ᠨᠠᠮᠤᠷ ᠤᠨ ᠨᠠᠪᠴᠢᠰ ᠤᠨ ᠠᠮᠳᠠ

ᠨᠠᠷᠠᠨ ᠡᠴᠠ ᠪᠣᠳᠤᠭ ᠵᠢᠭᠡᠯᠡᠵᠤ

       ᠳᠠᠨ ᠢ ᠵᠢᠷᠤᠬᠤ ᠳ᠋ᠤ

              ᠰᠢᠯᠦᠭ᠌ ᠤᠨ ᠠᠮᠳᠠ ᠳᠠᠢ

ᠰᠠᠯᠭᠢᠨ ᠡᠴᠠ ᠳᠠᠰᠢᠭᠤᠷ ᠵᠢᠭᠡᠯᠡᠵᠤ

       ᠳᠠᠨ ᠢ ᠭᠤᠶᠠᠳᠠᠬᠤ ᠳ᠋ᠤ

              ᠨᠢᠯᠪᠣᠰᠤᠨ ᠤ ᠠᠮᠳᠠ ᠳᠠᠢ

ᠳᠠᠭᠤᠨ ᠡᠴᠠ ᠠᠶᠠᠰ ᠵᠢᠭᠡᠯᠡᠵᠤ

       ᠳᠠᠨ ᠢ ᠳᠠᠭᠤᠯᠠᠬᠤ ᠳ᠋ᠤ

              ᠮᠦᠷᠦᠭᠡᠳᠦᠯ ᠤᠨ ᠠᠮᠳᠠ ᠳᠠᠢ

ᠰᠢᠪᠠᠭᠤᠨ ᠡᠴᠠ ᠳᠠᠯᠠᠪᠴᠢ ᠵᠢᠭᠡᠯᠡᠵᠤ

       ᠳᠠᠨ ᠢ ᠵᠤᠷᠢᠬᠤ ᠳ᠋ᠤ

               ᠬᠠᠪᠣᠷ ᠤᠨ ᠠᠮᠳᠠ ᠲᠡᠶ᠁


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠬᠠᠷᠢᠶ᠎ᠠ᠄ ᠰᠢᠯᠦᠭ
ᠳᠠᠷᠤᠮ᠄ 1945
ᠴᠠᠭ᠄ 2012 ᠤᠨ ᠤ 10 ᠰᠠᠷ᠎ᠠ ᠶᠢᠨ 04