ᠴᠢᠩᠭᠢᠰ ᠬᠠᠭᠠᠨ ᠤ ᠳᠦᠷᠪᠡᠨ ᠬᠠᠲᠤᠨ

ᠪᠦᠷᠳᠡ ᠬᠠᠳᠤᠨ ᠢ ᠪᠠᠰᠠ ᠪᠦᠷᠳᠡ ᠦᠵᠢᠨ ᠭᠡᠳᠡᠭ᠌᠃ ᠪᠦᠷᠳᠡ ᠪᠣᠯ ᠴᠢᠩᠭᠢᠰ ᠬᠠᠭᠠᠨ ᠤ ᠠᠪᠠᠯᠢ ᠡᠭᠡᠨᠡᠷ᠂ ᠳᠦᠷᠪᠡᠨ ᠬᠠᠳᠤᠨ ᠤ ᠮᠠᠩᠯᠠᠢ᠂ ᠬᠤᠩᠭᠢᠷᠠᠤᠨ ᠠᠢ᠌ᠮᠠᠭ ᠤᠨ ᠳ᠋ᠠᠢ ᠰᠠᠴᠠᠨ ᠤ ᠦᠬᠢᠨ᠃ ᠴᠢᠩᠭᠢᠰ ᠬᠠᠭᠠᠨ ᠤ ᠨᠠᠰᠤᠨ ᠳᠤᠷᠰᠢ ᠶᠢᠨ ᠦᠨᠡᠠᠴᠢ ᠬᠠᠨᠢ᠂ ᠲᠦᠷᠦ ᠶᠢᠨ ᠳᠦᠷᠪᠡᠨ ᠬᠠᠳᠤᠨ ᠤ ᠮᠠᠩᠯᠠᠢ᠂ ᠳᠤᠳᠤᠨᠤ ᠵᠥᠪᠯᠡᠭ᠍ᠴᠢ ᠨᠢ ᠮᠦᠨ᠃ 1161 ᠣᠨ ᠳᠤ ᠮᠠᠠᠳᠤᠯᠠᠵᠤ ᠴᠢᠩᠭᠢᠰ ᠬᠠᠭᠠᠨ ᠡᠴᠡ ᠨᠢᠭᠡ ᠨᠠᠰᠤ ᠠᠬ᠎ᠠ ᠪᠠᠢ᠌ᠵᠤ᠂ ᠴᠠᠭᠠᠭᠴᠢᠨ ᠮᠤᠭᠠᠢ ᠵᠢᠯ ᠲᠡᠶ᠃ 1170 ᠣᠨ ᠳᠤ ᠳᠠᠮᠤᠵᠢᠨ ᠢ ᠶ‍ᠢᠰᠤᠨ ᠨᠠᠰᠤ ᠲᠡᠶ ᠦᠶ᠎ᠡ ᠳᠤ ᠶ‍ᠢᠰᠦᠭᠡᠢ ᠪᠠᠭᠠᠳᠤᠷ ᠡᠴᠢᠭᠡ ᠨᠢ ᠭᠦᠪᠠᠭᠦᠨ ᠶᠢᠡᠨ ᠳᠠᠭᠠᠭᠤᠯᠵᠤ᠂ ᠥᠭᠡᠯᠤᠨ ᠡᠭᠡ ᠶᠢᠨ ᠳᠦᠷᠭᠦᠮ ᠪᠣᠯᠬᠤ ᠣᠯᠬᠤᠨᠤᠳ ᠢᠷᠭᠡᠨ ᠡᠴᠡ ᠦᠬᠢᠨ ᠭᠤᠶᠤᠰᠤ ᠭᠡᠤᠨ ᠶᠠᠪᠣᠵᠠᠢ᠃ ᠶᠠᠪᠣᠭᠰᠠᠭᠠᠷ ᠪᠠᠢ᠌ᠭᠠᠤᠨ ᠴᠡᠭ᠍ᠴᠡᠷ᠂ ᠴᠢᠬᠤᠷᠭᠤ ᠭᠡᠳᠡᠭ᠌ ᠬᠤᠶᠠᠷ ᠭᠠᠵᠠᠷ ᠤᠨ ᠬᠤᠭᠤᠷᠤᠠᠳᠤ ᠭᠦᠷᠴᠤ ᠴᠤᠷᠭᠤ ᠡᠴᠡ ᠮᠤᠷᠢ ᠪᠠᠨ ᠣᠰᠤᠯᠠᠵᠤ ᠪᠠᠢ᠌ᠬᠤ ᠳᠤ ᠬᠤᠩᠭᠢᠷᠠᠤᠨ ᠠᠢ᠌ᠮᠠᠭ ᠤᠨ ᠳ᠋ᠠᠢ ᠰᠠᠴᠠᠨ ᠭᠡᠭ᠍ᠴᠢ ᠲᠡᠶ ᠠᠭᠤᠯᠵᠠᠪᠠ᠃ ᠳ᠋ᠠᠢ ᠰᠠᠴᠠᠨ ᠶ‍ᠢᠰᠦᠭᠡᠢ ᠪᠠᠭᠠᠳᠤᠷ ᠲᠡᠶ ᠣᠴᠠᠷᠠᠵᠤ᠂ ᠭᠦᠪᠠᠭᠦᠨ ᠳᠠᠮᠤᠵᠢᠨ ᠳᠡᠭᠡᠨ ᠪᠠᠷᠢ ᠭᠤᠶᠤᠬᠤ ᠪᠠᠷ ᠶᠠᠪᠣᠵᠤ ᠪᠠᠢ᠌ᠬᠤ ᠶᠢ ᠨᠢ ᠣᠢ᠌ᠯᠠᠭᠠᠵᠤ ᠮᠡᠳᠡᠭᠡᠤᠨ ᠢᠩᠭᠢᠵᠤ ᠭᠡᠯᠡᠵᠡᠢ᠄ 《ᠡᠨᠡ ᠭᠦᠪᠠᠭᠦᠨ ᠴᠢᠨᠢ ᠨᠢᠳᠤᠨ ᠳᠡᠭᠡᠨ ᠭᠠᠯ ᠲᠡᠶ᠂ ᠨᠢᠭᠤᠷ ᠲᠠᠭᠠᠨ ᠭᠡᠷᠡᠯ ᠲᠡᠶ ᠭᠦᠪᠠᠭᠦᠨ ᠪᠣᠶᠤ᠃ ᠪᠢ ᠡᠨᠡ ᠰᠦᠨᠢ ᠴᠠᠭᠠᠨ ᠱᠤᠩᠬᠤᠷ ᠨᠠᠷᠠᠨ ᠰᠠᠷᠠᠨ ᠬᠤᠶᠠᠷ ᠢ ᠠᠤᠠᠬᠤᠨ ᠨᠢᠰᠴᠤ ᠢᠷᠡᠭᠡᠤᠨ ᠮᠢᠨᠤ ᠭᠠᠷ ᠳᠡᠭᠡᠷ᠎ᠡ ᠪᠠᠭᠤᠪᠠ ᠭᠡᠵᠤ ᠵᠡᠭᠦᠳᠦᠯᠡᠪᠡ᠃ ᠨᠠᠷᠠᠨ ᠰᠠᠷᠠᠨ ᠨᠢ ᠥᠵᠡᠭ᠍ᠳᠡᠵᠤ ᠬᠠᠷᠠᠭᠳᠠᠳᠠᠭ ᠪᠣᠯᠪᠠᠴᠤ ᠱᠤᠩᠬᠤᠷ ᠰᠢᠪᠠᠭᠤᠨ ᠠᠳᠬᠤᠨ ᠢᠷᠡᠭ᠍ᠰᠡᠨ ᠨᠢ ᠶᠠᠮᠠᠷ ᠰᠠᠢ᠌ᠨ ᠲᠤᠬᠢᠶᠠᠯ ᠪᠣᠯᠬᠤ ᠪᠣᠶᠤ ᠭᠡᠵᠤ ᠪᠢᠳᠠ ᠭᠡᠯᠡᠯᠴᠡᠵᠡᠭᠡᠭ᠍ᠰᠡᠨ ᠶᠤᠮ᠃ ᠱᠤᠩᠬᠤᠷ ᠰᠢᠪᠠᠭᠤᠨ ᠪᠣᠯ ᠳᠠᠨ ᠤ ᠭᠢᠶᠠᠤᠨ ᠢᠷᠭᠡᠨ ᠤ ᠰᠦᠯᠳᠡ ᠪᠣᠯᠬᠤ ᠳᠤᠯᠠ ᠶ‍ᠢᠰᠦᠭᠡᠢ ᠬᠤᠳᠠ ᠳᠠ ᠭᠦᠪᠠᠭᠦᠨ ᠶᠢᠡᠨ ᠳᠠᠭᠠᠭᠤᠯᠤᠨ ᠢᠷᠡᠭ᠍ᠰᠡᠨ ᠨᠢ ᠡᠨᠡᠭᠦ ᠪᠠᠯᠭᠡ ᠪᠣᠯᠪᠠ》 ᠭᠡᠵᠡᠢ᠃ ᠳ᠋ᠠᠢ ᠰᠠᠴᠠᠨ᠄ 《ᠨᠤᠭᠤᠨ ᠭᠦᠪᠠᠭᠦᠤᠨ ᠨᠤᠳᠤᠭ ᠬᠠᠷᠠᠶᠤ᠂ ᠦᠬᠢᠨ ᠭᠦᠪᠠᠭᠦᠤᠨ ᠥᠩᠭᠡ ᠥᠵᠡᠭ᠍ᠳᠡᠶᠤ᠃ ᠶ‍ᠢᠰᠦᠭᠡᠢ ᠬᠤᠳᠠ︕ ᠭᠡᠷ ᠲᠤ ᠮᠢᠨᠢ ᠣᠳᠤᠶ᠎ᠠ᠂ ᠦᠬᠢᠨ ᠮᠢᠨᠢ ᠥᠴᠦᠭᠡᠨ ᠪᠣᠶᠤ᠂ ᠬᠤᠳᠠ ᠥᠵᠡᠳᠦᠭᠡᠢ︕》 ᠭᠡᠵᠤ ᠭᠡᠷ ᠲᠡᠭᠡᠨ ᠣᠳᠤᠷᠢᠤᠠᠴᠤ ᠪᠠᠭᠤᠯᠭᠠᠪᠠ᠃ ᠶ‍ᠢᠰᠦᠭᠡᠢ ᠪᠠᠭᠠᠳᠤᠷ ᠦᠬᠢᠨ ᠢ ᠦᠵᠡᠪᠠᠯ᠂ ᠨᠢᠭᠤᠷ ᠲᠠᠭᠠᠨ ᠭᠡᠷᠡᠯ ᠲᠡᠶ᠂ ᠨᠢᠳᠤᠨ ᠳᠡᠭᠡᠨ ᠭᠠᠯ ᠲᠡᠶ᠂ ᠭᠤᠸ᠎ᠠ ᠭᠡᠭᠡᠡᠴᠢᠷ᠂ ᠴᠤᠭ ᠵᠢᠪᠬᠤᠯᠠᠩ ᠳᠡᠭᠦᠰ ᠪᠦᠷᠢᠨ ᠳᠤᠯᠠ ᠶ‍ᠢᠰᠦᠭᠡᠢ ᠪᠠᠭᠠᠳᠤᠷ ᠦᠵᠡᠵᠤ ᠰᠠᠨᠠᠭᠠᠨ ᠳ᠋ᠤᠨᠢ ᠨᠠᠢ᠌ᠯᠠᠵᠠᠢ᠃ ᠳᠠᠷᠠ ᠰᠦᠨᠢ ᠬᠤᠨᠤᠵᠤ᠂ ᠮᠠᠷᠭᠠᠰᠢ ᠳ᠋ᠠᠢ ᠰᠠᠴᠠᠨ ᠡᠴᠡ ᠦᠬᠢᠨ ᠢ ᠨᠢ ᠭᠤᠶᠤᠪᠠᠯ᠂ ᠳ᠋ᠠᠢ ᠰᠠᠴᠠᠨ᠄ 《ᠣᠯᠠᠠᠳᠠ ᠭᠤᠶᠤᠭᠤᠯᠵᠤ ᠥᠭ᠍ᠪᠠᠯ ᠳᠡᠭᠡᠵᠢᠯᠡᠭ᠍ᠳᠡᠭᠦ᠂ ᠴᠥᠭᠡ᠊ᠨᠳᠡ ᠭᠤᠶᠤᠭᠤᠯᠵᠤ ᠥᠭ᠍ᠪᠠᠯ ᠳᠤᠷᠤᠮᠵᠢᠯᠠᠭᠳᠠᠬᠤ ᠭᠡᠯ᠎ᠡ᠃ ᠭᠡᠳᠦᠢ ᠳᠠᠢ᠌ᠨ ᠥᠭᠦᠯᠡᠪᠠᠴᠤ ᠦᠬᠢᠨ ᠭᠦᠮᠤᠨ ᠤ ᠵᠠᠶᠠᠭ᠎ᠠ᠂ ᠳᠦᠷᠦᠭ᠍ᠰᠡᠨ ᠡᠭᠦᠳᠡᠨ ᠳᠤ ᠥᠳᠡᠯᠭᠦ ᠦᠭᠡᠶ᠃ ᠪᠢᠳᠠ ᠦᠬᠢᠨ ᠶᠢᠡᠨ ᠥᠭ᠍ᠰᠤ᠃ ᠭᠦᠪᠠᠭᠦᠨ ᠶᠢᠡᠨ ᠮᠦᠨ ᠭᠦᠷᠭᠡᠤᠨ ᠲᠤ ᠳᠠᠯᠪᠢᠵᠤ ᠣᠤᠨ》 ᠭᠡᠵᠡᠢ᠃ ᠢᠩᠭᠢᠵᠤ ᠪᠦᠷᠳᠡ ᠦᠵᠢᠨ ᠪᠣᠯᠤᠨ ᠳᠠᠮᠤᠵᠢᠨ ᠰᠦᠢ᠌ ᠣᠷᠤᠭ ᠳᠤᠭᠳᠠᠵᠠᠢ᠃ 1178 ᠣᠨ ᠳᠤ ᠬᠤᠶᠠᠭᠤᠯᠠ ᠬᠤᠷᠢᠮᠯᠠᠵᠠᠢ᠃ ᠬᠤᠷᠢᠮᠯᠠᠭᠠᠤᠨ ᠳᠠᠮᠠᠢ ᠣᠳᠠᠭᠰᠠᠨ ᠦᠭᠡᠶ ᠪᠦᠷᠳᠡ ᠬᠠᠳᠤᠨ ᠮᠡᠷᠭᠢᠳ ᠲᠤ ᠣᠯᠵᠠᠯᠠᠭᠳᠠᠨ ᠣᠴᠢᠵᠤ᠂ ᠮᠡᠷᠭᠢᠳ ᠤᠨ ᠴᠢᠯᠡᠭᠡᠷ ᠪᠦᠭᠡ ᠶᠢᠨ ᠮᠠᠳᠠᠯ ᠳᠤ ᠶ‍ᠢᠰᠤᠨ ᠰᠠᠷ᠎ᠠ ᠭᠠᠷᠤᠢ ᠪᠣᠯᠵᠤ᠂ ᠮᠠᠰᠢ ᠵᠤᠪᠠᠭᠤᠷᠢ ᠵᠥᠳᠡᠭᠦᠷᠢ ᠲᠡᠶ ᠠᠮᠢᠳᠤᠷᠠᠯ ᠢ ᠥᠩᠭᠡᠷᠡᠭᠡᠭ᠍ᠰᠡᠨ ᠪᠠᠢ᠌ᠨ᠎ᠠ᠃ ᠠᠢ᠌ᠮᠠᠭ ᠣᠭᠰᠠᠭ᠎ᠠ ᠨᠢ ᠰᠠᠷᠨᠢᠵᠤ᠂ ᠠᠢ᠌ᠯ ᠭᠡᠷ ᠨᠢ ᠥᠨᠦᠴᠢᠷᠡᠭ᠍ᠰᠡᠨ ᠭᠦᠴᠢᠷ ᠪᠠᠷᠭᠡ ᠠᠮᠢᠳᠤᠷᠠᠯ ᠢ ᠴᠢᠩᠭᠢᠰ ᠬᠠᠭᠠᠨ ᠲᠡᠶ ᠬᠠᠮᠳᠤ ᠥᠩᠭᠡᠷᠡᠭᠡᠵᠡᠢ᠃ ᠳᠠᠮᠤᠵᠢᠨ ᠤ ᠨᠢᠭᠡ ᠨᠠᠰᠤᠨ ᠤ ᠠᠮᠢᠳᠤᠷᠠᠯ ᠳᠤ ᠪᠦᠷᠳᠡ ᠦᠵᠢᠨ ᠲᠤᠩ ᠴᠢᠬᠤᠯᠠ ᠣᠢ᠌ᠯᠠᠳᠤᠯ ᠥᠵᠡᠭᠦᠯᠦᠭ᠍ᠰᠡᠨ ᠪᠠᠢ᠌ᠳᠠᠭ᠃ ᠡᠭᠦᠨ ᠳᠤ ᠪᠦᠷᠳᠡ ᠬᠠᠳᠤᠨ ᠦᠪᠡᠷ ᠤᠨ ᠭᠡᠷ ᠤᠨ ᠭᠢᠨᠢ ᠭᠦᠷᠭᠡᠭ᠍ᠰᠡᠨ ᠪᠣᠯᠠᠭᠠᠨ ᠠᠷᠠᠰᠤᠨ ᠳᠠᠬᠤ ᠪᠠᠨ ᠬᠠᠷᠠᠮ ᠦᠭᠡᠶ ᠸᠠᠩ ᠬᠠᠨ ᠳᠤ ᠪᠠᠯᠡᠭ᠌ ᠪᠣᠯᠭᠠᠨ ᠭᠦᠷᠭᠡᠵᠤ ᠳᠡᠮᠵᠢᠯᠭᠡ ᠣᠯᠤᠭᠰᠠᠨ ᠪᠠ ᠵᠠᠮᠤᠬ᠎ᠠ ᠶᠢᠨ ᠰᠠᠨᠠᠭ᠎ᠠ ᠶᠢ ᠣᠬᠠᠭᠠᠵᠤ ᠮᠠᠳᠠᠵᠤ ᠴᠢᠩᠭᠢᠰ ᠬᠠᠭᠠᠨ ᠳᠤ ᠰᠠᠨᠠᠭᠤᠯᠤᠭᠰᠠᠨ ᠵᠢᠴᠢ ᠬᠤᠩᠬᠤᠳᠠᠨ ᠣᠪᠣᠭᠳᠠᠨ ᠤ ᠭᠦᠭᠡᠴᠤ ᠪᠦᠭᠡ ᠶᠢᠨ ᠶᠠᠯᠠᠳᠤ ᠠᠵᠢᠯᠯᠠᠭ᠎ᠠ ᠶᠢ ᠢᠯᠠᠴᠢᠯᠠᠨ ᠰᠢᠭᠦᠮᠵᠢᠯᠡᠵᠤ᠂ ᠴᠢᠩᠭᠢᠰ ᠬᠠᠭᠠᠨ ᠳᠤ ᠰᠠᠨᠠᠭᠤᠯᠤᠭᠰᠠᠨ ᠭᠦᠡᠳᠤ ᠴᠢᠬᠤᠯᠠ ᠭᠠᠪᠢᠶ᠎ᠠ ᠵᠡᠷᠭᠡ ᠪᠣᠢ᠃ 1265 ᠣᠨ ᠳᠤ ᠬᠤᠪᠢᠯᠠᠢ ᠬᠠᠭᠠᠨ ᠡᠴᠡ ᠪᠦᠷᠳᠡ ᠬᠠᠳᠤᠨ ᠢ 《ᠪᠣᠭᠳᠠ ᠶᠢᠨ ᠲᠦᠰᠢᠶ᠎ᠠ ᠭᠡᠭᠡᠨ ᠢᠪᠠᠭᠡᠯᠳᠤ ᠬᠠᠳᠤᠨ》 ᠭᠡᠮᠡᠨ ᠨᠡᠭᠡᠮᠵᠢᠯᠡᠨ ᠡᠷᠭᠦᠮᠵᠢᠯᠡᠵᠤ ᠳᠡᠭᠡᠳᠦᠰ ᠤᠨ ᠰᠦᠮ᠎ᠡ ᠳᠡᠭᠡᠨ ᠳᠠᠭᠢᠵᠤ ᠪᠠᠢ᠌ᠵᠠᠢ᠃ ᠳᠠᠷᠠ ᠪᠣᠯ ᠳᠠᠮᠤᠵᠢᠨ ᠳᠤ ᠠᠪᠴᠤ ᠭᠡᠯᠡᠪᠠᠯ ᠥᠨᠡᠭᠡᠷ ᠭᠦᠴᠤᠨ ᠰᠤᠷᠪᠣᠯᠵᠢ ᠶᠢᠨ ᠭᠢᠨᠢ ᠡᠭᠢ ᠢᠷᠠᠯᠳᠠ ᠨᠢ ᠪᠠᠢ᠌ᠯ᠎ᠠ᠃ ᠡᠡᠭ᠌ ᠳᠡᠷᠢᠭᠦᠨ ᠳᠤ᠂ ᠳᠠᠷᠠ ᠳᠠᠮᠤᠵᠢᠨ ᠳᠤ ᠵᠦᠴᠢ᠂ ᠴᠠᠭᠠᠳᠠᠢ᠂ ᠥᠭᠡᠳᠡᠢ᠂ ᠳᠤᠯᠤᠢ ᠳᠦᠷᠪᠡᠨ ᠬᠠᠨ ᠭᠦᠪᠠᠭᠦᠨ ᠲᠦᠷᠦᠵᠤ ᠦᠭ‍ᠭᠦᠭ᠍ᠰᠡᠨ ᠶᠤᠮ᠃ ᠪᠠᠰᠠ ᠷᠠᠰᠢᠳ᠋ ᠊᠊᠊᠊᠊᠊᠊᠊᠊᠊᠊᠊᠊᠊᠊ ᠠᠳ᠋ ᠊᠊᠊᠊᠊᠊᠊᠊᠊᠊᠊᠊᠊᠊᠊ ᠳ᠋ᠢᠨ ᠤ 《ᠰᠤᠳᠤᠷ ᠤᠨ ᠴᠢᠭᠤᠯᠭᠠᠨ》 ᠊ᠤ ᠳᠡᠮᠳᠡᠭᠯᠡᠯ ᠢ ᠦᠨᠳᠦᠰᠦᠯᠠᠪᠠᠯ᠂ ᠪᠦᠷᠳᠡ ᠡᠴᠡ ᠳᠠᠪᠤᠨ ᠭᠦᠩᠵᠤ ᠲᠡᠶ ᠭᠡᠵᠤ ᠪᠣᠢ᠃ ᠡ᠊ᠨᠳᠡ ᠣᠠᠴᠠᠭᠠᠢ᠌ᠯᠠᠨ ᠵᠢᠭᠠᠵᠤ ᠭᠠᠷᠭᠠᠭᠤᠰᠢᠳᠠᠢ ᠨᠢ ᠪᠦᠷᠳᠡ ᠬᠠᠳᠤᠨ ᠪᠣᠳᠠᠳᠤ ᠣᠢ᠌ᠯᠠ ᠠᠵᠢᠯᠯᠠᠭ᠎ᠠ ᠪᠠᠷ ᠶᠢᠡᠨ ᠳᠠᠮᠤᠵᠢᠨ ᠤ ᠣᠢ᠌ᠯᠠᠰ ᠲᠤ ᠵᠢᠦᠡᠭᠦᠯ ᠥᠵᠡᠭᠦᠯᠦᠭ᠍ᠰᠡᠨ ᠡᠴᠡ ᠥᠨᠡᠭᠡᠷ ᠳᠠᠮᠤᠵᠢᠨ ᠤ ᠬᠠᠵᠠᠭᠤ ᠳ᠋ᠠᠭᠢ ᠭᠤᠤᠯ ᠵᠥᠪᠯᠡᠭ᠍ᠴᠢ ᠨᠢ ᠮᠦᠨ᠃ ᠳᠠᠮᠤᠵᠢᠨ ᠤ ᠰᠠᠮᠠᠭᠠᠷᠳᠠᠵᠤ ᠪᠠᠢ᠌ᠬᠤ ᠵᠠᠩᠭᠢᠯᠠᠭ᠎ᠠ ᠶᠢᠨ ᠦᠶ᠎ᠡ ᠳᠤ ᠣᠳᠠᠭ᠎ᠠ ᠪᠦᠷᠢ ᠪᠦᠷᠳᠡ ᠬᠠᠳᠤᠨ ᠰᠤᠷᠭᠤᠭ ᠪᠠᠷ ᠬᠤᠯᠠ ᠶᠢᠨ ᠬᠠᠷᠠᠴᠠ ᠲᠡᠶ ᠪᠠᠷ ᠵᠠᠮ ᠮᠦᠷ ᠢ ᠨᠢ ᠵᠢᠭᠠᠵᠤ ᠦᠭ‍ᠭᠦᠭ᠍ᠰᠡᠨ ᠪᠠᠢ᠌ᠳᠠᠭ᠃ ᠡᠨᠡ ᠨᠢ ᠳᠠᠮᠤᠵᠢᠨ ᠤ ᠢᠷᠡᠭᠡᠳᠦᠢ ᠶᠢᠨ ᠣᠢ᠌ᠯᠠᠰ ᠲᠤ ᠮᠠᠰᠢ ᠴᠢᠬᠤᠯᠠ ᠰᠢ᠌ᠦᠡᠪᠦᠷᠢᠯᠡᠭ᠍ᠴᠢ ᠣᠢ᠌ᠯᠠᠳᠤᠯ ᠥᠵᠡᠭᠦᠯᠵᠡᠢ᠃ ᠪᠦᠷᠳᠡ ᠬᠠᠳᠤᠨ ᠤ ᠣᠷᠳᠤ ᠶᠢᠨ ᠳᠤᠬᠠᠢ 《ᠯᠤ᠋·ᠠᠯᠳᠠᠨ ᠳᠤᠪᠴᠢ》 ᠳ᠋ᠤ 《ᠪᠦᠷᠳᠡᠭᠡᠯᠵᠢᠨ ᠬᠠᠳᠤᠨ ᠤ ᠣᠷᠳᠤ ᠢᠨᠤ ᠭᠦᠷᠦᠢ ᠣᠷᠳᠤ》 ᠭᠡᠵᠤ᠂ 《ᠪᠠᠶ᠎ᠠ ᠪᠠᠷ ᠳᠠᠢ᠌ᠯᠠᠭᠰᠠᠨ ᠳᠡᠮᠳᠡᠭᠯᠡᠯ》 ᠳᠤ 《ᠳᠠᠢ᠌ᠽᠤ ᠬᠠᠭᠠᠨ ᠤ ᠶᠡᠭᠡ ᠣᠷᠳᠤ》 ᠭᠡᠵᠤ᠂ 《ᠶᠤᠸᠠᠨ ᠣᠯᠤᠰ ᠤᠨ ᠳᠡᠦᠭᠡ》 ᠳᠤ 《ᠭᠡᠷᠦᠯᠤᠨ ᠤ ᠠᠶᠠᠨ ᠣᠷᠳᠤ》 ᠭᠡᠵᠤ ᠳᠤᠰ ᠳᠤᠰ ᠠᠳᠠᠯᠢ ᠦᠭᠡᠶ ᠳᠡᠮᠳᠡᠭᠯᠡᠵᠡᠢ᠃ ᠪᠦᠷᠳᠡ ᠬᠠᠳᠤᠨ ᠤ ᠨᠠᠰᠤ ᠨᠥᠭ᠍ᠴᠢᠭ᠍ᠰᠡᠨ ᠣᠨ ᠤ ᠳᠤᠬᠠᠢ ᠳᠤᠳᠤᠷᠬᠠᠢ ᠳᠡᠮᠳᠡᠭᠯᠡᠯ ᠦᠭᠡᠶ᠃

ᠬᠤᠯᠠᠨ ᠬᠠᠳᠤᠨ ᠪᠣᠯ ᠴᠢᠩᠭᠢᠰ ᠬᠠᠭᠠᠨ ᠤ ᠬᠤᠶᠠᠳᠤᠭᠠᠷ ᠬᠠᠳᠤᠨ ᠪᠣᠯᠤᠨ᠎ᠠ᠃ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠣᠸᠠᠰ ᠮᠡᠷᠭᠢᠳ ᠤᠨ ᠠᠬᠠᠯᠠᠭᠴᠢ ᠳᠠᠢ᠌ᠷ ᠣᠰᠤᠨ ᠤ ᠦᠬᠢᠨ᠃ ᠴᠢᠩᠭᠢᠰ ᠬᠠᠭᠠᠨ ᠤ ᠬᠤᠶᠠᠳᠤᠭᠠᠷ ᠣᠷᠳᠤ ᠶᠢᠨ ᠭᠤᠤᠯ ᠬᠠᠳᠤᠨ ᠮᠦᠨ᠃ ᠬᠤᠯᠠᠨ ᠬᠠᠳᠤᠨ ᠤ ᠡᠴᠢᠭᠡ ᠳᠠᠢ᠌ᠷ ᠣᠰᠤᠨ᠂ ᠣᠳᠣᠢ᠌ᠤᠨ ᠮᠡᠷᠭᠢᠳ ᠠᠢ᠌ᠮᠠᠭ ᠤᠨ ᠳᠤᠭᠳᠤᠬ᠎ᠠ ᠪᠠᠭᠢ ᠪᠣᠯᠤᠨ ᠬᠠᠭᠠᠤᠨ ᠮᠡᠷᠭᠢᠳ ᠠᠢ᠌ᠮᠠᠭ ᠤᠨ ᠬᠠᠭᠠᠳᠠᠢ ᠳᠠᠷᠮᠠᠯᠠ ᠵᠡᠷᠭᠡ ᠬᠠᠮᠳᠤ ᠪᠠᠷ ᠴᠢᠩᠭᠢᠰ ᠬᠠᠭᠠᠨ ᠢ ᠳᠠᠭᠠᠷᠢᠵᠤ᠂ ᠪᠦᠷᠳᠡ ᠦᠵᠢᠨ ᠢ ᠣᠯᠵᠠᠯᠠᠨ ᠠᠪᠠᠴᠢᠭᠰᠠᠨ ᠦᠰᠢᠶ᠎ᠠ ᠲᠡᠶ᠃ 1204 ᠣᠨ ᠤ ᠨᠠᠮᠤᠷ ᠳᠠᠮᠤᠵᠢᠨ ᠬᠠᠷ᠎ᠠ ᠳᠠᠯ᠎ᠠ ᠶᠢᠨ ᠢᠵᠠᠭᠤᠷ ᠤᠨ ᠭᠤᠤᠯ ᠤᠨ ᠳᠡᠭᠡᠳᠤ ᠳᠤᠬᠤᠢ ᠳᠤ ᠮᠡᠷᠭᠢᠳ ᠤᠨ ᠥᠯᠡᠳᠡᠭ᠍ᠳᠡᠯ ᠭᠦᠴᠤ ᠲᠡᠶ ᠪᠠᠢ᠌ᠯᠳᠤᠭᠰᠠᠨ ᠪᠠᠢ᠌ᠨ᠎ᠠ᠃ ᠮᠡᠷᠭᠢᠳ ᠤᠨ ᠥᠯᠡᠳᠡᠭ᠍ᠳᠡᠯ ᠭᠦᠴᠤᠨ ᠣᠰᠠᠤᠠᠬᠠᠭᠳᠠᠬᠤ ᠣᠢ᠌ᠷᠠᠳᠤᠬᠤ ᠳᠤ ᠣᠸᠠᠰ ᠮᠡᠷᠭᠢᠳ ᠤᠨ ᠠᠬᠠᠯᠠᠭᠴᠢ ᠳᠠᠢ᠌ᠷ ᠣᠰᠤᠨ ᠦᠪᠡᠷ ᠤᠨ ᠬᠤᠯᠠᠨ ᠨᠠᠷᠠᠳᠤ ᠦᠬᠢᠨ ᠶᠢᠡᠨ ᠳᠠᠭᠠᠭᠤᠯᠵᠤ᠂ ᠴᠢᠩᠭᠢᠰ ᠬᠠᠭᠠᠨ ᠳᠤ ᠠᠪᠴᠢᠷᠠᠵᠤ ᠥᠵᠡᠭᠦᠯᠵᠤ ᠥᠭ᠍ᠰᠤ ᠭᠡᠵᠤ ᠠᠢ᠌ᠰᠤᠬᠤ ᠶᠢᠨ ᠵᠠᠭᠤᠷ᠎ᠠ᠂ ᠴᠡᠷᠢᠭ᠌ ᠲᠤ ᠬᠣᠢ᠌ᠭᠯᠠᠭᠳᠠᠵᠤ ᠪᠠᠢ᠌ᠭᠠᠤᠨ ᠪᠠᠭᠠᠷᠢᠳᠠᠢ ᠶᠢᠨ ᠨᠠᠶᠠᠭ᠎ᠠ ᠨᠤᠶᠠᠨ ᠲᠡᠶ ᠣᠴᠠᠷᠠᠪᠠ᠃ ᠳᠠᠢ᠌ᠷ ᠣᠰᠤᠨ᠄ 《ᠪᠢ ᠡᠨᠡ ᠦᠬᠢᠨ ᠶᠢᠡᠨ ᠴᠢᠩᠭᠢᠰ ᠬᠠᠭᠠᠨ ᠳᠤ ᠥᠵᠡᠭᠦᠯᠰᠤ ᠭᠡᠵᠤ ᠠᠢ᠌ᠰᠤ》 ᠭᠡᠪᠠᠯ᠂ ᠨᠠᠶᠠᠭ᠎ᠠ ᠥᠭᠦᠯᠡᠷᠤᠨ᠄ 《ᠴᠢᠨᠤ ᠦᠬᠢᠨ ᠢ ᠪᠢᠳᠠ ᠬᠠᠮᠳᠤ ᠠᠪᠠᠴᠢᠵᠤ ᠥᠵᠡᠭᠦᠯᠦᠶ᠎ᠡ᠃ ᠴᠢ ᠭᠠᠭᠴᠠᠭᠠᠷ ᠣᠤᠠᠪᠠᠯ ᠰᠠᠮᠠᠭᠤᠨ ᠴᠠᠭ ᠲᠤ ᠴᠡᠷᠢᠭ᠌ ᠴᠢᠮ᠎ᠠ ᠶᠢ ᠬᠤᠤᠷᠯᠠᠵᠤ᠂ ᠦᠬᠢᠨ ᠲᠡᠶ ᠴᠢᠨᠢ ᠪᠠᠰᠠ ᠰᠠᠮᠠᠭᠤᠷᠠᠬᠤ ᠪᠣᠢ᠃ ᠡ᠊ᠨᠳᠡ ᠭᠤᠷᠪᠠᠨ ᠡᠳᠦᠷ ᠭᠦᠯᠢᠶᠡᠵᠤ ᠪᠠᠢ᠌ᠭᠠᠷᠠᠢ》 ᠭᠡᠵᠤ ᠭᠤᠷᠪᠠ ᠬᠤᠨᠤᠭ ᠭᠦᠯᠢᠶᠡᠯᠭᠡᠪᠡ᠃ ᠳᠠᠠᠳᠠ ᠰᠠᠮᠠᠭᠤᠨ ᠥᠩᠭᠡᠷᠡᠭ᠍ᠰᠡᠨ ᠤ ᠬᠣᠢ᠌ᠨ᠎ᠠ᠂ ᠨᠠᠶᠠᠭ᠎ᠠ ᠨᠤᠶᠠᠨ ᠬᠤᠯᠠᠨ ᠬᠠᠳᠤᠨ ᠢ ᠳᠠᠢ᠌ᠷ ᠣᠰᠤᠨ ᠲᠡᠶ ᠬᠠᠮᠳᠤ ᠠᠪᠣᠭᠠᠤᠨ ᠴᠢᠩᠭᠢᠰ ᠬᠠᠭᠠᠨ ᠳᠤ ᠭᠦᠷᠭᠡᠪᠡ᠃ ᠴᠢᠩᠭᠢᠰ ᠬᠠᠭᠠᠨ ᠨᠠᠶᠠᠭ᠎ᠠ ᠳᠤ ᠮᠠᠰᠢ ᠭᠢᠯᠢᠩᠨᠠᠵᠤ᠄ 《ᠴᠢ ᠶᠠᠭᠠᠭᠢᠨ ᠳᠦᠳᠡᠭᠡᠵᠤ ᠠᠵᠠᠨᠠᠵᠤ ᠪᠠᠢ᠌ᠪᠠ︖》 ᠭᠡᠵᠤ ᠴᠢᠩᠭ᠋᠎ᠠ ᠳᠤᠯᠭᠠᠨ ᠠᠰᠠᠭᠤᠵᠤ᠂ ᠵᠠᠰᠠᠭᠯᠠᠨ ᠰᠢᠦᠡᠭᠡᠭᠦ ᠭᠡᠵᠤ ᠪᠠᠢ᠌ᠬᠤ ᠳᠤ ᠬᠤᠯᠠᠨ ᠬᠠᠳᠤᠨ ᠥᠭᠦᠯᠡᠷᠤᠨ᠄ 《ᠨᠠᠶᠠᠭ᠎ᠠ ᠢᠤᠠᠬᠠᠨ ᠭᠡᠯᠡᠭ᠍ᠰᠡᠨ ᠨᠢ᠄ 〈ᠪᠢ ᠴᠢᠩᠭᠢᠰ ᠬᠠᠭᠠᠨ ᠤ ᠶᠡᠭᠡ ᠨᠤᠶᠠᠨ ᠪᠣᠶᠤ᠃ ᠪᠢᠳᠠ ᠬᠠᠮᠳᠤ ᠦᠬᠢᠨ ᠢ ᠴᠢᠨᠢ ᠬᠠᠭᠠᠨ ᠳᠤ ᠥᠵᠡᠭᠦᠯᠦᠶ᠎ᠡ᠃ ᠵᠠᠮ ᠵᠠᠭᠤᠷ᠎ᠠ ᠴᠡᠷᠢᠭ᠌ ᠤᠳ ᠰᠠᠮᠠᠭᠤᠷᠠᠵᠤ ᠪᠠᠢ᠌ᠨ᠎ᠠ〉 ᠭᠡᠵᠤ ᠢᠤᠠᠬᠠᠪᠠ᠃ ᠭᠡᠷᠪᠡ ᠨᠠᠶᠠᠭ᠎ᠠ ᠨᠤᠶᠠᠨ ᠡᠴᠡ ᠪᠣᠰᠤᠳ ᠴᠡᠷᠢᠭ᠌ ᠤᠳ ᠲᠤ ᠣᠴᠠᠷᠠᠭᠰᠠᠨ ᠪᠣᠯ ᠰᠠᠮᠠᠭᠤᠨ ᠳᠤ ᠡ᠊ᠨᠳᠡᠭ᠍ᠳᠡᠯ ᠭᠠᠷᠴᠤ ᠮᠠᠳᠠᠨ᠎ᠠ᠃ ᠬᠠᠢ︕ ᠨᠠᠶᠠᠭ᠎ᠠ ᠲᠡᠶ ᠣᠴᠠᠷᠠᠭᠰᠠᠨ ᠶᠠᠪᠣᠳᠠᠯ ᠰᠠᠢ᠌ᠨ ᠪᠣᠯᠪᠠ᠃ ᠡᠳᠦᠭᠡ ᠬᠠᠭᠠᠨ ᠰᠤᠶᠤᠷᠬᠠᠪᠠᠯ᠂ ᠨᠠᠶᠠᠭ᠎ᠠ ᠡᠴᠡ ᠠᠰᠠᠭᠤᠳᠠᠯ᠎ᠠ ᠳᠡᠭ᠍ᠷᠢ ᠶᠢᠨ ᠵᠠᠶᠠᠭ᠎ᠠ ᠪᠠᠷ ᠡᠴᠢᠭᠡ ᠡᠭᠡ ᠶᠢᠨ ᠳᠦᠷᠦᠭᠦᠯᠦᠭ᠍ᠰᠡᠨ ᠪᠠᠶ᠎ᠠ ᠮᠠᠬᠠᠪᠣᠤᠨ ᠡᠴᠡ ᠰᠢᠯᠭᠠᠨ ᠠᠰᠠᠭᠤᠰᠤᠭᠠᠢ》 ᠭᠡᠵᠤ ᠦᠴᠢᠪᠠ᠃ ᠴᠢᠩᠭᠢᠰ ᠬᠠᠭᠠᠨ ᠬᠤᠯᠠᠨ ᠬᠠᠳᠤᠨ ᠤ ᠥᠭᠡ ᠶᠢ ᠵᠦᠪᠰᠢᠶᠠᠵᠤ᠂ ᠮᠦᠨ ᠡᠳᠦᠷ ᠲᠤ ᠰᠤᠷᠢᠪᠠᠯ ᠬᠤᠯᠠᠨ ᠬᠠᠳᠤᠨ ᠤ ᠦᠴᠢᠯ ᠲᠡᠶ ᠠᠳᠠᠯᠢ ᠪᠣᠯᠪᠠ᠃ ᠴᠢᠩᠭᠢᠰ ᠬᠠᠭᠠᠨ ᠬᠤᠯᠠᠨ ᠬᠠᠳᠤᠨ ᠢ ᠰᠤᠶᠤᠷᠬᠠᠵᠤ ᠳᠠᠭᠠᠯᠠᠪᠠ᠃ ᠨᠠᠶᠠᠭ᠎ᠠ ᠶᠢᠨ ᠥᠭᠡᠰ ᠮᠦᠨ ᠠᠳᠠᠯᠢ ᠳᠤᠯᠠ ᠵᠦᠪᠰᠢᠶᠠᠵᠤ᠄ 《ᠦᠨᠡᠨ ᠥᠭᠡ ᠲᠡᠶ ᠭᠦᠮᠤᠨ ᠠᠵᠢ᠃ ᠶᠡᠭᠡ ᠣᠢ᠌ᠯᠠ ᠲᠦᠰᠢᠰᠤ》 ᠭᠡᠵᠤ ᠰᠤᠶᠤᠷᠬᠠᠪᠠ᠃ ᠡᠢ᠌ᠨ ᠭᠦ ᠬᠤᠯᠠᠨ ᠬᠠᠳᠤᠨ ᠴᠢᠩᠭᠢᠰ ᠬᠠᠭᠠᠨ ᠤ ᠳᠤᠳᠤᠨᠤᠴᠢᠯᠠᠯ ᠢ ᠨᠠᠩ ᠣᠯᠵᠤ᠂ ᠬᠤᠶᠠᠳᠤᠭᠠᠷ ᠬᠠᠳᠤᠨ ᠨᠢ ᠪᠣᠯᠵᠠᠢ᠃ 1219 ᠣᠨ ᠳᠤ ᠴᠢᠩᠭᠢᠰ ᠬᠠᠭᠠᠨ ᠰᠠᠷᠳᠠᠭᠤᠯ ᠢᠷᠭᠡᠤᠨ ᠲᠤ ᠮᠤᠷᠢᠯᠠᠬᠤ ᠳᠠᠢ᠌ᠨ ᠳᠤ ᠬᠠᠳᠤᠳ ᠤᠨ ᠳᠤᠮᠳᠠ ᠡᠴᠡ ᠭᠠᠭᠴᠠ ᠬᠤᠯᠠᠨ ᠬᠠᠳᠤᠨ ᠢ ᠳᠠᠭᠠᠭᠤᠯᠵᠤ ᠮᠤᠷᠳᠠᠭᠰᠠᠨ ᠪᠠᠢ᠌ᠨ᠎ᠠ᠃ ᠰᠤᠷᠪᠣᠯᠵᠢ ᠳᠡᠮᠳᠡᠭᠯᠡᠯ ᠳᠤ ᠰᠠᠭᠤᠷᠢᠯᠠᠪᠠᠯ᠂ ᠬᠤᠯᠠᠨ ᠬᠠᠳᠤᠨ ᠡᠴᠡ ᠭᠦᠯᠭᠡᠨ ᠭᠡᠳᠡᠭ᠌ ᠨᠠᠷ᠎ᠠ ᠲᠡᠶ ᠨᠢᠭᠡ ᠭᠦᠪᠠᠭᠦᠨ ᠲᠡᠶ ᠪᠠᠢ᠌ᠵᠤ᠂ ᠪᠠᠳᠤ ᠶᠢᠨ ᠳᠠᠢ᠌ᠴᠢᠯᠠᠭᠰᠠᠨ 《ᠠᠬᠠᠮᠠᠤᠨ ᠭᠦᠪᠠᠭᠦᠤᠨ ᠤᠨ ᠪᠠᠷᠠᠭᠤᠠᠰᠢ ᠳᠠᠢ᠌ᠴᠢᠯᠠᠭᠰᠠᠨ ᠳᠠᠢ᠌ᠨ》 ᠳᠤ ᠮᠤᠷᠳᠠᠵᠤ᠂ ᠳᠠᠢ᠌ᠨ ᠤ ᠳᠤᠮᠳᠠ ᠰᠢᠷᠬᠠᠳᠤᠨ ᠨᠠᠰᠤ ᠨᠥᠭ᠍ᠴᠢᠭ᠍ᠰᠡᠨ ᠭᠡᠳᠡᠭ᠌᠃ ᠬᠤᠯᠠᠨ ᠬᠠᠳᠤᠨ ᠤ ᠣᠷᠳᠤ ᠶᠢᠨ ᠳᠤᠬᠠᠢ 《ᠯᠤ᠋·ᠠᠯᠳᠠᠨ ᠳᠤᠪᠴᠢ》 ᠳ᠋ᠤ 《ᠰᠤᠯᠤᠩᠭ᠋ᠤᠰ ᠤᠨ ᠪᠠᠷᠰ ᠣᠷᠳᠤ》 ᠭᠡᠵᠤ᠂ 《ᠶᠤᠸᠠᠨ ᠣᠯᠤᠰ ᠤᠨ ᠳᠡᠦᠭᠡ》 ᠳ᠋ᠤ 《ᠬᠤᠶᠠᠳᠤᠭᠠᠷ ᠣᠷᠳᠤ》 ᠭᠡᠵᠤ᠂ 《ᠴᠢᠩᠭᠢᠰ ᠬᠠᠭᠠᠨ ᠤ ᠰᠢᠭᠦᠮᠵᠢᠯᠡᠯ ᠱᠠᠰᠳᠢᠷ》 ᠪᠠ 《ᠳᠦ᠋ ᠵᠢ᠌ ᠶᠢᠨ ᠳᠡᠮᠳᠡᠭᠯᠡᠯ》 ᠳᠤ 《ᠰᠠᠭᠠᠷᠢ ᠭᠡᠭᠡᠷ᠎ᠡ ᠶᠢᠨ ᠬᠠᠷᠢᠯᠳᠤ ᠳ᠋ᠠᠭᠢ ᠠᠶᠠᠨ ᠤ ᠣᠷᠳᠤ》 ᠭᠡᠵᠤ ᠳᠤᠰ ᠳᠤᠰ ᠨᠠᠷᠠᠯᠠᠵᠤ ᠪᠠᠢ᠌ᠨ᠎ᠠ᠃

ᠶ‍ᠢᠰᠤᠢ ᠬᠠᠳᠤᠨ ᠪᠣᠯ ᠴᠢᠩᠭᠢᠰ ᠬᠠᠭᠠᠨ ᠤ ᠭᠤᠷᠪᠠᠳᠤᠭᠠᠷ ᠬᠠᠳᠤᠨ ᠪᠣᠯᠤᠨ᠎ᠠ᠃ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠳᠠᠲ᠋ᠠᠷ ᠠᠢ᠌ᠮᠠᠭ ᠤᠨ ᠭᠦᠮᠤᠨ᠃ ᠠᠯᠤᠬᠠᠢ ᠳᠠᠲ᠋ᠠᠷ ᠤᠨ ᠳᠦᠷᠦᠭᠦᠤ ᠶᠡᠭᠡ ᠴᠠᠷᠠᠨ ᠤᠨ ᠦᠬᠢᠨ᠃ ᠰᠤᠷᠪᠣᠯᠵᠢ ᠳᠡᠮᠳᠡᠭᠯᠡᠯ ᠢ ᠦᠨᠳᠦᠰᠦᠯᠠᠪᠠᠯ ᠴᠢᠩᠭᠢᠰ ᠬᠠᠭᠠᠨ ᠤ ᠭᠤᠷᠪᠠᠳᠤᠭᠠᠷ ᠣᠷᠳᠤ ᠶᠢᠨ ᠡᠵᠡᠨ ᠬᠠᠳᠤᠨ ᠮᠦᠨ᠃ ᠶ‍ᠢᠰᠦᠭᠡᠨ ᠬᠠᠳᠤᠨ ᠤ ᠳᠦᠷᠦᠭ᠍ᠰᠡᠨ ᠡᠭᠡᠴᠢ ᠨᠢ ᠪᠣᠯᠤᠨ᠎ᠠ᠃ 1202 ᠣᠨ ᠳᠤ ᠴᠢᠩᠭᠢᠰ ᠬᠠᠭᠠᠨ ᠳᠠᠲ᠋ᠠᠷ ᠠᠢ᠌ᠮᠠᠭ ᠢ ᠶᠡᠭᠡ ᠪᠠᠷ ᠢᠯᠠᠭᠰᠠᠨ ᠤ ᠳᠠᠷᠠᠭ᠎ᠠ᠂ ᠳᠠᠲ᠋ᠠᠷ ᠠᠢ᠌ᠮᠠᠭ ᠲᠤ ᠶᠡᠭᠡ ᠵᠠᠯᠬᠠᠭᠠᠯ ᠥᠵᠡᠭᠦᠯᠵᠤ ᠪᠠᠢ᠌ᠭᠠᠤᠨ ᠳᠠᠠᠳᠠ ᠶ‍ᠢᠰᠤᠢ ᠬᠠᠳᠤᠨ ᠤ ᠦᠬᠢᠨ ᠳᠡᠭᠦᠤ ᠶ‍ᠢᠰᠦᠭᠡᠨ ᠢ ᠬᠠᠳᠤᠨ ᠪᠣᠯᠭᠠᠨ ᠠᠪᠴᠠᠢ᠃ ᠶ‍ᠢᠰᠦᠭᠡᠨ ᠬᠠᠳᠤᠨ ᠴᠢᠩᠭᠢᠰ ᠬᠠᠭᠠᠨ ᠳᠤ ᠳᠠᠭᠠᠯᠠᠭᠳᠠᠪᠠ᠃ ᠶ‍ᠢᠰᠦᠭᠡᠨ ᠬᠠᠳᠤᠨ᠄ 《ᠬᠠᠭᠠᠨ ᠰᠤᠶᠤᠷᠬᠠᠪᠠᠯ᠂ ᠨᠠᠮ᠎ᠠ ᠶᠢ ᠪᠣᠳᠠ ᠪᠣᠯᠭᠠᠵᠤ ᠠᠰᠠᠷᠠᠮᠤ᠂ ᠨᠠᠳᠠ ᠳᠤ ᠶ‍ᠢᠰᠤᠢ ᠨᠠᠷᠠᠳᠤ ᠡᠭᠡᠴᠢ ᠪᠣᠶᠤ᠃ ᠳᠠᠷᠠ ᠨᠠᠳᠠ ᠡᠴᠡ ᠳᠡᠭᠡᠷ᠎ᠡ᠂ ᠬᠠᠨ ᠭᠦᠮᠤᠨ ᠳᠤ ᠵᠤᠭᠢᠯᠳᠤᠬᠤ ᠭᠤᠸ᠎ᠠ ᠠᠵᠠᠢ᠃ ᠰᠠᠶ‍ᠢᠬᠠᠨ ᠭᠦᠷᠭᠡᠨ ᠲᠡᠶ ᠪᠣᠯᠵᠤ ᠬᠤᠷᠢᠮᠯᠠᠭᠰᠠᠨ ᠪᠢᠯᠠ᠂ ᠡᠳᠦᠭᠡ ᠡᠨᠡ ᠪᠣᠳᠤᠯᠢᠶᠠᠨ ᠳᠤ ᠬᠠᠮᠢᠭᠠᠰᠢ ᠣᠳᠤᠭᠰᠠᠨ ᠢ ᠦᠯᠦ ᠮᠠᠳᠠᠨ᠎ᠠ》 ᠭᠡᠪᠡ᠃ ᠡᠨᠡ ᠥᠭᠡᠨ ᠳᠤ ᠴᠢᠩᠭᠢᠰ ᠬᠠᠭᠠᠨ ᠥᠭᠦᠯᠡᠷᠤᠨ᠄ 《ᠡᠭᠡᠴᠢ ᠴᠢᠨᠢ ᠴᠢᠮ᠎ᠠ ᠡᠴᠡ ᠰᠠᠢ᠌ᠨ ᠪᠦᠭᠡᠰᠤ ᠡᠷᠢᠭᠦᠯᠦᠶ᠎ᠡ᠃ ᠡᠭᠡᠴᠢ ᠪᠠᠨ ᠢᠷᠠᠪᠠᠯ ᠴᠢ ᠵᠠᠢ᠌ᠯᠠᠵᠤ ᠦᠭ‍ᠭᠦᠨ᠎ᠡ ᠦᠦ︖》 ᠭᠡᠪᠡ᠃ ᠶ‍ᠢᠰᠦᠭᠡᠨ ᠬᠠᠳᠤᠨ᠄ 《ᠬᠠᠭᠠᠨ ᠤ ᠰᠤᠶᠤᠷᠬᠠᠯ ᠶᠢᠡᠷ ᠡᠭᠡᠴᠢ ᠲᠡᠶ ᠪᠠᠨ ᠣᠴᠠᠷᠠᠪᠠᠯ ᠡᠭᠡᠴᠢ ᠳᠡᠭᠡᠨ ᠰᠠᠭᠤᠳᠠᠯ ᠳᠠᠯᠪᠢᠵᠤ ᠵᠠᠢ᠌ᠯᠠᠰᠤ》 ᠭᠡᠪᠡ᠃ ᠡᠨᠡ ᠥᠭᠡᠨ ᠳᠤ ᠴᠢᠩᠭᠢᠰ ᠬᠠᠭᠠᠨ ᠵᠠᠷᠯᠢᠭ ᠪᠠᠭᠤᠯᠭᠠᠵᠤ ᠡᠷᠢᠭᠦᠯᠪᠠᠯ᠂ ᠶ‍ᠢᠰᠤᠢ ᠭᠦᠷᠭᠡᠨ ᠲᠡᠶ ᠪᠠᠨ ᠬᠠᠮᠳᠤ ᠣᠢ ᠰᠢᠭᠤᠢ ᠪᠠᠷ ᠶᠠᠪᠣᠵᠤ ᠪᠠᠢ᠌ᠬᠤ ᠲᠡᠶ ᠪᠢᠳᠠᠨ ᠤ ᠴᠡᠷᠢᠭ᠌ ᠤᠳ ᠵᠤᠯᠭᠠᠵᠠᠢ᠃ ᠡᠷ᠎ᠡ ᠨᠢ ᠳᠤᠳᠠᠭᠠᠵᠤ ᠣᠤᠠᠪᠠ᠃ ᠶ‍ᠢᠰᠤᠢ ᠬᠠᠳᠤᠨ ᠢ ᠳᠠᠠᠳᠠ ᠡᠴᠡ ᠠᠪᠴᠢᠷᠠᠪᠠ᠃ ᠶ‍ᠢᠰᠦᠭᠡᠨ ᠬᠠᠳᠤᠨ ᠡᠭᠡᠴᠢ ᠪᠠᠨ ᠥᠵᠡᠭᠡᠤᠨ ᠣᠷᠢᠳᠠ ᠥᠭᠦᠯᠡᠭ᠍ᠰᠡᠨ ᠥᠭᠡᠨ ᠳᠡᠭᠡᠨ ᠭᠦᠷᠴᠤ᠂ ᠣᠷᠤᠨ ᠡᠴᠡ ᠪᠠᠨ ᠪᠣᠰᠴᠤ᠂ ᠡᠭᠡᠴᠢ ᠪᠠᠨ ᠰᠠᠭᠤᠷᠢᠨ ᠳᠠᠭᠠᠨ ᠰᠠᠭᠤᠯᠭᠠᠵᠤ᠂ ᠳᠠᠷᠠ ᠦᠪᠠᠰᠤᠪᠠᠨ ᠳᠤᠤᠷ᠎ᠠ ᠰᠠᠭᠤᠳᠠᠯ ᠳᠤ ᠰᠠᠭᠤᠪᠠ᠃ ᠶ‍ᠢᠰᠦᠭᠡᠨ ᠬᠠᠳᠤᠨ ᠤ ᠥᠭᠦᠯᠡᠭ᠍ᠰᠡᠨ ᠥᠭᠡ ᠲᠡᠶ ᠠᠳᠠᠯᠢ ᠪᠣᠯᠪᠠ᠃ ᠴᠢᠩᠭᠢᠰ ᠬᠠᠭᠠᠨ ᠰᠠᠤᠠᠭᠢᠯ ᠳᠡᠭᠡᠨ ᠳᠤᠭᠳᠠᠭᠠᠵᠤ᠂ ᠶ‍ᠢᠰᠤᠢ ᠶᠢ ᠠᠪᠴᠤ᠂ ᠬᠠᠳᠤᠨ ᠤ ᠵᠡᠷᠭᠡ ᠳᠤ ᠰᠠᠭᠤᠯᠭᠠᠪᠠ᠃ ᠶ‍ᠢᠰᠤᠢ ᠬᠠᠳᠤᠨ ᠭᠤᠸ᠎ᠠ ᠭᠡᠭᠡᠡᠴᠢᠷ᠂ ᠰᠠᠴᠠᠨ ᠰᠡᠷᠭᠦᠯᠡᠩ᠂ ᠠᠯᠤᠰ ᠤᠨ ᠪᠣᠳᠤᠯᠭ᠎ᠠ ᠲᠡᠶ ᠳᠤᠯᠠ ᠴᠢᠩᠭᠢᠰ ᠬᠠᠭᠠᠨ ᠤ ᠬᠠᠢ᠌ᠷ᠎ᠠ ᠶᠢ ᠭᠦᠷᠳᠡᠵᠡᠢ᠃ 1219 ᠣᠨ ᠳᠤ ᠴᠢᠩᠭᠢᠰ ᠬᠠᠭᠠᠨ ᠬᠤᠷᠢᠨ ᠲᠦᠮᠡᠨ ᠶᠡᠭᠡ ᠴᠡᠷᠢᠭ᠌ ᠳᠠᠢ᠌ᠴᠢᠯᠠᠨ᠂ ᠬᠤᠷᠽᠸᠮ ᠣᠯᠤᠰ ᠲᠤ ᠴᠡᠭᠡᠷᠯᠡᠭᠦᠯᠦᠯᠳᠡ ᠶᠢᠨ ᠳᠠᠢ᠌ᠯᠠᠯᠳᠠ ᠭᠢᠭᠦ ᠪᠠᠷ ᠴᠡᠷᠢᠭᠯᠡᠭᠦ ᠶᠢᠨ ᠡᠮᠦᠨᠡᠭᠢ ᠶᠡᠭᠡ ᠬᠤᠷᠠᠯᠳᠠᠢ ᠳᠡᠭᠡᠷ᠎ᠡ᠂ ᠬᠠᠭᠠᠨ ᠰᠠᠭᠤᠷᠢᠨ ᠢ ᠵᠠᠯᠭᠠᠮᠵᠢᠯᠠᠭᠤᠯᠬᠤ ᠭᠦᠮᠤᠨ ᠢ ᠳᠤᠭᠳᠠᠭᠠᠬᠤ ᠳᠤᠬᠠᠢ ᠴᠢᠬᠤᠯᠠ ᠳᠤᠷᠠᠳᠤᠯᠭ᠎ᠠ ᠶᠢ ᠶ‍ᠢᠰᠤᠢ ᠬᠠᠳᠤᠨ ᠭᠠᠷᠭᠠᠵᠠᠢ᠃ ᠴᠢᠩᠭᠢᠰ ᠬᠠᠭᠠᠨ ᠡᠨᠡ ᠭᠦ ᠳᠤᠷᠠᠳᠤᠯᠭ᠎ᠠ ᠶᠢ ᠭᠦᠯᠢᠶᠡᠨ ᠠᠪᠴᠤ᠂ ᠬᠠᠭᠠᠨ ᠤ ᠭᠤᠷᠪᠠᠳᠤᠭᠠᠷ ᠭᠦᠪᠠᠭᠦᠨ ᠥᠭᠡᠳᠡᠢ ᠶᠢ ᠴᠢᠩᠭᠢᠰ ᠬᠠᠭᠠᠨ ᠤ ᠶᠡᠭᠡ ᠣᠷᠤ ᠶᠢᠨ ᠵᠠᠯᠭᠠᠮᠵᠢᠯᠠᠭᠴᠢ ᠪᠠᠷ ᠳᠤᠭᠳᠠᠭᠠᠵᠠᠢ᠃ 1225 ᠣᠨ ᠤ ᠨᠠᠮᠤᠷ ᠴᠢᠩᠭᠢᠰ ᠬᠠᠭᠠᠨ ᠳᠠᠪᠣᠳᠠᠭᠢ ᠣᠳᠠᠭ᠎ᠠ ᠳᠠᠩᠭ᠋ᠤᠳ ᠣᠯᠤᠰ ᠢ ᠳᠠᠢ᠌ᠯᠠᠬᠤ ᠳᠤ ᠶ‍ᠢᠰᠤᠢ ᠬᠠᠳᠤᠨ ᠢ ᠳᠠᠭᠠᠭᠤᠯᠤᠨ ᠶᠠᠪᠣᠭᠰᠠᠨ ᠪᠦᠭᠡᠤᠨ ᠬᠠᠭᠠᠨ ᠮᠤᠷᠢᠨ ᠡᠴᠡ ᠪᠠᠨ ᠣᠨᠠᠵᠤ ᠴᠢᠯᠡᠭᠡᠷᠭᠡᠨ ᠪᠦᠭᠦᠢ ᠳᠤ ᠶ‍ᠢᠰᠤᠢ ᠬᠠᠳᠤᠨ ᠲᠦᠷᠦ ᠶᠢᠨ ᠶᠡᠭᠡ ᠬᠤᠷᠠᠯᠳᠠᠢ ᠶᠢ ᠡᠷᠭᠢᠯᠡᠨ ᠬᠤᠷᠠᠯᠳᠤᠭᠤᠯᠵᠤ ᠪᠠᠢ᠌ᠪᠠ᠃ ᠬᠠᠭᠠᠨ ᠢ ᠨᠠᠰᠤ ᠨᠥᠭ᠍ᠴᠢᠭᠦ ᠦᠶ᠎ᠡ ᠳᠤ ᠮᠦᠨ ᠶ‍ᠢᠰᠤᠢ ᠬᠠᠳᠤᠨ ᠬᠠᠵᠠᠭᠤ ᠳ᠋ᠤᠨᠢ ᠪᠠᠢ᠌ᠵᠠᠢ᠃ ᠣᠯᠠᠮᠵᠢᠯᠠᠯ ᠶᠢᠡᠷ ᠶ‍ᠢᠰᠤᠢ ᠬᠠᠳᠤᠨ ᠡᠴᠡ ᠨᠢᠭᠡ ᠭᠦᠪᠠᠭᠦᠨ ᠲᠡᠶ ᠪᠠᠢ᠌ᠯ᠎ᠠ ᠭᠡᠳᠡᠭ᠌᠃ ᠪᠠᠯᠴᠢᠷ ᠦᠶ᠎ᠡ ᠳᠡᠭᠡᠨ ᠨᠥᠭ᠍ᠴᠢᠯ᠎ᠡ ᠭᠡᠵᠤ ᠶᠠᠷᠢᠵᠤ ᠪᠣᠢ᠃ ᠨᠠᠷ᠎ᠠ ᠨᠢ ᠴᠠᠭᠤᠷ ᠭᠡᠳᠡᠭ᠌᠃ 《ᠯᠤ᠋·ᠠᠯᠳᠠᠨ ᠳᠤᠪᠴᠢ》 ᠳ᠋ᠤ 《ᠶ‍ᠢᠰᠤᠢ ᠬᠠᠳᠤᠨ ᠡᠴᠡ ᠳᠦᠷᠦᠭ᠍ᠰᠡᠨ ᠵᠦᠴᠢᠪᠠᠢ》 ᠭᠡᠵᠤ ᠳᠡᠮᠳᠡᠭᠯᠡᠵᠤ ᠪᠠᠢ᠌ᠬᠤ ᠪᠠ ᠴᠠᠭᠤᠷ ᠢ ᠶ‍ᠢᠰᠦᠭᠡᠨ ᠬᠠᠳᠤᠨ ᠡᠴᠡ ᠳᠦᠷᠦᠭ᠍ᠰᠡᠨ ᠭᠡᠵᠡᠢ᠃ 《ᠯᠤ᠋·ᠠᠯᠳᠠᠨ ᠳᠤᠪᠴᠢ》 ᠳ᠋ᠤ 《ᠰᠢᠷᠭᠠᠴᠢ ᠶᠢᠨ ᠣᠷᠳᠤ》 ᠭᠡᠵᠤ᠂ 《ᠪᠠᠶ᠎ᠠ ᠪᠠᠷ ᠳᠠᠢ᠌ᠯᠠᠭᠰᠠᠨ ᠳᠡᠮᠳᠡᠭᠯᠡᠯ》 ᠳ᠋ᠤ 《ᠳᠤᠤᠯᠠ ᠶᠢᠨ ᠬᠠᠷ᠎ᠠ ᠳᠦᠨ ᠳ᠋ᠠᠭᠢ ᠣᠷᠳᠤᠨ》 ᠭᠡᠵᠤ᠂ 《ᠶᠤᠸᠠᠨ ᠣᠯᠤᠰ ᠤᠨ ᠳᠡᠦᠭᠡ》 ᠳ᠋ᠤ 《ᠭᠤᠷᠪᠠᠳᠤᠭᠠᠷ ᠣᠷᠳᠤ》 ᠭᠡᠵᠤ ᠳᠤᠰ ᠳᠤᠰ ᠨᠠᠷᠠᠯᠠᠵᠠᠢ᠃

ᠶ‍ᠢᠰᠦᠭᠡᠨ ᠬᠠᠳᠤᠨ ᠪᠣᠯ ᠴᠢᠩᠭᠢᠰ ᠬᠠᠭᠠᠨ ᠤ ᠳᠦᠷᠪᠠᠳᠦᠭᠡᠷ ᠬᠠᠳᠤᠨ ᠪᠣᠯᠤᠨ᠎ᠠ᠃ ᠠᠮᠢᠳᠤᠷᠠᠵᠤ ᠪᠠᠢ᠌ᠭᠰᠠᠨ ᠣᠨ ᠵᠢᠯ ᠤᠨ ᠳᠤᠬᠠᠢ ᠳᠤᠳᠤᠷᠬᠠᠢ ᠳᠡᠮᠳᠡᠭᠯᠡᠯ ᠦᠭᠡᠶ᠃ ᠳᠠᠲ᠋ᠠᠷ ᠠᠢ᠌ᠮᠠᠭ ᠤᠨ ᠭᠦᠮᠤᠨ᠃ ᠠᠯᠤᠬᠠᠢ ᠳᠠᠲ᠋ᠠᠷ ᠤᠨ ᠳᠦᠷᠦᠭᠦᠤ ᠶᠡᠭᠡ ᠴᠠᠷᠠᠨ ᠤᠨ ᠦᠬᠢᠨ᠃ 《ᠶᠤᠸᠠᠨ ᠣᠯᠤᠰ ᠤᠨ ᠳᠡᠦᠭᠡ》 ᠶᠢᠨ ᠳᠡᠮᠳᠡᠭᠯᠡᠯ ᠢ ᠦᠨᠳᠦᠰᠦᠯᠠᠪᠠᠯ᠂ ᠶ‍ᠢᠰᠦᠭᠡᠨ ᠬᠠᠳᠤᠨ ᠤ ᠣᠷᠳᠤ ᠶᠢ 《ᠳᠦᠷᠪᠠᠳᠦᠭᠡᠷ ᠣᠷᠳᠤ》 ᠭᠡᠵᠤ᠂ ᠳᠤᠰ ᠣᠷᠳᠤ ᠶᠢᠨ ᠭᠤᠤᠯ ᠬᠠᠳᠤᠨ ᠨᠢ ᠶ‍ᠢᠰᠦᠭᠡᠨ ᠪᠠᠢ᠌ᠵᠠᠢ᠃ 《ᠯᠤ᠋·ᠠᠯᠳᠠᠨ ᠳᠤᠪᠴᠢ》 ᠳ᠋ᠤ ᠶ‍ᠢᠰᠦᠭᠡᠨ ᠬᠠᠳᠤᠨ ᠤ ᠣᠷᠳᠤ ᠶᠢ 《ᠬᠠᠮᠳᠤᠤᠠᠬᠤᠢ ᠶᠢᠨ ᠣᠷᠳᠤ》 ᠭᠡᠵᠤ ᠪᠢᠴᠢᠭ᠍ᠰᠡᠨ ᠪᠠᠢ᠌ᠳᠠᠭ᠃ ᠳᠡᠭᠦᠨ ᠤ ᠣᠷᠳᠤ ᠪᠠᠷᠤᠭ ᠨᠢ᠋ᠮᠠᠨ ᠤ ᠳᠠᠶᠠᠨ ᠬᠠᠨ ᠤ ᠣᠷᠳᠤ ᠪᠠᠢ᠌ᠭᠰᠠᠨ ᠭᠠᠵᠠᠷ ᠪᠣᠯᠤᠨ᠎ᠠ᠃ ᠳᠠᠷᠤᠢ ᠠᠯᠳᠠᠢ ᠠᠭᠤᠯᠠ ᠶᠢᠨ ᠠᠷᠤ ᠬᠠᠪᠢ ᠪᠠᠷ ᠪᠠᠢ᠌ᠵᠠᠢ᠃ 《ᠯᠤ᠋·ᠠᠯᠳᠠᠨ ᠳᠤᠪᠴᠢ》 ᠵᠢᠨ ᠳᠡᠮᠳᠡᠭᠯᠡᠯ ᠳᠤ ᠶ‍ᠢᠰᠦᠭᠡᠨ ᠬᠠᠳᠤᠨ ᠢ ᠭᠤᠷᠪᠠᠨ ᠭᠡᠦᠭᠡᠤᠨ ᠲᠡᠶ ᠭᠡᠳᠡᠭ᠌᠃ ᠶ‍ᠢᠰᠦᠭᠡᠨ ᠬᠠᠳᠤᠨ ᠤ ᠳᠦᠭᠦᠮ ᠨᠠᠮᠳᠠᠷ ᠳᠡᠭᠡᠷ᠎ᠡ ᠳᠠᠨᠢᠯᠴᠠᠭᠤᠯᠤᠭᠰᠠᠨ ᠶ‍ᠢᠰᠤᠢ ᠬᠠᠳᠤᠨ ᠤ ᠨᠠᠮᠳᠠᠷ ᠲᠤ ᠳᠡᠮᠳᠡᠭᠯᠡᠭ᠍ᠰᠡᠨ ᠲᠡᠶ ᠠᠳᠠᠯᠢ ᠪᠠᠢ᠌ᠨ᠎ᠠ᠃


(ᠴᠢᠩᠭᠢᠰ ᠬᠠᠭᠠᠨ ᠤ ᠣᠩᠭ᠋ᠤᠨ ᠤ ᠳᠠᠭᠢᠯᠭ᠎ᠠ ᠰᠤᠶᠤᠯ ᠤᠨ ᠠᠯᠪᠠᠨ ᠭᠡᠷ)


ᠵᠤᠬᠢᠶᠠᠭᠴᠢ᠄ ᠰᠡᠴᠡᠨᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 8077
ᠴᠠᠭ᠄ 2009 ᠤᠨ ᠤ 05 ᠰᠠᠷ᠎ᠠ ᠶᠢᠨ 01
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠮᠤᠩᠭ᠋ᠤᠯ ᠲᠡᠦᠬᠡ - ᠴᠢᠩᠭᠢᠰ ᠬᠠᠭᠠᠨ ᠤ ᠳᠦᠷᠪᠡᠨ ᠬᠠᠲᠤᠨ