡᠭᠡᠷ᠎ᠡ ᠪᠢᠴᠢᠵᠤ᠂ ᠡᠨᠡ ᠮᠠᠳᠤ ᠪᠠᠷ ᠶᠠᠪᠣᠭᠳᠠᠵᠤ᠂ ᠬᠠᠮᠤᠭ ᠰᠡᠭᠦᠯ ᠳᠤ ᠠᠯᠢ ᠳᠤᠭᠣᠢ᠌ᠯᠠᠩ ᠤᠨ ᠨᠢᠭᠡᠳᠦᠭᠡᠷ ᠮᠦᠷ ᠲᠤ ᠰᠠᠭᠤᠵᠤ ᠪᠠᠢ᠌ᠬᠤ ᠰᠤᠷᠤᠭᠴᠢ ᠵᠦᠪ ᠮᠦᠷᠳᠡᠭᠡᠨ ᠳᠦᠷᠭᠡᠨ ᠶᠢᠡᠷ ᠳᠤᠰ ᠴᠠᠭᠠᠨ ᠳᠤᠯᠤᠭᠠᠢ ᠶᠢ ᠰᠠᠮᠪᠠᠷ᠎ᠠ ᠳᠡᠭᠡᠷ᠎ᠡ ᠪᠢᠴᠢᠵᠤ ᠳᠠᠢ᠌ᠯᠪᠠᠯ ᠳᠠᠷᠠ ᠳᠤᠭᠣᠢ᠌ᠯᠠᠩ ᠢᠯᠠᠨ᠎ᠠ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠵᠠᠯᠠᠢ᠌ᠳ ᠬᠤᠰᠢᠭᠤᠨ ᠤ ᠪᠠᠶᠠᠠᠭᠤᠤᠯ ᠮᠤᠩᠭ᠋ᠤᠯ ᠰᠤᠷᠭᠠᠭᠤᠯᠢ ᠰᠢᠶᠠᠩ ᠯᠠᠨ

ᠵᠤᠬᠢᠶᠠᠭᠴᠢ᠄ ᠵᠠᠮᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 1595
ᠴᠠᠭ᠄ 2011 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁