ᠥᠭᠦᠯ ᠮᠠᠨ ᠡᠴᠡ ᠁

ᠡᠶ᠎ᠡ ᠣᠷᠢᠬᠠᠨ ᠽᠡᠮᠪᠦᠯᠢᠩ ᠤᠨ ᠨᠠᠯᠠᠭᠠᠷ ᠭᠢᠵᠠᠭᠠᠷ ᠡᠴᠡ ᠡᠭᠢᠯᠡᠭᠡᠳ

ᠡᠪᠦᠭᠡ ᠳᠡᠭᠡᠳᠦᠰ ᠮᠢᠨᠢ ᠳᠠᠩᠭᠢᠯ ᠦᠷᠠᠰ ᠲᠡᠭᠡᠨ ᠬᠠᠢ᠌ᠷᠠᠳᠠᠢ ᠪᠠᠢ᠌ᠨᠠᠮ

ᠡᠭᠢᠯᠡᠵᠤ ᠰᠠᠯᠠᠭᠠᠯᠠᠭᠰᠠᠨ ᠦᠷ᠎ᠡ ᠬᠣᠢ᠌ᠴᠢᠰ ᠲᠠᠭᠠᠨ ᠰᠤᠷᠭᠠᠯ ᠨᠤᠮᠯᠠᠵᠤ

ᠡᠰᠡᠷᠸ᠎ᠡ ᠳᠡᠭ᠍ᠷᠢ ᠳᠤ 《ᠮᠠᠠᠳᠤ ᠶᠠᠪᠣᠭᠠᠷᠠᠢ》 ᠭᠡᠵᠤ ᠳᠠᠭᠠᠳᠬᠠᠳᠠᠭ ᠰᠠᠨ᠃


ᠥᠩᠭᠡᠷᠡᠭ᠍ᠴᠢ ᠴᠠᠭ ᠡᠪᠡᠳᠴᠢᠨ ᠳᠠᠬᠤᠯ᠂ ᠳᠠᠢ᠌ᠨ ᠳᠠᠵᠢᠨ ᠶᠠᠷᠤᠨᠢ

ᠥᠭᠡᠭᠦᠤ ᠠᠷᠠᠤᠨ ᠤᠨ ᠠᠮᠢ ᠨᠠᠰᠤᠨ ᠳᠤ ᠳᠣᠢ᠌ᠮᠠᠷ ᠳᠠᠯᠪᠢᠳᠠᠭ ᠴᠤ

ᠦᠰᠢᠯᠴᠠᠵᠤ ᠳᠦᠰᠢᠯᠴᠡᠭᠦ ᠬᠤᠷᠸ᠎ᠠ ᠵᠦᠢ᠌ ᠶᠢᠨ ᠣᠷᠴᠢᠬᠤ ᠶᠤᠰᠤᠨ ᠶᠢᠡᠷ

ᠦᠶ᠎ᠡ ᠣᠯᠠᠷᠢᠨ ᠡᠰᠡᠨ ᠮᠡᠡᠳᠦᠭᠡᠨ ᠠᠮᠢᠳᠤᠷᠠᠭᠰᠠᠭᠠᠷ ᠢᠷᠠᠵᠠᠢ᠃


ᠠᠮᠢᠳᠤᠷᠠᠯ ᠳᠠᠷᠠ ᠦᠶ᠎ᠡ ᠳᠤ ᠳᠠᠩᠴᠤ ᠵᠥᠳᠡᠭᠦᠷᠢ ᠲᠡᠶ ᠡᠴᠡ ᠪᠣᠯᠪᠠᠤ

ᠥᠭᠦᠯ ᠭᠡᠭ᠍ᠴᠢ ᠶᠢ ᠨᠠᠰᠤᠨ ᠬᠤᠳᠤᠭ ᠭᠡᠵᠤ ᠭᠦᠮᠦᠰ ᠳᠠᠮᠠᠢ ᠣᠢ᠌ᠰᠢᠶᠠᠬᠤ ᠦᠭᠡᠶ

ᠠᠮᠢᠳᠤ ᠶᠠᠪᠣᠬᠤ ᠶᠢᠨ ᠬᠠᠮᠤᠭ ᠡᠴᠦᠰ ᠤᠨ ᠨᠢᠭᠡ ᠦᠷᠳᠡᠭᠡ ᠪᠣᠯᠭᠠᠵᠤ

ᠥᠭᠦᠯ᠂ ᠶ‍ᠢᠷᠳᠢᠠᠴᠤ ᠶᠢᠨ ᠣᠯᠠᠨ ᠭᠦᠮᠤᠨ ᠢ ᠮᠤᠷᠳᠠᠭᠤᠯᠤᠭᠰᠠᠭᠠᠷ ᠢᠷᠠᠵᠠᠢ᠃


ᠦᠨᠦ᠂ ᠠᠮᠢ ᠨᠠᠰᠤᠨ ᠤ ᠣᠷᠳᠤᠤᠠᠬᠠᠯ ᠣᠯᠠᠨ ᠪᠣᠯᠤᠭᠰᠠᠨ ᠴᠤ

ᠦᠮᠠᠨ ᠡᠪᠡᠳᠴᠢᠨ ᠠᠮᠢ ᠨᠠᠰᠤ ᠵᠢ ᠮᠦᠨ ᠰᠦᠷᠳᠡᠭᠦᠯᠦᠭ᠍ᠰᠡᠭᠡᠷ ᠪᠠᠢ᠌ᠨ᠎ᠠ

ᠠᠮᠢ ᠨᠠᠰᠤᠨ ᠤ ᠠᠶᠠᠠᠳᠠᠭᠠᠨ ᠤ ᠳᠡᠭᠦᠰᠦᠯ ᠭᠡᠵᠤ ᠥᠭᠦᠯ ᠢ ᠵᠢᠭᠠᠳᠠᠭ ᠪᠣᠯ

ᠠᠪᠤᠨ ᠳᠤᠤᠷ᠎ᠠ ᠨᠢ ᠣᠷᠳᠤᠤᠠᠬᠠᠶ᠎ᠠ ᠭᠡᠵᠤ ᠭᠡᠨ ᠭᠦᠮᠤᠨ ᠰᠠᠨᠠᠬᠤ ᠦᠭᠡᠶ ᠪᠣᠢ ⁈


ᠡᠮ ᠳᠠᠯᠪᠢᠵᠤ ᠵᠠᠰᠠᠯᠭ᠎ᠠ ᠭᠢᠭᠡᠳ ᠲ᠋ᠦᠰᠡ ᠭᠠᠷᠬᠤ ᠦᠭᠡᠶ ᠪᠣᠯᠤᠭᠰᠠᠨ ᠪᠣᠯ

ᠡᠭᠢᠯᠡᠭᠡᠳ ᠬᠠᠳᠠᠴᠢᠬᠠᠭᠰᠠᠨ ᠮᠤᠳᠤᠨ ᠤ ᠰᠠᠯᠠᠭ᠎ᠠ ᠥᠭᠡᠷ᠎ᠡ ᠦᠭᠡᠶ ᠰᠢᠤ

ᠡᠩ ᠤᠨ ᠴᠠᠭ ᠠᠷᠠᠴᠢᠯᠠᠵᠤ ᠭᠢᠮᠠᠭᠠᠳᠠᠬᠤ ᠠᠷᠢᠭᠤᠨ ᠮᠠᠬᠠᠪᠣᠤᠨ ᠶᠢᠡᠨ ᠪᠢᠳᠠ

ᠡᠮᠴᠢ ᠪᠠᠷ ᠵᠠᠪᠠᠯ 《ᠠᠯᠠᠬᠤ ᠶᠠᠯ᠎ᠠ》 ᠪᠠᠷ ᠰᠢᠦᠡᠭᠡᠭᠦᠯᠦᠨ᠎ᠡ ᠦᠦ ᠳ᠋ᠠ᠃


ᠦᠨᠡᠨ ᠳᠡᠭᠡᠨ ᠥᠭᠦᠯ ᠮᠠᠨ ᠡᠴᠡ ᠬᠤᠯᠠ ᠪᠠᠢ᠌ᠳᠠᠭ

ᠦᠷᠦᠪᠴᠢᠭᠡᠨ ᠨᠠᠰᠤᠨ ᠤ ᠢᠯᠳᠠᠮᠬᠠᠨ ᠠᠮᠢ ᠭᠡᠵᠤ

ᠦᠷᠤ ᠡᠪᠠᠳᠤᠨ ᠭᠠᠮᠨᠠᠳᠠᠭ ᠯᠠ ᠶᠤᠮ ᠪᠣᠯ

ᠥᠭᠦᠯ ᠮᠠᠨ ᠡᠴᠡ ᠬᠤᠯᠠ ᠪᠠᠢ᠌ᠳᠠᠭ ᠶᠤᠮ᠃


ᠥᠭᠦᠯ ᠭᠦᠮᠤᠨ ᠢ ᠰᠠᠷᠬᠤᠤᠨ ᠶᠢᠡᠷ ᠥᠳᠦᠭᠡᠵᠤ ᠭᠡᠳᠤ ᠰᠢᠨᠤᠯᠳᠠᠢ ᠪᠣᠯᠭᠠᠵᠤ ᠠᠪᠠᠴᠢᠨ᠎ᠠ

ᠥᠭᠦᠯ ᠭᠦᠮᠤᠨ ᠢ ᠰᠠᠷᠠᠮᠵᠢ ᠲ᠋ᠤᠳᠠᠬᠤ ᠳᠤ ᠭᠦᠷᠳᠤᠨ ᠳᠤᠤᠷ᠎ᠠ ᠵᠠᠭᠤᠷᠮᠠᠭ ᠨᠠᠰᠤᠯᠠᠭᠤᠯᠤᠨ᠎ᠠ

ᠥᠭᠦᠯ ᠭᠦᠮᠤᠨ ᠳᠤ ᠭᠡᠮᠵᠢᠶᠡᠨ ᠡᠴᠡ ᠪᠠᠨ ᠭᠡᠳᠦᠷᠡᠳᠡᠯ᠎ᠡ 《ᠭᠡᠷᠡᠭ᠌》 ᠭᠢᠯ᠎ᠡ ᠭᠡᠵᠤ ᠰᠠᠷᠠᠮᠵᠢ ᠦᠭ‍ᠭᠦᠨ᠎ᠡ

ᠥᠭᠦᠯ ᠭᠦᠮᠤᠨ ᠳᠤ ᠠᠮᠢ ᠨᠠᠰᠤ ᠭᠡᠭ᠍ᠴᠢ ᠠᠰᠠᠷᠠᠨ ᠭᠠᠮᠨᠠᠬᠤ ᠳᠤ ᠪᠣᠢ ᠭᠡᠵᠤ ᠭᠦᠡᠳᠤ ᠰᠠᠨᠠᠭᠤᠯᠤᠨ᠎ᠠ


ᠢᠩᠭᠢᠵᠤ ᠪᠣᠳᠤᠪᠠᠯ ᠥᠭᠦᠯ ᠮᠠᠨ ᠡᠴᠡ ᠤᠢ᠌ᠷ᠎ᠡ ᠪᠠᠢ᠌ᠨ᠎ᠠ

ᠢᠷᠮᠡᠭ᠌ ᠦᠭᠡᠶ ᠭᠠᠩᠭ᠋᠎ᠠ ᠶᠢᠨ ᠠᠮᠠ ᠰᠢᠭ ᠦᠯᠣᠢ᠌ᠵᠤ ᠪᠠᠢ᠌ᠨ᠎ᠠ

ᠢᠯᠠ ᠰᠠᠢ᠌ᠬᠠᠨ ᠭᠤᠷᠢᠮ ᠵᠦᠢ᠌ ᠪᠠᠷ ᠶᠠᠪᠣᠬᠤ ᠦᠭᠡᠶ ᠪᠣᠯ

ᠢᠯᠵᠠᠷᠠᠵᠤ ᠢᠳᠡᠭ᠍ᠳᠡᠭᠦ ᠨᠢ ᠠᠮᠢ ᠨᠠᠰᠤᠨ ᠤ ᠠᠪᠣᠷᠭᠤ ᠳᠤᠮᠤ ᠮᠤᠳᠤ ᠴᠢᠨᠢ ᠪᠢᠯᠠ ︕


ᠡᠢ᠌ᠮᠤ ᠣᠴᠢᠷ ᠡᠴᠡ ᠮᠢᠨᠤ ᠬᠠᠢ᠌ᠷᠠᠳᠤ ᠭᠦᠮᠤᠨ ᠠᠷᠠᠤᠨ ᠮᠢᠨᠢ ᠡ

ᠡᠷᠡᠭᠡᠢ ᠴᠠᠴᠠᠨ ᠪᠠᠶ᠎ᠠ ᠮᠠᠬᠠᠪᠣᠤᠨ ᠶᠢᠡᠨ ᠬᠠᠢ᠌ᠷᠠᠯᠠᠭᠠᠴᠢ᠂ ᠭᠠᠮᠨᠠᠭᠠᠴᠢ ︕

ᠭᠠᠰᠢᠭᠤᠳᠠᠯ ᠤᠨ ᠠᠶ᠎ᠠ᠂ ᠪᠠᠯᠪᠠᠰᠤᠷᠠᠯ ᠤᠨ ᠳᠡᠷᠭᠡ ᠶᠢᠨ ᠣᠷᠳᠤᠬᠠᠨ ᠡᠩᠨᠡᠭᠡ

ᠭᠠᠷ ᠲᠤ ᠦᠷᠳᠦᠭ᠍ᠰᠡᠨ ᠮᠠᠭᠤ ᠶᠤᠷᠤ ᠪᠦᠭᠦᠨ ᠠᠷᠢᠯᠤᠭ᠂ ᠴᠠᠰᠢ ᠪᠠᠨ ︕


     2010.10.9



ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1313
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁