ᠠᠷᠴᠠᠨ ᠤ ᠵᠠᠩ ᠴᠢᠨᠠᠷ

ᠠᠷᠴᠠ᠂ ᠡᠪ ᠡᠡᠭ᠌ ᠤᠨ ᠮᠤᠳᠤ ᠰᠠᠨ︕ ᠳᠡᠭᠦᠨ ᠳᠤ ᠨᠠᠷᠠᠰᠤ ᠮᠠᠢ᠌ᠯᠠᠰᠤ ᠮᠠᠳᠤ ᠳᠠᠢ᠌ᠮᠤ ᠠᠤᠭ᠎ᠠ ᠶᠡᠭᠡᠮᠰᠦᠭ᠌ ᠳᠦᠷᠢ ᠦᠭᠡᠶ᠂ ᠣᠳᠠ ᠣᠯᠢᠶᠠᠰᠤ ᠮᠠᠳᠤ ᠳᠠᠢ᠌ᠮᠤ ᠴᠤ ᠦᠨᠳᠦᠷ ᠠᠰᠬᠠᠨ ᠴᠤᠭᠴᠠ ᠦᠭᠡᠶ᠃ ᠦᠵᠦᠮ ᠵᠢᠮᠢᠰ ᠤᠨ ᠮᠤᠳᠤ ᠮᠠᠳᠤ ᠳᠠᠢ᠌ᠮᠤ ᠣᠠᠵᠢᠯᠭ᠎ᠠ ᠰᠠᠵᠢᠯᠭ᠎ᠠ ᠨᠠᠩ ᠴᠤ ᠦᠭᠡᠶ ᠶᠤᠮ᠃ ᠳᠠᠢ᠌ᠮᠤ ᠴᠤ ᠣᠴᠢᠷ ᠡᠴᠡ ᠥᠵᠡᠰᠭᠦᠯᠡᠩᠳᠤ ᠰᠠᠢ᠌ᠬᠠᠨ ᠴᠡᠴᠡᠷᠯᠢᠭ᠌᠂ ᠥᠷᠭᠡᠨ ᠳᠠᠷᠳᠠᠩ ᠵᠡᠭᠡᠯᠢ ᠪᠠᠷ ᠵᠤᠭᠠᠴᠠᠨ ᠠᠯᠬᠤᠬᠤ ᠳᠤ ᠳᠠᠷᠠ ᠶᠠᠷᠤ ᠨᠢ ᠥᠵᠡᠭ᠍ᠳᠡᠭᠦ ᠦᠭᠡᠶ ᠪᠠᠢ᠌ᠳᠠᠭ᠃ ᠭᠡᠷᠪᠡ ᠬᠠᠶᠠ ᠨᠢᠭᠡ ᠲᠤᠬᠢᠶᠠᠯᠳᠤᠪᠠᠯ ᠳᠠᠷᠠ ᠶᠠᠷᠤ ᠡᠴᠡ ᠮᠠᠰᠢ ᠣᠯᠠᠨ ᠦᠨᠳᠦᠷ ᠰᠥᠷᠯᠢᠭ᠌᠂ ᠥᠩᠭᠡᠴᠡ ᠭᠡᠭᠡᠡᠴᠢᠷ ᠮᠤᠳᠤᠳ ᠤᠨ ᠳᠤᠮᠳᠠ ᠳᠠᠯᠳᠠᠯᠠᠭᠳᠠᠭᠠᠤᠨ᠂ ᠶᠠᠭ ᠨᠢᠭᠡᠨ ᠴᠠᠪᠠᠷ ᠢᠴᠢᠮᠡᠳᠡᠭᠡᠢ 《ᠭᠦᠳᠡᠭᠡ ᠶᠢᠨ ᠭᠡᠦᠭᠡᠨ》 ᠮᠠᠳᠤ ᠪᠠᠷ ᠠᠮᠠᠷᠬᠠᠨ ᠣᠯᠵᠤ ᠬᠠᠷᠠᠭᠳᠠᠬᠤ ᠦᠭᠡᠶ ᠪᠠᠢ᠌ᠳᠠᠭ ᠪᠢᠯᠠ᠃ ᠭᠡᠪᠠᠴᠤ ᠭᠡᠷᠪᠡ ᠥᠯᠦᠭᠡᠢ ᠨᠤᠳᠤᠭ ᠪᠣᠯᠤᠭᠰᠠᠨ ᠥᠡᠳᠦᠷᠯᠢᠭ᠌ ᠣᠷᠤᠨ ᠤ ᠮᠢᠨᠢ ᠠᠭᠤᠯᠠᠨ ᠨᠢᠷᠤᠭᠤ ᠪᠠᠷ ᠠᠶᠠᠯᠠᠨ ᠳᠤᠭᠤᠷᠢᠳᠠᠭ ᠶᠤᠮ ᠪᠣᠯ ᠳᠠᠷᠠ ᠶᠠᠷᠤ ᠨᠢ ᠬᠠᠶᠠ ᠦᠭᠡᠶ ᠬᠠᠷᠠᠭᠳᠠᠭᠠᠤᠨ ᠪᠠᠢ᠌ᠳᠠᠭ ᠶᠤᠮ᠃ ᠬᠤᠤᠰ ᠠᠯᠳᠠ ᠶᠢ ᠠᠷᠠᠢ ᠭᠡᠳᠦᠷᠡᠮ᠎ᠡ ᠦᠭᠡᠶ ᠦᠨᠳᠦᠷ ᠴᠤᠭᠴᠠ᠂ ᠬᠤᠶᠠᠷ ᠭᠠᠷ ᠶᠢᠡᠷ ᠳᠠᠪᠠᠷᠢᠵᠤ ᠭᠦᠢᠴᠡᠮ᠎ᠡ ᠦᠭᠡᠶ ᠪᠠᠶ᠎ᠠ ᠪᠢᠯᠳᠠᠷ ᠵᠢᠴᠢ ᠥᠩᠭᠡ ᠨᠤᠭᠤᠭᠠᠨ ᠦᠨᠦᠷ ᠠᠩᠭᠢᠯᠤᠭᠰᠠᠨ ᠰᠠᠯᠠᠭ᠎ᠠ ᠨᠠᠮᠠᠭ᠎ᠠ ᠵᠡᠷᠭᠡ ᠶᠢ ᠭᠠᠷᠭᠠᠪᠠᠯ᠂ ᠳᠡᠭᠦᠨ ᠳᠤ ᠣᠠᠴᠠ ᠳᠤᠷ᠎ᠠ ᠪᠠᠬ᠎ᠠ ᠶᠢ ᠳᠠᠳᠠᠮ᠎ᠠ ᠰᠠᠢ᠌ᠬᠠᠨ ᠶᠠᠭᠤᠮ᠎ᠠ ᠴᠤ ᠠᠯᠠᠭ᠎ᠠ ᠶᠤᠮ᠃ ᠡᠢ᠌ᠮᠤ ᠡᠴᠡ ᠳᠠᠩ ᠭᠠᠭᠴᠠ ᠭᠤᠸ᠎ᠠ ᠰᠠᠢ᠌ᠬᠠᠨ ᠤ ᠡᠭᠦᠳᠡᠨ ᠡᠴᠡ ᠠᠯᠢᠪᠠ ᠶᠢ ᠰᠢᠡᠵᠢᠭ᠍ᠴᠢᠳ ᠲᠤ ᠠᠪᠴᠤ ᠭᠡᠯᠡᠪᠠᠯ ᠳᠠᠷᠠ ᠨᠢᠳᠤᠨ ᠤ ᠪᠤᠯᠦᠩ ᠳ᠋ᠤᠨᠢ ᠥᠷᠳᠦᠭᠦ ᠦᠭᠡᠶ ᠪᠠᠢ᠌ᠵᠤ ᠮᠡᠳᠡᠭᠦ ᠶᠤᠮ᠃ ᠭᠡᠳᠡᠯ᠎ᠡ ᠥᠯᠦᠭᠡᠢ ᠨᠤᠳᠤᠭ ᠲᠤ ᠮᠢᠨᠢ ᠳᠠᠷᠠ ᠠᠭᠤᠯᠠᠨ ᠳᠠᠪᠠᠭ᠎ᠠ ᠳᠦᠭᠦᠷᠡᠩ ᠥᠷᠭᠦᠯᠵᠢᠯᠡᠭᠡᠤᠨ᠂ ᠥᠡᠳᠦᠷᠯᠢᠭ᠌ ᠣᠷᠤᠨ ᠤ ᠮᠢᠨᠢ ᠠᠭᠤᠯᠠ ᠣᠰᠤ ᠳᠤ ᠨᠢᠭᠡᠨ ᠡᠳᠡᠭᠡᠤᠨ ᠭᠣᠢ᠌ᠳᠠ ᠥᠩᠭᠡ ᠪᠣᠳᠤᠭ ᠢ ᠨᠠᠮᠠᠷᠢᠯᠠᠵᠤ ᠪᠠᠢ᠌ᠳᠠᠭ ᠪᠣᠯᠬᠤᠷ᠂ ᠪᠢ ᠨᠤᠳᠤᠭ ᠶᠢᠡᠨ ᠰᠠᠨᠠᠭᠠᠯᠵᠠᠬᠤ ᠪᠦᠷᠢ ᠠᠶᠠᠠᠳᠠᠭᠠᠨ ᠠᠷᠴᠠ ᠶᠢ ᠰᠠᠨᠠᠵᠤ ᠣᠯᠳᠠᠭ᠃ ᠠᠷᠴᠠ ᠶᠢ ᠰᠠᠨᠠᠵᠤ ᠣᠯᠬᠤ ᠪᠦᠷᠢ ᠡᠷᠭᠡ ᠦᠭᠡᠶ ᠳᠡᠭᠦᠨ ᠢ ᠪᠠᠬᠠᠷᠤᠨ ᠬᠠᠢ᠌ᠷᠠᠯᠠᠬᠤ ᠰᠡᠳᠬᠢᠯᠭᠡ ᠳᠦᠷᠦᠭ᠍ᠳᠡᠵᠤ ᠪᠠᠢ᠌ᠳᠠᠭ ᠪᠢᠯᠠ︕

ᠠᠷᠴᠠ ᠪᠣᠯ ᠮᠠᠨ ᠤ ᠣᠷᠤᠨ ᠤ ᠠᠭᠤᠯᠠ ᠬᠠᠢ᠌ᠷᠠᠬᠠᠨ ᠳᠤ ᠬᠠᠮᠤᠭ ᠤᠨ ᠠᠷᠪᠢᠨ ᠣᠷᠭᠤᠳᠠᠭ ᠮᠤᠳᠤᠳ ᠤᠨ ᠨᠢᠭᠡ ᠪᠣᠯᠤᠨ᠎ᠠ᠃ ᠳᠠᠷᠠ ᠭᠤᠤᠯ ᠤᠨ ᠳᠠᠩ᠂ ᠭᠤᠤ ᠵᠢᠯᠠᠭ᠎ᠠ᠂ ᠠᠭᠤᠯᠠᠨ ᠤ ᠪᠠᠯ᠂ ᠣᠰᠤᠨ ᠤ ᠭᠦᠪᠠᠭᠡ᠂ ᠬᠠᠳᠠᠨ ᠤ ᠵᠠᠪᠰᠠᠷ᠂ ᠬᠠᠨ ᠤᠷᠭᠢᠯ ᠭᠡᠭᠦ ᠮᠠᠳᠤ ᠪᠠᠷ ᠦᠩ ᠰᠢᠮᠡᠯᠢᠭ᠌ ᠭᠦᠷᠦᠰᠤ ᠰᠢᠷᠤᠢ ᠳᠤ ᠴᠤ ᠳᠠᠷᠠ᠂  ᠳᠠᠴᠢᠷ ᠬᠠᠭᠤᠷᠠᠢ ᠭᠠᠵᠠᠷ ᠲᠤ ᠴᠤ ᠳᠠᠷᠠ ᠪᠦᠷ ᠢᠯᠭᠠᠯ ᠦᠭᠡᠶ ᠣᠷᠭᠤᠨ ᠦᠨᠳᠦᠰᠦᠯᠠᠵᠤ ᠦᠷᠠᠯᠠᠨ ᠨᠠᠭᠢᠶᠠᠯᠠᠵᠤ ᠪᠠᠢ᠌ᠳᠠᠭ ᠳᠠᠷᠠ ᠪᠠᠯᠭ᠎ᠠ᠂ ᠪᠣᠷᠭᠠᠰᠤ ᠮᠠᠳᠤ ᠣᠰᠤᠨ ᠤ ᠭᠦᠪᠠᠭᠡ ᠶᠢᠨ ᠥᠩᠰᠢᠭ᠌ ᠰᠢᠷᠤᠢ ᠶᠢ ᠪᠣᠯᠢᠶᠠᠯᠳᠤᠨ ᠰᠢᠬᠠᠯᠴᠠᠬᠤ ᠪᠢᠰᠢ᠂ ᠮᠦᠨ ᠣᠷᠭᠤᠭ᠎ᠠ ᠬᠠᠷᠭᠠᠢ ᠮᠠᠳᠤ ᠦᠨᠳᠦᠷ ᠲᠤ ᠪᠦᠭᠡᠮᠨᠡᠷᠡᠨ ᠦᠷᠢᠰᠤᠯᠳᠤᠨ ᠮᠥᠴᠡᠷᠭᠡᠳᠡᠭ᠌ ᠴᠤ ᠪᠢᠰᠢ᠂ ᠬᠠᠷᠢᠨ ᠦᠷ᠎ᠡ ᠨᠢ ᠬᠠᠮᠢᠭ᠎ᠠ ᠵᠠᠶᠠᠭᠠᠭᠰᠠᠨ ᠪᠣᠯ ᠳᠠᠠᠳᠠ ᠪᠠᠨ ᠦᠨᠳᠦᠰᠦᠯᠠᠨ ᠰᠤᠶᠤᠭᠠᠯᠠᠵᠤ ᠣᠷᠭᠤᠨ ᠰᠠᠭᠤᠷᠢᠰᠢᠳᠠᠭ ᠪᠦᠭᠡᠤᠨ ᠥᠷᠦᠭᠡᠯ ᠪᠣᠰᠤᠳ ᠲᠡᠶ ᠶᠠᠷᠤ ᠨᠢ ᠠᠳᠠᠭᠠᠷᠬᠠᠵᠤ ᠵᠢᠳᠦᠭᠡᠷᠭᠡᠳᠡᠭ᠌ ᠦᠭᠡᠶ ᠶᠤᠮ᠃ ᠳᠠᠳᠠᠨ ᠤ ᠵᠠᠷᠢᠮ ᠨᠢ ᠢᠵᠢᠯᠢ ᠡᠴᠡ ᠪᠠᠨ ᠰᠠᠯᠤᠭᠰᠠᠨ ᠦᠨᠦᠴᠢᠨ ᠠᠮᠢᠳᠠᠨ ᠮᠠᠳᠤ ᠬᠠᠯᠢᠯ ᠠᠰᠬ᠎ᠠ ᠶᠢᠨ ᠰᠡᠵᠢᠭᠦᠷ᠂ ᠬᠠᠮᠠᠷ ᠳᠠᠪᠠᠭ᠎ᠠ ᠶᠢᠨ ᠥᠵᠦᠭᠦᠷ ᠳᠡᠭᠡᠷ᠎ᠡ ᠣᠷᠭᠤᠭᠠᠤᠨ ᠲᠤᠩ ᠴᠤ ᠭᠦᠭᠡᠷᠦᠭᠦᠢᠯᠡᠯᠳᠡᠢ ᠬᠠᠷᠠᠭᠳᠠᠵᠤ ᠪᠠᠢ᠌ᠳᠠᠭ ᠪᠣᠯᠪᠠᠴᠤ ᠡᠷᠭᠢᠨ ᠳᠤᠭᠤᠷᠢᠨ ᠤ ᠡᠯᠦᠢ ᠬᠤᠯᠤᠢ ᠳᠤ ᠥᠩᠭᠡ ᠪᠣᠳᠤᠭ ᠨᠡᠮᠡᠷᠢᠯᠡᠭᠡᠤᠨ᠂ ᠠᠭᠤᠯᠠ ᠣᠰᠤ ᠶᠢ ᠣᠷᠠᠯᠠᠨ ᠴᠢᠮᠡᠭᠯᠡᠭ᠍ᠴᠢ ᠨᠢᠭᠡᠨ ᠭᠡᠰᠢᠭᠦᠨ ᠤ ᠬᠤᠪᠢ ᠪᠠᠨ ᠣᠭᠳᠤ ᠪᠠᠭᠤᠷᠠᠭᠤᠯᠬᠤ ᠦᠭᠡᠶ ᠪᠠᠢ᠌ᠳᠠᠭ ᠰᠠᠨ︕ ᠠᠷᠴᠠᠨ ᠮᠤᠳᠤᠳ ᠥᠡᠳᠦᠷᠯᠢᠭ᠌ ᠣᠷᠤᠨ ᠤ ᠠᠷᠳᠠᠭ ᠳᠤᠭᠰᠢᠨ ᠰᠠᠯᠭᠢ ᠰᠢᠭᠤᠷᠭᠠᠨ ᠤ ᠡᠯᠳᠡᠯᠳᠡ ᠨᠤᠬᠤᠯᠳᠠ ᠳᠤ ᠳᠠᠭᠠᠷᠢᠭᠳᠠᠭᠰᠠᠭᠠᠷ ᠪᠠᠢ᠌ᠭᠠᠤᠨ ᠥᠩᠭᠡ ᠴᠤᠭᠴᠠ ᠨᠢ ᠪᠦᠷ ᠦᠵᠡᠰᠢ ᠦᠭᠡᠶ ᠪᠣᠯᠤᠨ ᠠᠷᠵᠠᠢ᠌ᠨ ᠰᠠᠷᠰᠠᠢ᠌ᠵᠤ ᠥᠭᠢᠷᠡᠭ᠍ᠰᠡᠨ ᠪᠠᠢ᠌ᠳᠠᠭ ᠪᠣᠯᠪᠠᠴᠤ ᠠᠮᠢᠯᠠᠯ ᠳᠡᠭ᠍ᠵᠢᠷᠡᠯ ᠤᠨ ᠭᠦᠴᠤᠨ ᠴᠢᠳᠠᠯ ᠶᠢᠡᠨ ᠢᠮᠠᠭᠳᠠ ᠬᠠᠳᠠᠭᠠᠯᠠᠵᠤ᠂ ᠦᠨᠢᠳᠠ ᠶᠢᠨ ᠨᠤᠭᠤᠭᠠᠨ ᠥᠩᠭᠡ ᠨᠠᠮᠠᠭ᠎ᠠ ᠪᠠᠨ ᠭᠡᠵᠢᠶᠡᠳᠡ ᠠᠯᠳᠠᠬᠤ ᠦᠭᠡᠶ ᠪᠠᠢ᠌ᠳᠠᠭ ᠰᠠᠨ︕ ᠡᠢ᠌ᠮᠤ ᠡᠴᠡ ᠳᠡᠭᠦᠨ ᠳᠤ ᠭᠦᠯᠡᠮᠵᠢᠨ ᠳᠤᠳᠤᠷᠠᠭᠢ ᠴᠡᠴᠡᠭ᠌ ᠰᠢᠭ᠌ ᠨᠢᠤᠯᠳᠤ ᠨᠤᠮᠤᠢ ᠵᠠᠩ ᠦᠭᠡᠶ᠂ ᠭᠦᠷᠢᠶᠡᠯᠡᠩ ᠤᠨ ᠳᠤᠮᠳᠠᠭᠢ ᠮᠤᠳᠤᠳ ᠰᠢᠭ 《ᠭᠦᠮᠤᠨ ᠤ ᠴᠢᠷᠠᠢ ᠶᠢ ᠬᠠᠷᠠᠵᠤ ᠪᠣᠳᠠᠭ᠎ᠠ ᠢᠳᠡᠳᠡᠭ᠌》 ᠨᠢᠯᠤᠭᠤᠨ ᠪᠢᠯᠳᠠᠤᠴᠢ ᠠᠭᠠᠯᠢ ᠦᠭᠡᠶ᠃ ᠬᠠᠷᠢᠨ ᠡᠷᠭᠢᠯᠳᠦᠭᠦ ᠳᠡᠭ᠍ᠷᠢ ᠶᠢᠨ ᠨᠠᠷᠠ ᠰᠠᠷᠠ᠂ ᠡᠭᠡᠯᠵᠢᠯᠡᠭᠦ ᠴᠠᠭ ᠤᠨ ᠣᠯᠠᠷᠢᠯ ᠬᠤᠪᠢᠰᠤᠯ ᠤᠨ ᠳᠤᠮᠳᠠ ᠠᠶᠠᠠᠳᠠᠭᠠᠨ ᠣᠷᠤᠰᠢᠨ ᠵᠤᠭᠢᠴᠠᠵᠤ᠂ ᠰᠢᠮ᠎ᠠ ᠳᠡᠵᠢᠭᠡᠯ ᠭᠦᠷᠳᠡᠨ᠂ ᠠᠷᠳᠠᠭ ᠪᠠᠢ᠌ᠭᠠᠯᠢ ᠲᠡᠶ ᠳᠡᠮᠡᠴᠡᠭᠦ ᠳᠤᠮᠳᠠ ᠪᠠᠨ ᠡᠷᠡᠰ ᠬᠠᠳᠠᠨ ᠵᠠᠩ ᠴᠢᠨᠠᠷ ᠶᠢᠡᠨ ᠳᠠᠪᠳᠠᠨ ᠭᠦᠮᠦᠵᠢᠭᠦᠯᠵᠤ ᠪᠠᠢ᠌ᠳᠠᠭ ᠶᠤᠮ᠃ ᠳᠠᠢ᠌ᠮᠤ ᠡᠴᠡ ᠳᠠᠷᠠ ᠰᠠᠯᠭᠢ ᠶᠢ ᠦᠵᠡᠪᠠᠯ ᠨᠠᠢ᠌ᠭᠤᠳᠠᠭ ᠦᠶᠡᠯᠵᠠᠨ ᠨᠠᠭᠢᠯᠵᠠᠭᠰᠠᠨ ᠪᠠᠶ᠎ᠠ ᠪᠢᠯᠳᠠᠷ ᠲᠡᠶ ᠪᠢᠰᠢ᠂ ᠬᠠᠷᠢᠨ ᠭᠦᠷᠡᠯ ᠳᠠᠮᠤᠷ ᠢ ᠴᠢᠤᠠᠬᠤᠵᠤ ᠴᠤᠭᠴᠠᠯᠠᠭᠰᠠᠨ ᠮᠠᠳᠤ ᠪᠦᠳᠦᠭᠦᠨ ᠪᠦᠭᠡᠯᠢᠭ᠌ ᠪᠠᠶ᠎ᠠ ᠴᠤᠭᠴᠠ ᠨᠢ ᠣᠷᠭᠤᠭ᠎ᠠ ᠬᠠᠳᠠ ᠮᠠᠳᠤ ᠭᠦᠳᠡᠯᠦᠰᠢ ᠦᠭᠡᠶ ᠰᠡᠭᠦᠢ᠌ᠭᠡᠤᠨ᠂ ᠶᠠᠭ ᠳᠡᠭᠦᠨ ᠤ ᠣᠷᠴᠢᠨ ᠳᠤᠭᠤᠷᠢᠨ ᠳᠤ ᠠᠮᠢᠳᠤᠷᠠᠨ ᠣᠷᠤᠰᠢᠵᠤ ᠪᠠᠢ᠌ᠭ᠎ᠠ ᠭᠦᠳᠡᠷ ᠴᠢᠭᠢᠷᠠᠭ ᠮᠠᠯᠴᠢᠳ ᠤᠨ ᠪᠠᠶ᠎ᠠ ᠪᠠᠢ᠌ᠳᠠᠯ ᠲᠡᠶ ᠶᠡᠭᠡ ᠯᠠ ᠳᠦᠰᠦᠭᠡᠳᠡᠢ ᠪᠠᠢ᠌ᠳᠠᠭ ᠶᠤᠮᠰᠠᠨ᠃ ᠨᠠᠩ ᠴᠤ ᠦᠵᠡᠮᠵᠢ ᠪᠠᠷᠤᠭᠳᠠᠢ ᠪᠠᠷᠠᠭᠤᠨ ᠬᠣᠢ᠌ᠳᠤ ᠣᠷᠤᠨ ᠤ ᠡᠪᠦᠯ ᠤᠨ ᠡᠷᠡᠨ ᠳᠤ ᠳᠠ ᠳᠡᠭᠦᠨ ᠳᠠᠢ ᠣᠴᠠᠷᠠᠳᠠᠭ ᠪᠣᠯ ᠦᠪᠡᠷ ᠤᠨ ᠡᠷᠭᠡ ᠦᠭᠡᠶ ᠪᠢᠰᠢᠷᠠᠨ ᠪᠠᠬᠠᠷᠠᠬᠤ ᠰᠡᠳᠬᠢᠯᠭᠡ ᠳᠦᠷᠦᠭ᠍ᠳᠡᠭᠦ ᠪᠣᠯᠤᠨ᠎ᠠ᠃

ᠳᠡᠷᠡᠭᠦ ᠬᠠᠰ ᠴᠠᠭᠠᠨ᠂ ᠲᠤᠩ ᠴᠠᠭᠠᠨ ᠶ‍ᠢᠷᠳᠢᠠᠴᠤ ᠲᠦᠮᠡᠨ ᠭᠠᠵᠠᠷ ᠤᠨ ᠠᠭᠤᠯᠠ ᠣᠰᠤ ᠶᠢ ᠦᠪᠴᠢ ᠪᠦᠷᠭᠦᠭᠡᠤᠨ᠂ ᠭᠦᠢᠳᠡᠨ ᠰᠠᠯᠭᠢ ᠶᠠᠰᠤ ᠶᠢ᠌ ᠶᠠᠩᠭᠢᠨᠠᠭᠤᠯᠤᠮ᠎ᠠ ᠵᠢᠮᠵᠢᠭᠢᠨᠡᠭ᠍ᠰᠡᠨ ᠡᠳᠦᠷ᠂ ᠭᠡᠷᠪᠡ ᠳᠠ ᠨᠢᠭᠡᠨ ᠰᠠᠭᠯᠠᠭᠠᠷ ᠨᠠᠮᠠᠭ᠎ᠠ ᠪᠠᠨ ᠳᠠᠭᠠᠭᠠᠵᠤ ᠶᠠᠳᠠᠳᠠᠯ᠎ᠠ ᠴᠠᠰᠤᠨ ᠳᠤ ᠳᠠᠷᠤᠭᠳᠠᠭᠰᠠᠨ ᠠᠷᠴᠠ ᠶᠢ ᠣᠯᠵᠤ ᠥᠵᠡᠳᠡᠭ᠌ ᠪᠣᠯ ᠶᠠᠭ ᠨᠢᠭᠡᠨ ᠬᠤᠶᠠᠭ ᠳᠤᠭᠤᠯᠭ᠎ᠠ ᠭᠡᠳᠦᠷᠦᠭ᠍ᠰᠡᠨ ᠡᠪᠦᠭᠡᠨ ᠪᠣᠭᠤᠷᠤᠯ ᠠᠪᠣᠷᠭᠤ ᠵᠠᠩᠵᠤᠨ ᠬᠠᠨᠠᠢ᠌ᠨ ᠵᠤᠭᠰᠤᠵᠤ ᠪᠠᠢ᠌ᠭ᠎ᠠ ᠮᠡᠳᠤ ᠰᠡᠳᠭᠢᠭ᠍ᠳᠡᠯ ᠢ ᠠᠶᠠᠠᠳᠠᠭᠠᠨ ᠳᠦᠷᠦᠭ᠍ᠳᠡᠭᠦᠯᠭᠦ ᠪᠣᠯᠤᠨ᠎ᠠ᠃ ᠭᠡᠷᠪᠡ ᠨᠠᠷᠢᠪᠴᠢᠯᠠᠨ ᠠᠵᠢᠭᠯᠠᠪᠠᠯ᠂ ᠦᠪᠴᠢ ᠪᠠᠶ᠎ᠠ ᠮᠥᠩᠭᠦᠨ ᠵᠠᠰᠠᠯ ᠰᠤᠭᠰᠤᠷᠤᠭᠰᠠᠨ ᠰᠠᠯᠠᠭ᠎ᠠ ᠨᠠᠮᠠᠭ᠎ᠠ ᠨᠤᠭᠤᠳ ᠲᠤ ᠨᠢ ᠬᠠᠰ ᠤᠨ ᠦᠷᠦᠪᠳᠠᠰᠤ ᠭᠢᠯᠳᠦᠭᠠᠨᠡᠨ᠂ ᠬᠠᠶᠠ ᠴᠠᠰᠤ ᠨᠢ ᠬᠠᠢ᠌ᠯᠤᠭᠰᠠᠨ ᠮᠦᠴᠢᠷ ᠨᠠᠮᠠᠭ᠎ᠠ ᠨᠢ ᠴᠠᠯ ᠨᠤᠭᠤᠭᠠᠨ ᠶᠢᠡᠷ ᠪᠣᠯᠳᠠᠢ᠌ᠨ᠎ᠠ᠃ ᠡᠨᠡ ᠦᠶ᠎ᠡ ᠳᠤ ᠳᠠ ᠡᠷᠭᠡ ᠥᠭᠡᠢ ᠬᠠᠳᠡᠨ ᠤ ᠵᠠᠪᠰᠠᠷ ᠬᠠᠭᠳᠠ ᠶᠢᠨ ᠳᠤᠤᠷ᠎ᠠ ᠡᠴᠡ ᠴᠤᠬᠣᠢ᠌ᠵᠤ ᠪᠠᠢ᠌ᠳᠠᠭ ᠬᠠᠪᠣᠷ ᠴᠠᠭ ᠤᠨ ᠣᠤᠭᠠᠨ ᠰᠤᠶᠤᠭ᠎ᠠ ᠶᠢ ᠬᠤᠯᠪᠤᠨ ᠪᠣᠳᠤᠵᠤ ᠮᠡᠳᠡᠭᠦ ᠶᠤᠮ᠃ ᠳᠡᠭᠡᠭᠡᠤᠨ ᠡᠭᠡᠯᠵᠢᠯᠡᠭᠦ ᠳᠦᠷᠪᠡᠨ ᠣᠯᠠᠷᠢᠯ ᠳᠤ ᠥᠩᠭᠡ ᠶᠢᠨ ᠨᠤᠭᠤᠭᠠᠨ ᠮᠦᠴᠢᠷ ᠨᠠᠮᠠᠭ᠎ᠠ ᠪᠠᠨ ᠮᠥᠩᠭᠡ ᠬᠠᠳᠠᠭᠠᠯᠠᠳᠠᠭ ᠠᠷᠴᠠᠨ ᠤ ᠠᠮᠢᠵᠢᠷᠠᠯ ᠤᠨ ᠴᠤᠭ ᠵᠢᠪᠬᠤᠭ᠎ᠠ ᠪᠠ ᠳᠡᠭᠦᠰ ᠭᠦᠴᠤᠨ ᠳᠤ ᠨᠠᠩ ᠴᠤ ᠭᠠᠢ᠌ᠬᠠᠰᠢ ᠠᠯᠳᠠᠨ ᠪᠢᠰᠢᠷᠠᠵᠤ ᠮᠡᠳᠡᠭᠦ ᠶᠤᠮ᠃ ᠭᠡᠷᠪᠡ ᠠᠵᠠ ᠪᠣᠰᠤ ᠪᠠᠷ ᠶᠠᠮᠠᠷ ᠨᠢᠭᠡᠨ ᠨᠠᠰᠤᠨ ᠤ ᠳᠤᠭ᠎ᠠ ᠨᠢ ᠭᠡᠳᠦᠷᠡᠵᠤ ᠪᠣᠭᠤᠷᠤᠯ ᠪᠣᠯᠤᠭᠰᠠᠨ ᠠᠷᠴᠠ ᠲᠡᠶ ᠬᠠᠷᠭᠤᠭᠰᠠᠨ ᠴᠤ ᠬᠠᠮᠢᠶ᠎ᠡ ᠥᠭᠡᠢ᠂ ᠪᠢᠳᠡᠭᠡᠢ ᠳᠡᠭᠦᠨ ᠢ ᠳᠠᠩᠴᠢ ᠦᠵᠡᠮᠵᠢ ᠦᠭᠡᠶ ᠭᠡᠮᠡᠨ ᠭᠤᠷᠢ ᠳᠠᠰᠤᠷᠠᠭᠠᠷᠠᠢ︕ ᠳᠠ ᠭᠡᠷᠪᠡ ᠭᠦᠭᠡᠭᠡ ᠡᠪᠦᠯ ᠤᠨ ᠭᠤᠷᠪᠠᠨ ᠶ‍ᠢᠰᠤᠨ ᠤ ᠭᠦᠢᠳᠡᠨ ᠳᠤ ᠨᠢᠭᠡᠮᠦᠰᠤᠨ ᠪᠠᠭᠡᠷᠡᠭᠡᠤᠨ ᠮᠦᠰᠤᠨ ᠪᠦᠮᠪᠦᠯᠢᠭ᠌ ᠪᠣᠯᠬᠤ ᠳᠠᠭᠠᠨ ᠭᠦᠷᠴᠤ ᠪᠠᠢ᠌ᠳᠠᠭ ᠪᠣᠯ ᠳᠡᠭᠦᠨ ᠤ ᠳᠡᠷᠭᠡᠳᠡ ᠭᠦᠷᠴᠤ ᠠᠪᠣᠷᠠᠯ ᠡᠷᠢᠭᠡᠷᠡᠢ︕ ᠡᠪᠦᠭᠡᠨ ᠪᠣᠭᠤᠷᠤᠯ ᠳᠠᠷᠠ ᠥᠴᠦᠭᠡᠨ ᠴᠤ ᠬᠠᠢ᠌ᠷ᠎ᠠ ᠬᠠᠷᠠᠮ ᠦᠭᠡᠶ ᠪᠦᠭᠦᠯᠢ ᠴᠤᠭᠴᠠ ᠪᠠᠨ ᠴᠦᠯᠠᠨ ᠳᠠᠨ ᠳᠤ ᠥᠭ᠍‍ᠭᠢᠶᠡᠮᠦᠷ ᠬᠠᠯᠠᠭᠤᠨ ᠢᠯᠴᠢ ᠶᠢ ᠬᠠᠩᠭ᠋ᠠᠬᠤ ᠪᠣᠯᠤᠨ᠎ᠠ᠃ ᠳᠠᠨ ᠤ ᠬᠠᠮᠤᠭ ᠪᠠᠶ᠎ᠠ ᠳᠤᠯᠠᠭᠠᠴᠠᠵᠤ ᠬᠠᠯᠠᠭᠤᠨ ᠴᠢᠰᠤ ᠡᠷᠴᠢᠯᠡᠭᠡᠤᠨ ᠳᠠᠠᠳᠠ ᠡᠴᠡ ᠪᠠᠨ ᠰᠠᠯᠵᠤ ᠣᠤᠠᠬᠤ ᠦᠶ᠎ᠡ ᠳᠤ᠂ ᠳᠡᠭᠦᠨ ᠤ ᠬᠠᠮᠤᠭ ᠤᠨ ᠵᠢᠵᠢᠭ᠌ ᠴᠤᠴᠠᠯᠢ ᠴᠤᠭ ᠨᠢ ᠭᠦᠷᠳᠡᠯ᠎ᠡ ᠣᠢ᠌ᠯᠠᠴᠢᠯᠠᠵᠤ ᠪᠠᠰᠠ ᠬᠠᠨᠤᠭᠰᠠᠨ ᠦᠭᠡᠶ ᠭᠡᠵᠤ ᠪᠠᠢ᠌ᠭ᠎ᠠ ᠶᠤᠮ ᠰᠢᠭ ᠣᠯᠠᠢ᠌ᠭᠰᠠᠭᠠᠷ ᠳᠠᠨ ᠢ ᠥᠳᠡᠭᠦ ᠪᠣᠯᠤᠨ᠎ᠠ᠃

ᠳᠠᠢ᠌ᠮᠤ ᠡ︕ ᠡᠳᠡᠭᠡᠷ ᠪᠦᠭᠦᠨ ᠢ ᠥᠵᠡᠭᠡᠤᠨ ᠳᠠ ᠳᠡᠳᠡᠭᠡᠷ ᠠᠷᠴᠠᠨ ᠤ ᠡᠷᠭᠢᠨ ᠳᠤᠭᠤᠷᠢᠨ ᠳᠤ ᠠᠮᠢ ᠭᠤᠤᠯ ᠶᠢᠡᠨ ᠬᠤᠯᠪᠣᠭᠰᠠᠨ ᠮᠠᠳᠤ ᠰᠠᠯᠤᠰᠢ ᠦᠭᠡᠶ ᠡᠭᠡᠨᠡᠭ᠍ᠰᠢᠨ ᠨᠤᠳᠤᠭᠯᠠᠵᠤ ᠪᠠᠢ᠌ᠭ᠎ᠠ ᠮᠠᠯᠴᠢᠳ ᠢ ᠪᠣᠳᠤᠵᠤ ᠣᠯᠳᠠᠭ ᠪᠣᠯ ᠭᠡᠴᠢᠨᠡᠨ ᠴᠤ ᠡᠯᠢᠭᠡᠰᠡᠭ᠌ ᠳᠤᠯᠠᠭᠠᠨ᠂ ᠡᠷᠭᠢᠮ ᠳᠡᠭᠡᠳᠤ ᠰᠠᠨᠠᠭᠳᠠᠬᠤ ᠪᠣᠯ ᠡ︕

ᠠᠷᠴᠠ ᠪᠣᠯ ᠮᠥᠩᠭᠡ ᠨᠤᠭᠤᠭᠠᠨ ᠨᠠᠪᠴᠢ ᠲᠡᠶ ᠣᠷᠭᠤᠮᠠᠯ ᠤᠨ ᠠᠢ᠌ᠮᠠᠭ ᠲᠦᠷᠦᠯ ᠳᠤ ᠪᠠᠭᠳᠠᠨ᠎ᠠ᠃ ᠡᠢ᠌ᠮᠤ ᠡᠴᠡ ᠳᠠᠷᠠ ᠠᠯᠳᠠᠷ ᠶᠢᠡᠨ ᠳᠠᠭᠤᠷᠢᠰᠤᠭᠤᠯᠤᠭᠰᠠᠨ ᠠᠯᠳᠠᠨ ᠭᠢᠩᠭ᠋ᠠᠨ ᠤ ᠣᠢ ᠶᠢᠨ ᠳᠠᠯᠠᠢ ᠳ᠋ᠠᠭᠢ ᠮᠠᠢ᠌ᠯᠠᠰᠤᠨ ᠰᠢᠭᠤᠢ ᠲᠡᠶ《ᠡᠯᠢᠭᠡᠨ ᠰᠠᠳᠤᠨ》 ᠪᠣᠯᠵᠤ᠂ ᠠᠭᠠᠷ ᠢ ᠪᠠᠭᠠᠨᠠᠳᠠᠭᠰᠠᠨ ᠳᠡᠭ᠍ᠷᠢ ᠠᠭᠤᠯᠠ ᠶᠢᠨ ᠮᠦᠰᠤᠳᠤ ᠣᠷᠭᠢᠯ ᠳ᠋ᠠᠭᠢ ᠨᠠᠷᠠᠰᠤᠨ ᠰᠢᠭᠤᠢ ᠲᠡᠶ 《ᠣᠷᠤᠭ ᠲᠦᠷᠦᠯ》 ᠪᠣᠯᠬᠤ ᠶᠤᠮ᠃ ᠭᠡᠪᠠᠴᠤ ᠳᠠᠷᠠ ᠠᠯᠢ ᠨᠢᠭᠡᠨ ᠭᠠᠯᠠᠪ ᠤᠨ ᠶᠡᠭᠡ ᠪᠠᠢ᠌ᠭᠠᠯᠢ ᠶᠢᠨ ᠣᠷᠤᠭ᠎ᠠ ᠪᠣᠰᠬᠠᠭ᠎ᠠ ᠣᠯᠠᠷᠢᠯ ᠬᠤᠪᠢᠰᠤᠯ ᠡᠴᠡ ᠪᠣᠯᠤᠭᠠᠤᠨ᠂ ᠲᠦᠷᠦᠯᠭᠢ ᠨᠤᠳᠤᠭ ᠲᠦᠷᠦᠯ ᠣᠭᠰᠠᠭ᠎ᠠ ᠡᠴᠡ ᠪᠠᠨ ᠲᠦᠮᠡᠨ ᠭᠠᠵᠠᠷ ᠰᠠᠯᠵᠤ᠂ ᠡᠨᠡᠭᠦ ᠮᠥᠩᠭᠡ ᠴᠠᠰᠤᠳᠤ ᠺᠦᠠᠯᠦ᠋ᠨ ᠠᠭᠤᠯᠠᠨ ᠤ ᠠᠭᠤᠳᠠᠮ ᠭᠡᠪᠠᠯᠢ ᠳᠤ ᠨᠡᠭᠦᠳᠡᠯᠯᠡᠨ ᠢᠷᠠᠵᠤ ᠣᠷᠤᠰᠢᠨ ᠨᠤᠳᠤᠭᠯᠠᠭᠰᠠᠨ ᠪᠠᠢ᠌ᠵᠤ ᠮᠡᠳᠡᠭᠦ ᠶᠤᠮ᠃ ᠳᠠᠷᠠ ᠦᠰᠴᠦ ᠳᠠᠰᠤᠭᠰᠠᠨ ᠦᠨᠢᠷ ᠰᠠᠢ᠌ᠬᠠᠨ ᠭᠦᠷᠦᠰᠤ ᠰᠢᠷᠤᠢ ᠡᠴᠡ ᠪᠠᠨ ᠠᠩᠭᠢᠵᠢᠷᠠᠭᠠᠤᠨ᠂ ᠥᠡᠳᠦᠷᠯᠢᠭ᠌ ᠤᠨ ᠭᠦᠢᠳᠡᠨ ᠰᠡᠢ᠌ᠷᠡᠭ᠌ ᠠᠭᠤᠷ ᠠᠮᠢᠰᠬᠤᠯ ᠳᠤ ᠵᠤᠭᠢᠴᠠᠬᠤ ᠳᠠᠭᠠᠨ ᠭᠡᠴᠢᠨᠡᠨ ᠴᠤ ᠳᠠᠰᠪᠣᠷᠢ ᠬᠠᠳᠠᠭᠤᠵᠢᠯᠳᠠᠢ ᠳᠠᠮᠠᠴᠠᠯ ᠤᠨ ᠳᠡᠦᠭᠡᠨ ᠶᠠᠪᠣᠴᠠ ᠶᠢ ᠥᠩᠭᠡᠷᠡᠭ᠍ᠰᠡᠨ ᠢ ᠪᠣᠤ ᠮᠠᠳᠠ᠃ ᠡᠴᠦᠰ ᠲᠡᠭᠡᠨ ᠳᠠᠷᠠ ᠡᠨᠡᠭᠦ ᠬᠠᠭᠢᠷ ᠭᠦᠢᠳᠡᠨ ᠬᠠᠳᠠ ᠴᠢᠯᠠᠭᠤᠯᠢᠭ ᠳᠠᠴᠢᠷ ᠭᠦᠷᠦᠰᠤᠨ ᠳᠡᠭᠡᠷ᠎ᠡ᠂ ᠦᠨᠳᠦᠰᠦ ᠪᠠᠨ ᠬᠠᠤᠠᠬᠤᠵᠤ ᠦᠷ᠎ᠡ ᠪᠠᠨ ᠰᠠᠴᠤᠵᠠᠢ᠃ ᠴᠢᠩᠭᠢᠭᠡᠤᠨ ᠡᠨᠡᠭᠦ ᠴᠠᠰᠤᠳᠤ ᠺᠦᠠᠯᠦ᠋ᠨ ᠤ ᠳᠠᠷᠬᠠᠨ ᠬᠤᠷᠮᠤᠢ ᠳᠤ ᠢᠵᠢᠯᠢᠰᠢᠭ᠍ᠰᠡᠨ ᠡᠳᠡᠭᠡᠤᠨ ᠦᠪᠡᠷᠮᠢᠴᠠ ᠠᠷᠴᠠᠨ ᠰᠢᠭᠤᠢ ᠪᠣᠯᠤᠨ ᠢᠳᠡᠭᠡᠰᠢᠵᠡᠢ᠃

ᠠᠷᠴᠠ ᠳᠤ ᠮᠠᠰᠢ ᠠᠷᠪᠢᠨ ᠵᠣᠢ᠌ᠯ ᠬᠤᠪᠢᠶᠠᠳᠠᠭ ᠪᠣᠯᠪᠠᠴᠤ᠂ ᠮᠠᠨ ᠤ ᠳᠠᠠᠳᠠᠭᠢ ᠶᠢᠨ ᠮᠠᠯᠴᠢᠳ ᠵᠠᠩᠰᠢᠯ ᠶᠢᠡᠷ ᠶᠢᠡᠨ ᠥᠷᠭᠦᠯᠵᠢ ᠬᠤᠶᠠᠷ ᠲᠦᠷᠦᠯ ᠬᠤᠪᠢᠶᠠᠵᠤ ᠪᠠᠢ᠌ᠳᠠᠭ᠃ ᠨᠠᠪᠴᠢᠨ ᠤ ᠥᠵᠦᠭᠦᠷ ᠤᠨ ᠭᠢᠨᠢ ᠰᠢᠷᠠᠪᠳᠤᠷ ᠨᠤᠭᠤᠭᠠᠨ ᠥᠩᠭᠡ ᠲᠡᠶ ᠶᠢ ᠨᠢ 《ᠬᠤᠨᠢᠨ ᠠᠷᠴᠠ》 ᠭᠡᠮᠡᠵᠤ᠂ ᠴᠠᠢ᠌ᠪᠳᠤᠷ ᠨᠤᠭᠤᠭᠠᠨ ᠥᠩᠭᠡ ᠲᠡᠶ ᠶᠢ 《ᠢᠮᠠᠭᠠᠨ ᠠᠷᠴᠠ》 ᠭᠡᠳᠡᠭ᠌᠃ ᠳᠡᠭᠡᠭᠡᠤᠨ ᠬᠤᠨᠢᠨ ᠠᠷᠴᠠ ᠪᠣᠯ ᠴᠢᠨᠠᠷ ᠴᠢᠳᠠᠯ ᠶᠢᠡᠷ ᠰᠠᠢ᠌ᠨ᠂ ᠢᠮᠠᠭᠠᠨ ᠠᠷᠴᠠ ᠪᠣᠯ ᠠᠨᠠᠢ᠌ᠬᠠᠨ ᠭᠡᠯᠴᠡᠳᠡᠭ᠌᠃ ᠭᠡᠳᠡᠯ᠎ᠡ ᠭᠡᠷᠪᠡ ᠳᠠ ᠠᠷᠴᠠᠨ ᠤ ᠣᠢ ᠳᠤ ᠣᠷᠤᠵᠤ ᠣᠴᠢᠪᠠᠯ ᠡᠨᠡᠭᠦ ᠬᠤᠶᠠᠷ ᠵᠣᠢ᠌ᠯ ᠤᠨ ᠠᠷᠴᠠ ᠶᠢ ᠢᠯᠭᠠᠵᠤ ᠰᠠᠯᠭᠠᠬᠤ ᠳᠤ ᠲᠤᠩ ᠴᠤ ᠭᠦᠴᠢᠷᠳᠡᠵᠤ ᠮᠡᠳᠡᠭᠦ ᠶᠤᠮ᠃ ᠣᠴᠢᠷ ᠨᠢ ᠳᠠᠳᠠ ᠪᠣᠯ ᠡᠷᠭᠢᠮ ᠡᠭᠡᠯ ᠭᠡᠮᠡᠨ ᠬᠠᠷᠢᠯᠴᠠᠨ ᠭᠠᠳᠠᠭᠤᠷᠴᠢᠯᠠᠳᠠᠭ ᠪᠢᠰᠢ᠂ ᠬᠠᠷᠢᠨ ᠬᠠᠶᠠᠭ᠎ᠠ ᠳᠠᠷᠤᠭᠰᠠᠨ ᠬᠤᠰᠢᠶᠠᠤᠨ ᠠᠢ᠌ᠯ ᠮᠠᠳᠤ ᠰᠠᠯᠠᠭ᠎ᠠ ᠨᠠᠮᠠᠭ᠎ᠠ ᠪᠠᠨ ᠬᠤᠯᠪᠤᠨ ᠵᠡᠷᠭᠡᠴᠡᠨ ᠣᠷᠤᠰᠢᠵᠤ᠂ ᠰᠠᠳᠤᠨ ᠲᠦᠷᠦᠯ ᠮᠠᠳᠤ ᠢᠨᠠᠭ ᠳᠤᠳᠤᠨᠤ ᠪᠠᠢ᠌ᠳᠠᠭ ᠰᠠᠨ︕ ᠳᠠᠢ᠌ᠮᠤ ᠡᠴᠡ ᠳᠠᠳᠠ ᠭᠦᠢᠳᠡᠨ ᠰᠢᠭᠤᠷᠭᠠᠨ ᠳᠤ ᠨᠤᠭᠤᠷᠠᠬᠤ ᠦᠭᠡᠶ᠂ ᠭᠦᠭᠡᠭᠡ ᠡᠪᠦᠯ ᠥᠩᠭᠡ ᠪᠠᠨ ᠠᠯᠳᠠᠬᠤ ᠦᠭᠡᠶ ᠭᠦᠴᠤᠨ ᠴᠢᠳᠠᠯ ᠲᠡᠶ ᠪᠠᠢ᠌ᠵᠤ ᠴᠢᠳᠠᠳᠠᠭ ᠶᠤᠮ᠃

ᠠᠷᠴᠠᠨ ᠤ ᠦᠪᠡᠷᠮᠢᠴᠠ ᠡᠳᠡᠭᠡᠤᠨ ᠣᠠᠴᠠᠯᠢᠭ ᠢ ᠳᠤᠷᠠᠤᠠᠬᠤ ᠪᠦᠷᠢ ᠠᠩᠭᠢᠯᠤᠮ᠎ᠠ ᠰᠠᠢ᠌ᠬᠠᠨ ᠦᠨᠦᠷ ᠪᠣᠯ ᠳᠡᠭᠦᠨ ᠤ ᠬᠠᠮᠤᠭ ᠤᠨ ᠭᠣᠢ᠌ᠳᠠ ᠰᠤᠷᠭᠤᠭ ᠵᠣᠢ᠌ᠯ ᠨᠢ ᠪᠣᠯᠳᠠᠭ ᠶᠤᠮ᠃ ᠳᠡᠭᠦᠨ ᠢ ᠭᠡᠷᠪᠡ ᠬᠤᠪᠣᠷ ᠴᠤᠬᠠᠭ ᠡᠮ ᠤᠨ ᠫᠦᠰᠡ ᠳᠤ ᠥᠨᠦᠷᠳᠡᠳᠡᠭ᠌ ᠪᠣᠯ ᠠᠭᠠᠷᠤ ᠽᠠᠠᠳᠠᠨ ᠴᠤ ᠭᠡᠮᠡᠷ ᠰᠠᠢ᠌ᠬᠠᠨ ᠰᠠᠨᠠᠭᠳᠠᠮᠠᠷ ᠶᠤᠮ ︔ ᠳᠡᠭᠦᠨ ᠢ ᠭᠡᠷᠪᠡ ᠦᠨᠳᠦᠷ ᠰᠡᠷᠢᠭᠦᠨ ᠵᠤᠰᠠᠯᠠᠩ ᠤᠨ ᠳᠠᠠᠵᠢᠨ ᠳᠤ ᠥᠨᠦᠷᠳᠡᠳᠡᠭ᠌ ᠪᠣᠯ ᠠᠭᠢ ᠳᠠᠭᠠᠨ᠎ᠠ ᠶᠢᠨ ᠦᠨᠦᠷ ᠴᠤ ᠭᠡᠮᠡᠷ ᠰᠤᠭᠳᠤᠭᠤᠷᠠᠮᠠᠷ ᠶᠤᠮ ︔ ᠳᠡᠭᠦᠨ ᠢ ᠭᠡᠷᠪᠡ ᠴᠠᠪᠠᠷ ᠳᠤᠭᠢᠯᠢᠭ ᠭᠡᠷ ᠤᠨ ᠥᠷᠦᠭᠡ ᠳᠤ ᠥᠨᠦᠷᠳᠡᠳᠡᠭ᠌ ᠪᠣᠯ ᠭᠦᠵᠢᠰ ᠤᠨ ᠦᠨᠦᠷ ᠴᠤ ᠭᠡᠮᠡᠷ ᠡ᠊ᠨᠳᠡᠭᠦᠷᠡᠮᠡᠷ ᠶᠤᠮ᠃ ᠳᠠᠢ᠌ᠮᠤ ᠴᠤ ᠣᠴᠢᠷ ᠡᠴᠡ ᠠᠯᠢ ᠡᠷᠳᠡ ᠡᠴᠡ ᠠᠪᠣᠭᠠᠤᠨ ᠮᠠᠨ ᠤ ᠡᠪᠦᠭᠡ ᠳᠡᠭᠡᠳᠦᠰ ᠡᠨᠡᠭᠦ ᠶᠡᠭᠡ ᠪᠠᠢ᠌ᠭᠠᠯᠢ ᠡᠴᠡ ᠬᠠᠢ᠌ᠷᠠᠯᠠᠭᠰᠠᠨ ᠠᠩᠭᠢᠯᠤᠮ᠎ᠠ ᠰᠠᠢ᠌ᠬᠠᠨ ᠠᠷᠴᠠ ᠶᠢ ᠬᠠᠮᠤᠭ ᠤᠨ ᠴᠠᠪᠠᠷ ᠠᠷᠢᠭᠤᠨ ᠶᠠᠭᠤᠮ᠎ᠠ ᠪᠣᠯᠭᠠᠨ ᠰᠢᠳᠦᠳᠡᠭ᠌ ᠪᠠᠢ᠌ᠵᠠᠢ᠃ ᠳᠠᠳᠠ ᠪᠣᠷᠬᠠᠨ ᠤ ᠡᠮᠦᠨ᠎ᠡ ᠳᠠᠭᠢᠯ ᠳ᠋ᠤ ᠠᠷᠴᠠ ᠰᠢᠳᠠᠭᠠᠵᠤ᠂ ᠠᠷᠢᠭᠤᠨ ᠰᠠᠢ᠌ᠬᠠᠨ ᠠᠮᠤᠭᠤᠯᠠᠩ ᠳᠡᠭᠦᠰ ᠶ‍ᠢᠷᠳᠢᠠᠴᠤ ᠶᠢ ᠭᠦᠰᠡᠵᠤ ᠮᠥᠷᠦᠭᠡᠳᠳᠡᠭ᠌ ᠪᠠᠢ᠌ᠵᠠᠢ᠃ ᠭᠡᠳᠡᠯ᠎ᠡ ᠳᠡᠷᠡᠭᠦ ᠴᠠᠭ ᠤᠨ ᠮᠠᠭᠤ ᠨᠡᠢ᠌ᠭᠡᠮ ᠤᠨ ᠬᠠᠷᠠᠩᠭ᠋ᠤᠢ ᠳᠤ ᠳᠠᠳᠠ ᠳᠤᠯᠤᠭᠠᠢ ᠪᠠᠨ ᠬᠠᠯᠴᠠᠷᠠᠳᠠᠯ᠎ᠠ ᠮᠥᠷᠭᠦᠵᠤ ᠳᠤᠬᠤᠢ ᠪᠠᠨ ᠴᠤᠭᠤᠷᠳᠠᠯ᠎ᠠ ᠵᠠᠯᠪᠠᠷᠢᠳᠠᠭ ᠪᠣᠯᠪᠠᠴᠤ᠂ ᠳᠠᠳᠠᠨ ᠤ ᠬᠤᠪᠢ ᠵᠠᠶᠠᠭᠠᠨ ᠳᠤ ᠥᠴᠦᠭᠡᠨ ᠴᠤ ᠡᠷᠭᠢᠯᠳᠡ ᠭᠠᠷᠤᠭᠰᠠᠨ ᠥᠭᠡᠢ᠃ ᠵᠥᠪᠭᠡᠨ ᠣᠭᠢᠯᠠᠭᠠᠤᠨ ᠪᠠᠷᠠᠰᠢ ᠦᠭᠡᠶ ᠨᠢᠯᠪᠣᠰᠤ᠂ ᠣᠷᠤᠰᠤᠭᠠᠤᠨ ᠳᠠᠭᠤᠰᠤᠰᠢ ᠦᠭᠡᠶ ᠴᠢᠰᠤ ᠶᠢ ᠣᠨ ᠣᠨ᠂ ᠦᠶ᠎ᠡ ᠶᠢᠨ ᠦᠶ᠎ᠡ ᠳᠤ ᠥᠯᠡᠳᠡᠭᠡᠨ ᠬᠤᠴᠤᠷᠭᠠᠭᠰᠠᠭᠠᠷ ᠢᠷᠠᠵᠠᠢ᠁

ᠭᠡᠪᠠᠴᠤ ᠡᠭᠡ ᠳᠡᠯᠡᠭᠡᠢ ᠶᠢᠨ ᠪᠠᠶᠠᠯᠢᠭ ᠪᠣᠯᠤᠭᠰᠠᠨ ᠠᠩᠭᠢᠯᠤᠮ᠎ᠠ ᠰᠠᠢ᠌ᠬᠠᠨ ᠠᠷᠴᠠ ᠮᠠᠯᠴᠢᠨ ᠲᠦᠮᠡᠨ ᠤ ᠠᠮᠢᠳᠤᠷᠠᠯ ᠤᠨ ᠵᠠᠩ ᠳᠠᠤᠠᠬᠠᠯ ᠤᠨ ᠣᠳᠤᠮᠰᠢᠯ ᠡᠴᠡ ᠪᠣᠯᠤᠭᠠᠤᠨ᠂ ᠣᠨ ᠣᠳᠠᠭᠠᠨ ᠳᠠᠭᠠᠨ ᠳᠠᠳᠠᠨ ᠤ ᠴᠡᠭᠡᠵᠢ ᠰᠠᠤᠠᠭᠢᠯ ᠤᠨ ᠭᠦᠨ ᠳᠤ ᠬᠤᠨᠤᠭᠰᠢᠵᠤ᠂ ᠴᠠᠪᠠᠷ ᠠᠷᠢᠭᠤᠨ ᠰᠠᠢ᠌ᠨ ᠰᠠᠢ᠌ᠬᠠᠨ ᠤ ᠪᠠᠯᠭᠡ ᠳᠡᠮᠳᠡᠭ᠌ ᠪᠣᠯᠤᠨ ᠬᠠᠳᠠᠩᠰᠢᠭᠰᠠᠨ ᠪᠠᠢ᠌ᠨ᠎ᠠ᠃ ᠮᠠᠯᠴᠢᠳ ᠭᠡᠷ ᠡᠷᠦᠭᠡ ᠳᠡᠭᠡᠨ ᠥᠷᠭᠦᠯᠵᠢ ᠠᠷᠴᠠ ᠰᠢᠳᠠᠭᠠᠵᠤ᠂ ᠪᠣᠵᠠᠷ ᠪᠣᠷᠳᠠᠭ ᠢ ᠠᠷᠢᠭᠤᠤᠠᠬᠠᠵᠤ ᠪᠠᠢ᠌ᠳᠠᠭ᠃ ᠳᠠᠷᠠᠴᠢᠯᠠᠨ ᠮᠠᠯᠴᠢᠳ ᠤᠨ ᠰᠤᠮ ᠰᠠᠭᠤᠯᠠᠭ᠎ᠠ ᠭᠦᠷᠳᠡᠯ᠎ᠡ ᠪᠦᠷ ᠠᠷᠴᠠᠨ ᠮᠤᠳᠤ ᠪᠠᠷ ᠭᠢᠵᠤ ᠪᠠᠢ᠌ᠳᠠᠭ᠃ ᠡᠨᠡ ᠨᠢ ᠠᠷᠴᠠᠨ ᠮᠤᠳᠤᠨ ᠤ ᠪᠠᠳᠤ ᠪᠠᠭᠢ ᠪᠠ ᠬᠤᠷᠤᠬᠠᠢ ᠳᠤ ᠢᠳᠡᠭ᠍ᠳᠡᠭᠦ ᠶᠢ ᠰᠡᠷᠭᠡᠢ᠌ᠯᠡᠳᠡᠭ᠌ ᠡᠴᠡ ᠪᠣᠯᠤᠭᠰᠠᠨ ᠶᠤᠮ ᠭᠡᠨ᠎ᠡ᠃ ᠢᠯᠠᠩᠭ᠋ᠤᠶ᠎ᠠ ᠨᠢᠯᠬ᠎ᠠ ᠭᠡᠦᠭᠡᠤᠨ ᠢ ᠠᠷᠴᠠᠨ ᠨᠠᠮᠠᠭ᠎ᠠ ᠪᠠᠷ ᠣᠭᠢᠶᠠᠪᠠᠯ ᠭᠦᠢᠳᠡᠨ ᠳᠤ ᠲ᠋ᠠᠰᠪᠣᠷᠢᠳᠠᠢ᠂ ᠦᠯᠴᠢᠷ ᠴᠢᠯᠳᠠᠩ ᠪᠣᠯᠳᠠᠭ ᠭᠡᠵᠤ ᠡᠪᠦᠭᠡᠤᠨ ᠨᠠᠰᠤᠳᠠᠤᠨ ᠣᠠᠴᠠᠯᠠᠨ ᠰᠤᠷᠭᠠᠵᠤ ᠪᠠᠢ᠌ᠳᠠᠭ ᠪᠢᠯᠠ᠃ ᠡᠨᠡ ᠳᠤᠬᠠᠢ ᠶᠠᠷᠢᠭᠰᠠᠭᠠᠷ ᠦᠪᠡᠷ ᠤᠨ ᠡᠷᠭᠡ ᠦᠭᠡᠶ ᠨᠢᠭᠡᠨ ᠣᠴᠢᠷ ᠰᠠᠨᠠᠭᠠᠨ ᠳᠤ ᠣᠷᠤᠵᠤ ᠢᠷᠠᠯ᠎ᠠ᠃

ᠨᠢᠭᠡᠨ ᠣᠳᠠᠭ᠎ᠠ ᠡᠵᠢ ᠮᠢᠨᠢ ᠨᠢᠭᠡᠨ ᠳᠦᠳᠦᠭᠦᠷ ᠪᠣᠷᠤ ᠳᠦᠯᠦᠭᠡ ᠳᠤ ᠠᠷᠴᠠᠨ ᠨᠠᠪᠴᠢ ᠶᠢ ᠴᠢᠨᠠᠭᠰᠠᠨ ᠣᠰᠤ ᠴᠢᠤᠠᠬᠤᠵᠤ ᠪᠠᠢ᠌ᠬᠤ ᠶᠢ ᠣᠯᠵᠤ ᠥᠵᠡᠭᠡᠤᠨ ᠪᠢ ᠠᠯᠠᠮᠠᠢ᠌ᠷᠠᠴᠢᠯ᠎ᠠ᠃ ᠴᠢᠩᠭᠢᠭᠡᠤᠨ ᠡᠵᠢ ᠡᠴᠡ ᠪᠠᠨ ᠯᠠᠪᠯᠠᠨ ᠠᠰᠠᠭᠤᠪᠠᠯ ᠠᠷᠴᠠ ᠪᠣᠯ ᠮᠠᠯ ᠤᠨ ᠠᠭᠤᠰᠭᠢᠨ ᠤ ᠡᠪᠠᠦᠡᠴᠢᠨ ᠢ ᠵᠠᠰᠠᠬᠤ ᠳᠤ ᠣᠠᠴᠠ ᠳᠤᠰᠠ ᠲᠡᠶ ᠨᠤᠳᠤᠭ ᠤᠨ ᠡᠮ ᠪᠣᠯᠬᠤ ᠶᠤᠮ ᠭᠡᠨ᠎ᠡ᠃ ᠡᠵᠢ ᠮᠢᠨᠢ ᠪᠠᠰᠠ ᠠᠷᠴᠠ ᠪᠠᠷ ᠴᠢᠨ᠋ᠸ᠎ᠠ ᠨᠤᠬᠠᠢ ᠳᠤ ᠬᠠᠵᠠᠭᠳᠠᠭᠰᠠᠨ ᠮᠠᠯ ᠤᠨ ᠰᠢᠷᠬ᠎ᠠ ᠶᠢ ᠣᠭᠢᠶᠠᠪᠠᠯ ᠲᠤᠩ ᠬᠤᠷᠳᠤᠨ ᠡᠳᠡᠭᠡᠷᠡᠳᠡᠭ᠌ ᠭᠡᠭᠦ ᠮᠠᠳᠤ ᠡᠳᠦᠢ ᠳᠠᠳᠤᠢ ᠶᠠᠭᠤᠮ᠎ᠠ ᠶᠢ ᠭᠡᠯᠡᠵᠤ ᠥᠭ᠍ᠴᠤ ᠪᠢᠯᠠ᠃ ᠥᠨᠡᠭᠡᠷ ᠣᠳᠠᠯ ᠦᠭᠡᠶ ᠬᠤᠶᠠᠷ ᠰᠠᠷ᠎ᠠ ᠭᠢᠷᠢᠳᠠᠢ ᠪᠣᠯᠬᠤ ᠳᠤ ᠳᠦᠳᠦᠭᠦᠷ ᠪᠣᠷᠤ ᠳᠦᠯᠦᠭᠡ ᠮᠢᠨᠢ ᠲᠦᠮᠡᠨ ᠬᠤᠨᠢᠨ ᠤ ᠳᠦᠷᠦᠭᠦᠨ ᠳᠤ ᠳᠤᠭᠯᠠᠨ ᠭᠦᠶ‍ᠦᠵᠤ ᠪᠠᠢ᠌ᠬᠤ ᠶᠢ ᠣᠯᠵᠤ ᠬᠠᠷᠠᠭᠰᠠᠨ ᠶᠤᠮ᠃ ᠪᠢ ᠦᠪᠡᠷ ᠤᠨ ᠡᠷᠭᠡ ᠦᠭᠡᠶ ᠠᠷᠴᠠ ᠶᠢ ᠬᠠᠢ᠌ᠷᠠᠯᠠᠨ ᠪᠠᠬᠠᠷᠠᠬᠤ ᠰᠡᠳᠬᠢᠯᠭᠡ ᠭᠦᠨ ᠡᠴᠡ ᠭᠦᠨ ᠳᠦᠷᠦᠭ᠍ᠳᠡᠵᠤ ᠪᠢᠯᠠ᠃

ᠳᠠᠢ᠌ᠮᠤ ᠡ᠂ ᠠᠷᠴᠠ — ᠳᠠᠷᠠ ᠪᠣᠯ ᠭᠤᠸ᠎ᠠ ᠰᠠᠢ᠌ᠬᠠᠨ᠂ ᠴᠠᠪᠠᠷ ᠠᠷᠢᠭᠤᠨ᠂ ᠴᠢᠭᠡᠴᠢ ᠰᠢᠯᠤᠭᠤᠨ ᠤ ᠪᠠᠯᠭᠡᠳᠡᠯ ᠮᠦᠨ᠃ ᠭᠡᠪᠠᠴᠤ ᠨᠡᠩ ᠡᠷᠭᠢᠮ ᠨᠠᠠᠳᠢᠨ ᠪᠠᠢ᠌ᠳᠠᠭ ᠨᠢ ᠳᠡᠭᠦᠨ ᠤ ᠮᠠᠭᠤ ᠮᠠᠭᠤᠬᠠᠢ᠂ ᠪᠣᠵᠠᠷ ᠪᠣᠷᠳᠠᠭ᠂ ᠭᠠᠵᠢᠭᠤ ᠰᠤᠯᠢᠭᠤ ᠶᠢ ᠳᠠᠷᠤᠳᠠᠭ ᠬᠤᠪᠢᠯᠭᠠᠨ ᠷᠢᠯᠤ ᠮᠠᠳᠤ ᠷᠢᠳᠢ ᠰᠢᠳᠢ ᠲᠡᠶ ᠪᠠᠢ᠌ᠳᠠᠭ ᠲᠤ ᠣᠷᠤᠰᠢᠨ᠎ᠠ᠃

ᠠᠷᠴᠠ — ᠮᠠᠰᠢ ᠡᠪ ᠡᠡᠭ᠌ ᠤᠨ ᠮᠤᠳᠤ ᠶᠤᠮᠰᠠᠨ︕ ᠭᠡᠳᠡᠯ᠎ᠡ ᠳᠠᠷᠠ ᠶᠠᠭᠤᠨ ᠳᠤ ᠰᠠᠤᠠᠭᠢᠯ ᠤᠨ ᠰᠢᠵᠢᠮ ᠢ ᠮᠢᠨᠢ ᠢᠮᠠᠭᠳᠠ ᠰᠤᠷᠢᠠᠵᠢᠨ ᠭᠦᠷᠤ ᠰᠢᠭ᠌ ᠳᠠᠳᠠᠭᠠᠤᠨ ᠪᠠᠢ᠌ᠳᠠᠭ ᠪᠣᠢ︖ ᠡᠨ᠂ ᠪᠢ ᠣᠢ᠌ᠯᠭᠠᠯ᠎ᠠ︕

ᠠᠷᠴᠠ — ᠲ᠋ᠠᠷᠠ ᠠᠯᠢᠮ᠎ᠠ ᠵᠢᠮᠢᠰ ᠤᠨ ᠱᠢᠷᠤᠨ ᠣᠠᠵᠢᠯᠭ᠎ᠠ ᠥᠭᠡᠢ ᠴᠤ ᠭᠡᠰᠡᠨ ᠠᠩᠭᠢᠯᠤᠮ᠎ᠠ ᠰᠠᠢ᠌ᠬᠠᠨ ᠠᠭᠤᠯᠠᠷᠬᠠᠭ ᠣᠷᠤᠨ ᠤ ᠡᠳᠡᠭᠡᠤᠨ ᠦᠪᠡᠷᠮᠢᠴᠠ ᠦᠨᠦᠷ ᠲᠡᠶ ᠰᠠᠨ︕ ᠳᠠᠷᠠ ᠬᠠᠩᠬᠠᠯᠵᠠᠭᠰᠠᠨ ᠭᠡᠭᠡᠡᠴᠢᠷ ᠣᠷᠠᠨ ᠭᠤᠸᠠᠯᠢᠭ ᠳᠦᠷᠢ ᠦᠭᠡᠶ ᠴᠤ ᠭᠡᠰᠡᠨ ᠬᠠᠷ᠎ᠠ ᠰᠢᠭᠤᠷᠭᠠᠨ ᠳᠤ ᠥᠩᠭᠡ ᠵᠢᠪᠬᠤᠭ᠎ᠠ ᠪᠠᠨ ᠠᠯᠳᠠᠬᠤ ᠦᠭᠡᠶ ᠡᠷᠡᠮᠡᠭᠡᠢ ᠬᠠᠳᠠᠨ ᠴᠢᠨᠠᠷ ᠲᠡᠶ ᠰᠠᠨ︕ ᠳᠠᠷᠠ ᠱᠢᠷᠤ ᠰᠤᠪᠣᠤᠨ ᠰᠢᠭ ᠭᠡᠷᠡᠯ ᠭᠢᠯᠳᠦᠭᠠᠨᠡᠮ᠎ᠡ ᠦᠭᠡᠶ ᠴᠤ ᠭᠡᠰᠡᠨ ᠰᠥ᠋ ᠰᠢᠭ᠌ ᠰᠠᠢ᠌ᠬᠠᠨ ᠰᠠᠨᠠᠭᠠᠨ ᠤ ᠪᠦᠷᠢᠯᠸ᠎ᠡ ᠰᠠᠨ︕ ᠳᠠᠷᠠ ᠠᠭᠠᠷᠤ ᠽᠠᠠᠳᠠᠨ ᠰᠢᠭ ᠦᠨ᠎ᠡ ᠴᠠᠨ᠎ᠠ ᠦᠭᠡᠶ ᠴᠤ ᠭᠡᠰᠡᠨ ᠠᠳᠠ ᠬᠤᠤᠷ ᠢ ᠠᠷᠢᠭᠤᠤᠠᠬᠠᠬᠤ ᠬᠤᠪᠢᠯᠭᠠᠨ ᠷᠢᠯᠤ ᠶᠢᠨ ᠭᠦᠴᠤᠨ ᠴᠢᠳᠠᠯ ᠲᠡᠶ ᠰᠠᠨ︕

ᠡᠨ᠂ ᠡᠡᠷᠴᠡ ᠮᠤᠳᠤ ᠡ︕ ᠳᠠ ᠮᠠᠨ ᠤ ᠥᠡᠳᠦᠷᠯᠢᠭ᠌ ᠣᠷᠤᠨ ᠤ ᠮᠤᠩᠭ᠋ᠤᠯᠴᠤᠳ ᠤᠨ ᠠᠷᠢᠭᠤᠨ ᠰᠠᠢ᠌ᠬᠠᠨ ᠵᠠᠩ ᠴᠢᠨᠠᠷ ᠤᠨ ᠪᠠᠯᠭᠡ ᠳᠡᠮᠳᠡᠭ᠌ ᠪᠠᠰᠢᠤ︕ ᠳᠠᠨ ᠤ ᠡᠷᠭᠢᠮ ᠳᠡᠭᠡᠳᠤ ᠵᠠᠩ ᠴᠢᠨᠠᠷ ᠴᠢᠨᠢ ᠮᠠᠨ ᠤ ᠳᠡᠭᠡᠳᠤ ᠮᠤᠩᠭ᠋ᠤᠯ ᠤᠨ ᠮᠠᠯᠴᠢᠨ ᠲᠦᠮᠡᠨ ᠤ ᠠᠰᠪᠣᠷᠢ ᠴᠠᠢ᠌ᠯᠭᠠᠨ᠂ ᠡᠷᠡᠯᠭᠡᠭ᠌ ᠪᠠᠭᠠᠳᠤᠷ᠂ ᠠᠵᠢᠯᠴᠢ ᠪᠣᠷᠤᠭᠵᠢᠭᠤᠨ᠂ ᠥᠭ᠍‍ᠭᠢᠶᠡᠮᠦᠷ ᠳᠤᠯᠠᠭᠠᠨ᠂ ᠳᠠᠷᠤᠤ ᠨᠤᠮᠤᠬᠠᠨ᠁ ᠵᠡᠷᠭᠡ ᠵᠠᠩ ᠴᠢᠨᠠᠷ ᠲᠡᠶ ᠶᠠᠭᠤᠳᠠᠢ ᠲᠦᠰᠳᠠᠢ᠂ ᠶᠠᠭᠤᠳᠠᠢ ᠠᠳᠠᠯᠢᠬᠠᠨ ᠠᠵᠠᠢ︕ ᠳᠠ ᠶᠤᠰᠤᠳᠠᠢ ᠮᠠᠨ ᠤ ᠥᠡᠳᠦᠷᠯᠢᠭ᠌ ᠣᠷᠤᠨ ᠤ ᠡᠷᠡᠯᠭᠡᠭ᠌ ᠮᠠᠯᠴᠢᠳ ᠤᠨ ᠣᠶᠤᠨ ᠰᠠᠨᠠᠭᠠᠨ ᠤ ᠳᠦᠷᠰᠦ ᠪᠠᠢ᠌ᠳᠠᠯ ᠤᠨ ᠬᠠᠮᠤᠭ ᠤᠨ ᠠᠮᠢᠳᠤ ᠳᠦᠷᠰᠦᠯᠢᠭ᠌ ᠬᠤᠷᠢᠶᠠᠩᠭ᠋ᠤᠢ ᠰᠢᠩᠭᠡᠯ ᠮᠦᠨ᠃ ᠭᠡᠪᠠᠴᠤ ᠳᠡᠭᠦᠨ ᠤ ᠨᠠᠩ ᠴᠤ ᠭᠦᠮᠦᠰ ᠤᠨ ᠭᠦᠡᠳᠦᠦᠡᠭᠡᠯ ᠪᠢᠰᠢᠷᠠᠯ ᠢ ᠳᠠᠳᠠᠭᠤᠰᠢᠳᠠᠢ ᠨᠢ ᠡᠭᠡᠯᠢᠳᠤ ᠬᠠᠪᠣᠷ ᠤᠨ ᠣᠷᠢᠬᠠᠨ ᠳᠤᠯᠠᠭᠠᠨ ᠡᠭᠡ ᠳᠡᠯᠡᠭᠡᠢ ᠳᠤ ᠨᠠᠢ᠌ᠳᠠᠮ ᠪᠢᠯᠬᠠᠭᠰᠠᠨ ᠡᠷᠡᠨ ᠳᠤ ᠪᠠᠢ᠌ᠳᠠᠭ ᠪᠢᠯᠠ︕

ᠳᠡᠷᠡᠭᠦ ᠲᠦᠮᠡᠨ ᠪᠣᠳᠠᠰ ᠠᠮᠢᠯᠠᠨ ᠳᠡᠭ᠍ᠵᠢᠷᠡᠭ᠍ᠰᠡᠨ ᠳᠡᠯᠭᠡᠷ ᠣᠯᠠᠷᠢᠯ ᠳᠤ ᠭᠡᠷᠪᠡ ᠳᠠ ᠠᠷᠴᠠ ᠶᠢ ᠣᠯᠵᠤ ᠬᠠᠷᠠᠳᠠᠭ ᠪᠣᠯ ᠳᠠᠷᠠ ᠭᠡᠵᠢᠶᠡᠳᠡ ᠦᠨᠳᠦᠷ ᠰᠥᠷᠯᠢᠭ᠌ ᠬᠠᠷᠭᠠᠢ᠂ ᠥᠩᠭᠡ ᠪᠣᠯᠢᠶᠠᠯᠳᠤᠭᠰᠠᠨ ᠴᠡᠴᠡᠭ᠌᠁ ᠮᠠᠳᠤᠰ ᠲᠤ ᠦᠵᠡᠮᠵᠢ ᠶᠢᠨ ᠭᠠᠢ᠌ᠬᠠᠮᠰᠢᠭ ᠥᠩᠭᠡ ᠶᠢᠨ ᠭᠡᠭᠡᠡᠴᠢᠷ ᠢ ᠨᠠᠢ᠌ᠷ ᠳᠠᠯᠪᠢᠭᠠᠤᠨ᠂ ᠲᠤᠩ ᠴᠤ ᠨᠠᠮᠬᠠᠨ ᠳᠤᠭᠳᠠᠭᠤᠨ ᠶᠢᠡᠷ ᠣᠷᠭᠤᠮᠠᠯ ᠤᠨ ᠳᠤᠮᠳᠠᠭᠢ ᠡᠪ ᠡᠭᠡᠯ ᠨᠢᠭᠡᠨ ᠭᠡᠰᠢᠭᠦᠨ ᠤ ᠬᠤᠪᠢ ᠪᠠᠷ ᠮᠦᠰᠢᠶᠠᠵᠤ ᠪᠠᠢ᠌ᠳᠠᠭ ᠰᠠᠨ᠃


ᠵᠤᠬᠢᠶᠠᠭᠴᠢ᠄ ᠭᠦ᠊·ᠴᠡᠷᠡᠩᠪᠡᠯ
ᠢᠷᠡᠯᠲᠡ᠄ ᠨᠠᠷᠠᠨᠴᠡᠴᠡᠭ ᠬᠠᠩᠭᠠᠪᠠ
ᠳᠠᠷᠤᠮ᠄ 1563
ᠴᠠᠭ᠄ 2006 ᠤᠨ ᠤ 07 ᠰᠠᠷ᠎ᠠ ᠶᠢᠨ 20
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ