ᠪᠣᠱᠤᠤᠳᠠᠢ

ᠮᠢᠩᠭ᠋ᠠᠨ ᠰᠠᠢ᠌ᠬᠠᠨ ᠨᠤᠳᠤᠭ ᠭᠡᠵᠤ

ᠮᠠᠩᠬᠠᠨ ᠨᠤᠳᠤᠭ ᠤᠨ ᠮᠢᠨᠢ ᠭᠡᠮᠵᠢᠶ᠎ᠡ

ᠪᠢᠠᠳᠠᠷᠢᠶ᠎ᠠ ᠨᠤᠮᠢᠨ ᠪᠣᠱᠤᠤᠳᠠᠢ ᠭᠡᠵᠤ

ᠪᠠᠭᠠᠳᠤᠷ ᠳᠡᠭᠡᠳᠤ ᠶᠢᠨ ᠮᠢᠨᠢ ᠨᠠᠷ᠎ᠠ


ᠭᠤᠷᠪᠠᠨ ᠬᠤᠰᠢᠭᠤᠨ ᠤ ᠨᠠᠮᠳᠠᠷ ᠢ

ᠭᠤᠷᠪᠠᠨ ᠭᠦᠯᠢᠶᠡᠨ ᠳᠡᠭᠡᠷ᠎ᠡ ᠪᠠᠨ ᠪᠢᠴᠢᠭᠯᠡᠭ᠍ᠰᠡᠨ

ᠴᠠᠩᠳᠤᠭᠰᠠᠨ ᠬᠤᠸᠠᠩᠯᠢ ᠳ᠋ᠠᠭᠢ ᠴᠠᠳᠢᠭ ᠤᠳ ᠢ

ᠴᠠᠭᠠᠨ ᠰᠢᠷᠡᠭᠡᠳᠤ ᠳᠡᠭᠡᠷ᠎ᠡ ᠪᠠᠨ ᠨᠢᠭᠤᠴᠠᠯᠠᠭᠰᠠᠨ


ᠨᠠᠷ᠎ᠠ ᠨᠢ ᠭᠦᠷᠳᠡᠯ᠎ᠡ ᠣᠨᠢᠰᠤᠭ᠎ᠠ ᠪᠣᠯᠤᠭᠰᠠᠨ

ᠨᠢᠭᠡᠯᠭᠡᠨ ᠯᠠ ᠪᠠᠢ᠌ᠳᠠᠭ ᠪᠣᠱᠤᠤᠳᠠᠢ

ᠨᠠᠷᠠᠳᠠᠢ ᠪᠢᠴᠢᠭ᠍ᠳᠡᠨ ᠣᠯᠠᠨ ᠭᠠᠷᠳᠠᠭ ᠶᠢᠡᠷ ᠵᠢᠠᠨ

ᠨᠢᠳᠠᠷ ᠨᠢ ᠮᠠᠠᠳᠤᠭᠰᠠᠨ ᠪᠣᠱᠤᠤᠳᠠᠢ


ᠴᠠᠴᠠᠨ ᠮᠡᠷᠭᠡᠨ ᠮᠠᠮᠠ ᠶᠢᠨ ᠣᠷᠭᠢᠭᠰᠠᠨ ᠱᠤ᠋ ᠰᠢᠭ ᠳᠤᠪᠣ ᠤᠳ ᠨᠢ

ᠴᠡᠯᠡᠭᠡᠷ ᠴᠡᠯᠡᠭᠡᠷ ᠬᠠᠢ᠌ᠯᠠᠰᠤ ᠲᠡᠶ ᠭᠦᠡᠳᠡᠢ ᠶᠢᠨ ᠵᠡᠷᠭᠡᠯᠭᠡᠨ ᠶᠢᠡᠷ ᠳᠤᠳᠤᠷᠠᠵᠤ

ᠴᠡᠴᠡᠭ᠌ ᠶᠢᠡᠷ ᠡᠮᠵᠢᠭ᠍ᠰᠡᠨ ᠳᠠᠠᠵᠢᠨ ᠳᠤ ᠨᠢ ᠨᠠᠭᠠᠳᠤᠮ ᠤᠨ ᠮᠠᠢ᠌ᠬᠠᠨ ᠢᠷᠠᠯᠵᠠᠭᠠᠤᠨ

ᠴᠡᠩᠭᠡᠯ ᠪᠠᠶᠠᠰᠤᠯ ᠢ ᠣᠪᠣᠯᠵᠠᠭᠤᠯᠵᠤ᠂ ᠨᠠᠢ᠌ᠷᠠᠭ ᠳᠦᠷᠦᠳᠡᠭ᠌ ᠨᠤᠳᠤᠭ


ᠳᠤᠯᠢᠨ ᠴᠡᠩᠭᠡᠷ ᠮᠠᠠᠳᠠᠯ ᠲᠡᠶ ᠠᠯᠳᠠᠳᠤ ᠶᠢᠨ ᠰᠦᠷᠯᠢᠭ᠌ ᠠᠭᠤᠯᠠᠰ ᠨᠢ

ᠳᠤᠷᠭᠠᠨ ᠨᠤᠭᠤᠯᠤᠭᠠᠳᠠᠢ ᠭᠤᠤᠯ ᠳᠠᠭᠠᠨ ᠰᠦᠷ ᠶᠢᠡᠨ ᠪᠠᠭᠤᠯᠭᠠᠨ ᠭᠡᠪᠯᠡᠵᠤ

ᠳᠤᠭᠯᠢ ᠶᠢᠨ ᠭᠦᠷᠡᠩ ᠪᠣᠷᠭᠠᠰᠤ ᠨᠢ ᠰᠠᠯᠭᠢᠨ ᠤ ᠠᠶ᠎ᠠ ᠪᠡᠷ ᠨᠠᠢ᠌ᠭᠤᠬᠤᠶ᠎ᠠ

ᠳᠠᠤᠯᠠᠢ ᠥᠨᠡᠭᠡ ᠶᠢᠨ ᠭᠢᠨᠢ ᠳᠠᠭᠤᠯᠴᠠᠭᠠᠨ ᠨᠢ ᠺᠢᠨᠤ᠋ ᠶᠢᠨ ᠶᠤᠮᠰᠢᠭ ᠳᠤᠷᠠᠢ᠌ᠨ᠎ᠠ


ᠣᠭᠢᠯᠠᠭᠰᠠᠨ ᠳᠠᠭᠤᠯᠠᠭᠰᠠᠨ ᠪᠦᠭᠦᠨ ᠤ ᠮᠢᠨᠢ ᠫᠢᠶᠠᠠᠰᠠ ᠨᠢ ᠪᠣᠯᠤᠭᠰᠠᠨ ᠳᠠᠯ᠎ᠠ ᠨᠢ

ᠣᠷᠠᠨ ᠡᠮᠧ ᠶᠢᠨ ᠵᠡᠭᠦᠤ ᠪᠠᠷ ᠱᠢᠭᠯᠠᠭᠰᠠᠨ ᠳᠦᠷᠢ ᠪᠠᠷ ᠪᠠᠶᠠᠯᠠᠵᠤ

ᠣᠶᠠᠩᠭ᠋ᠠᠳᠤ ᠠᠷᠠᠤᠨ ᠤᠨ ᠳᠠᠭᠤᠤ ᠨᠢ ᠨᠠᠮᠤᠷᠵᠢᠨ ᠬᠤᠷᠭᠤᠳᠠᠳᠠᠭ ᠡᠩᠭᠡᠷ ᠲᠤ ᠨᠢ

ᠣᠷᠢᠳᠤ ᠶᠢᠨ ᠣᠬᠠᠭᠠᠠᠳᠤ ᠪᠣᠭᠤᠷᠤᠯ ᠤᠳ ᠤᠨ ᠠᠮᠢᠰᠬᠤᠭ᠎ᠠ ᠨᠢ ᠰᠢᠩᠭᠡᠭ᠍ᠰᠡᠨ ᠨᠤᠳᠤᠭ


ᠨᠢᠭᠤᠷ ᠢᠴᠢᠭᠦᠷᠢ ᠮᠡᠳᠡᠭᠡ ᠦᠭᠡᠶ ᠦᠶ᠎ᠡ ᠶᠢᠨ ᠴᠠᠢ᠌ᠯᠭᠠᠨ ᠦᠬᠢᠨ ᠳᠠᠢ

ᠨᠢᠴᠦᠭᠦᠨ ᠣᠮᠪᠠᠵᠤ ᠳᠤᠭᠯᠠᠭᠰᠠᠨ ᠨᠤᠮᠢᠨ ᠳᠤᠯᠭᠢᠶᠠᠠᠳᠤ ᠳᠤᠭᠤᠷᠢᠮ

ᠨᠠᠮᠢᠷᠠᠵᠤ᠂ ᠭᠤᠠᠳᠠᠵᠤ ᠶᠠᠪᠣᠬᠤ ᠳᠠᠭᠠᠨ ᠪᠠᠯ ᠤᠨ ᠬᠠᠷᠠᠠᠳᠠ ᠪᠠᠷ ᠵᠤᠷᠭᠤᠭᠠᠭᠰᠠᠨ

ᠨᠠᠮᠪᠠ ᠯᠠ ᠪᠠᠢ᠌ᠷᠢ ᠨᠢ ᠰᠠᠭᠤᠭ᠎ᠠ ᠦᠭᠡᠶ ᠭᠡᠦᠭᠡᠨ ᠴᠠᠭᠠᠨ ᠰᠢᠯᠦᠭ᠌ ᠤᠳ ᠮᠢᠨᠢ


ᠦᠶᠡᠷ ᠰᠢᠭ᠌ ᠣᠮᠤᠭᠯᠠᠩ ᠪᠠᠶ᠎ᠠ ᠶᠢᠨ ᠮᠢᠨᠢ ᠥᠭᠡᠷ ᠰᠢᠭ᠌ ᠳᠡᠨᠡᠭ᠌ ᠨᠠᠰᠤᠨ ᠳ᠋ᠤ

ᠡᠪᠦᠯ ᠤᠨ ᠣᠷᠳᠤᠬᠠᠨ ᠰᠦᠨᠢ ᠨᠤᠭᠦᠳ ᠢ ᠬᠠᠢ᠌ᠯᠤᠭᠤᠯᠵᠤ ᠶᠠᠪᠣᠭᠰᠠᠨ ᠨᠤᠳᠤᠭ

ᠦᠷᠯᠦᠭ᠌ ᠮᠠᠯᠴᠢᠨ ᠵᠠᠶᠠᠭ᠎ᠠ ᠳᠤ ᠣᠰᠤ ᠪᠠᠨ ᠳᠠᠭᠠᠵᠤ ᠵᠢᠷᠭᠠᠭᠰᠠᠨ

ᠥᠪᠠᠷᠳᠡᠭᠡᠨ ᠵᠠᠰᠠᠬᠤ ᠣᠷᠤᠨ ᠤ ᠪᠠᠨ ᠳᠤᠭᠴᠢ ᠨᠢ ᠪᠣᠯᠤᠭᠰᠠᠨ ᠪᠣᠱᠤᠤᠳᠠᠢ ᠮᠢᠨᠢ

ᠬᠠᠩᠬᠠᠯ ᠳᠦᠩᠭᠦᠯ ᠬᠠᠩᠬᠠᠢ᠌ᠭᠰᠠᠨ ᠬᠠᠳᠠᠨ ᠠᠮᠠᠨ ᠤ ᠴᠢᠨᠢ ᠵᠤᠰᠠᠯᠠᠩ ᠳ᠋ᠤ

ᠬᠠᠷᠠᠬᠠᠨ ᠨᠢᠳᠤᠳᠤ ᠶᠢᠨ ᠪᠣᠯᠵᠤᠭᠠᠨ ᠳᠤ ᠰᠠᠨᠠᠭ᠎ᠠ ᠠᠯᠳᠠᠨ ᠭᠦᠯᠢᠶᠡᠭᠦ ᠳ᠋ᠡᠭᠡᠨ

ᠬᠠᠷᠠᠭᠠᠨ᠎ᠠ ᠰᠤᠠᠳᠤᠤᠯᠠ ᠪᠦᠭᠦᠨ ᠳᠤ ᠨᠢ ᠴᠢᠩ ᠬᠠᠢ᠌ᠷ᠎ᠠ ᠪᠠᠨ ᠰᠢᠪᠠᠨᠡᠭ᠍ᠰᠡᠨ

ᠬᠠᠢ᠌ᠷ᠎ᠠ ᠪᠠᠶ᠎ᠠ ᠬᠤᠶᠠᠷ ᠤᠨ ᠮᠢᠨᠢ ᠥᠯᠦᠭᠡᠢ ᠪᠣᠯᠤᠭᠰᠠᠨ ᠪᠣᠱᠤᠤᠳᠠᠢ ᠮᠢᠨᠢ

ᠪᠠᠷᠭᠤ᠂ ᠳᠠᠭᠠᠨᠠᠳᠤ ᠶᠢᠨ ᠣᠪᠣᠭ᠎ᠠ ᠪᠠᠷ ᠴᠢᠨᠢ ᠠᠩᠬᠠᠨ ᠤ ᠰᠢᠯᠦᠭ᠌ ᠶᠢᠡᠨ ᠰᠢᠪᠰᠢᠵᠤ

ᠪᠣᠮᠪᠠᠳᠤ᠂ ᠰᠤᠪᠣᠷᠭᠠᠳᠤ ᠶᠢᠨ ᠴᠢᠨᠢ ᠦᠨᠳᠦᠷ ᠶᠢᠡᠷ ᠠᠭᠠᠭᠢᠮ᠎ᠠ ᠵᠠᠯᠠᠭᠤᠰ ᠲᠡᠶ ᠪᠠᠨ ᠨᠠᠷᠭᠢᠵᠤ

ᠪᠠᠢ᠌ᠭᠤᠯᠵᠤ ᠪᠦᠳᠦᠭᠡᠭ᠍ᠰᠡᠨ ᠠᠷᠠᠤᠨ ᠲᠦᠮᠡᠨ ᠲᠡᠶ ᠴᠢᠨᠢ ᠠᠮᠢᠳᠤᠷᠠᠬᠤ ᠰᠢᠭ᠌ ᠯᠠ ᠠᠮᠢᠳᠤᠷᠠᠵᠤ

ᠪᠠᠳᠠᠷᠠᠵᠤ ᠪᠠᠯᠠᠷᠠᠭᠰᠠᠨ ᠪᠦᠭᠦᠨ ᠢ ᠴᠢᠨᠢ ᠳᠡᠦᠭᠡ ᠶᠢᠨ ᠪᠢᠷ ᠶᠢᠡᠷ ᠳᠤᠶᠠᠴᠢᠵᠤ

ᠪᠠᠢ᠌ᠮ᠎ᠠ ᠬᠤᠯᠠ ᠶᠢᠨ ᠳᠤᠷᠠᠳᠬᠠᠯ ᠤᠳ ᠶᠢᠡᠷ ᠣᠭᠢᠯᠠᠨ ᠪᠠᠢ᠌ᠵᠤ ᠯᠠ ᠰᠢᠯᠦᠭᠯᠡᠯ᠎ᠡ᠃


ᠵᠠᠳᠠᠭᠠᠢ ᠣᠰᠤᠨ ᠤ ᠮᠡᠯᠳᠡᠭ᠍ᠨᠡᠭᠡ ᠲᠡᠶ ᠨᠡᠭᠦᠳᠡᠭᠡᠢ ᠨᠠᠭᠤᠷ ᠤᠨ ᠴᠢᠨᠢ ᠭᠦᠪᠠᠭᠡᠨ ᠳ᠋ᠤ

ᠵᠠᠵᠠᠢ ᠪᠠᠷᠢᠶᠠᠤᠨ ᠤᠨ ᠴᠢᠨᠢ ᠳᠠᠭᠤᠤ ᠪᠠᠷ ᠨᠠᠢ᠌ᠷᠠᠭ ᠤᠨ ᠣᠩᠭ᠋ᠤᠳ ᠰᠡᠷᠭᠦᠵᠤ

ᠵᠠᠭᠠᠨ ᠤ ᠳᠠᠢ᠌ᠳᠠᠢ ᠰᠠᠨᠠᠭᠳᠠᠬᠤ ᠠᠮᠪᠠᠨ ᠱᠠᠷ ᠤᠨ ᠴᠢᠨᠢ ᠮᠠᠩᠬ᠎ᠠ ᠪᠠᠷ

ᠵᠠᠯᠠᠭᠤ ᠬᠠᠯᠠᠭᠤᠨ ᠪᠠᠶ᠎ᠠ ᠪᠠᠨ ᠳᠦᠷᠡᠯᠵᠡᠭᠦᠯᠵᠤ ᠪᠠᠢ᠌ᠭᠰᠠᠨ ᠡᠳᠦᠷ ᠤᠳ


ᠠᠯᠳᠠᠷᠠᠢ ᠨᠠᠰᠤ ᠶᠢ ᠮᠦᠷᠦᠭᠡᠳᠦᠭᠦᠯᠵᠤ᠂ ᠠᠷᠠᠭᠠᠨ ᠤ ᠰᠢᠯᠤᠰᠤ ᠶᠢ ᠬᠤᠷᠠᠭᠤᠯᠤᠭᠰᠠᠨ

ᠠᠯᠳᠠᠨ ᠭᠢᠩᠭ᠋ᠠᠨ ᠤ ᠰᠢᠭᠤᠢ ᠮᠠᠳᠤ ᠰᠢᠷ᠎ᠠ ᠨᠠᠭᠤᠷ ᠤᠨ ᠴᠢᠨᠢ ᠴᠠᠴᠠᠷᠭᠠᠨ᠎ᠠ

ᠠᠷᠢᠭᠤᠨ ᠰᠢᠮᠠᠳᠠᠢ ᠣᠰᠤᠨ ᠶᠢᠡᠷ ᠶᠢᠡᠨ ᠪᠣᠱᠤᠤᠳᠠᠢ ᠲᠦᠮᠡᠨ ᠶᠢᠡᠨ ᠳᠡᠵᠢᠭᠡᠭ᠍ᠰᠡᠨ

ᠠᠪᠣ ᠶᠢᠨ ᠭᠠᠷ ᠶᠢᠡᠷ ᠪᠠᠢ᠌ᠭᠤᠯᠤᠭᠰᠠᠨ ᠪᠠᠶᠠᠠᠪᠣᠯᠠᠭ ᠣᠰᠤᠨ ᠴᠥᠭᠦᠷᠦᠮ


ᠵᠠᠷᠤᠳ ᠴᠠᠭᠠᠨ ᠮᠠᠩᠬᠠᠨ ᠤ ᠴᠢᠨᠢ ᠥᠭᠡᠷ ᠳᠡᠷᠭᠡᠨ ᠤ ᠵᠠᠮ ᠵᠢᠠᠷ

ᠵᠤᠨ ᠤ ᠠᠭᠠᠭᠢᠮ᠎ᠠ ᠨᠠᠷᠠᠨ ᠶᠢᠡᠷ ᠰᠠᠵᠢᠯᠠᠵᠤ ᠶᠠᠪᠣᠭᠰᠠᠨ ᠮᠦᠴᠡ ᠨᠤᠭᠦᠳ

ᠵᠠᠩ ᠪᠧᠢ ᠨᠤᠳᠤᠭ ᠤᠨ ᠴᠢᠯᠠᠭᠤ ᠶᠢ ᠡᠪᠦᠷ ᠳᠤᠳᠤᠷ᠎ᠠ ᠪᠠᠨ ᠪᠦᠪᠠᠢ᠌ᠯᠠᠵᠤ

ᠵᠠᠢ᠌ᠷᠠᠩ ᠳᠡᠭ᠍ᠷᠢ ᠵᠥᠭ᠌ ᠴᠤᠷᠣᠢ᠌ᠭᠰᠠᠨ ᠬᠤᠶᠠᠷ ᠣᠪᠣᠭᠠᠨ ᠤ ᠪᠠᠷ᠎ᠠ ᠮᠢᠨᠢ


ᠬᠠᠯᠠᠭᠠᠢ ᠨᠤᠭᠤᠭ᠎ᠠ ᠪᠦᠷᠭᠦᠭ᠍ᠰᠡᠨ ᠳᠤᠪᠣ ᠳᠤᠯᠤᠭᠠᠤᠨ ᠤᠨ ᠭᠢᠨᠢ ᠵᠠᠪᠰᠠᠷ ᠵᠢᠠᠷ

ᠬᠠᠷᠴᠢᠭᠢᠨᠠᠬᠤ ᠳᠤᠭᠤᠢ ᠶᠢᠨ ᠠᠷᠤ ᠳᠤ ᠰᠡᠳᠭᠢᠯᠳᠤ ᠳᠡᠭᠦᠨ ᠶᠢᠡᠨ ᠰᠤᠠᠳᠠᠯᠠᠵᠤ

ᠬᠠᠯᠠᠭᠤᠨ ᠴᠢᠰᠤ ᠪᠠᠨ ᠪᠣᠴᠠᠯᠭᠠᠨ᠂ ᠬᠤᠪᠴᠠᠰᠤᠨ ᠳᠤᠳᠤᠷ᠎ᠠ ᠪᠠᠨ ᠰᠢᠳᠠᠬᠤ ᠳ᠋ᠤ

ᠬᠠᠢ᠌ᠷ᠎ᠠ ᠶᠢ ᠬᠠᠢ᠌ᠷ᠎ᠠ ᠳᠤ ᠳᠠᠮᠵᠢᠭᠤᠯᠤᠭᠰᠠᠨ ᠬᠠᠯᠠᠭᠠᠢ᠌ᠳᠤ ᠶᠢᠨ ᠳᠠᠷᠢᠶᠠᠨ ᠵᠤᠷᠬ᠎ᠠ ᠤᠳ ᠮᠢᠨᠢ


ᠭᠦᠢ ᠪᠠᠨ ᠨᠢᠭᠤᠭᠰᠠᠨ ᠭᠠᠵᠠᠷ ᠶᠢᠡᠨ ᠠᠮᠢ ᠪᠠᠨ ᠭᠡᠳᠡᠭ᠌ ᠮᠤᠩᠭ᠋ᠤᠯ ᠤᠨ

ᠭᠦᠢᠰᠤ ᠶᠢᠨ ᠭᠤᠤᠯ ᠭᠡᠵᠤ ᠨᠡᠷᠡᠯᠡᠳᠡᠭ᠌ ᠨᠤᠳᠤᠭ ᠪᠠᠢ᠌ᠭ᠎ᠠ ᠨᠢ ᠣᠴᠢᠷᠳᠠᠢ

ᠭᠦᠪᠴᠢᠨ ᠶᠡᠭᠡ ᠠᠽᠢᠶ᠎ᠠ ᠶᠢᠨ ᠳᠠᠯ᠎ᠠ ᠨᠢ ᠭᠡᠳᠦᠢ ᠠᠭᠤᠵᠢᠮ ᠴᠤ

ᠭᠦᠳᠦᠰᠤᠨ ᠴᠢᠨᠡᠭᠡᠭᠡᠨ ᠪᠠᠯᠴᠢᠭᠡᠢ ᠶᠢᠡᠨ ᠶᠡᠭᠡᠳᠡᠯ᠎ᠡ ᠭᠡᠳᠡᠭ᠌ ᠣᠳᠤᠮᠳᠠᠢ


ᠰᠦᠨ ᠴᠠᠭᠠᠨ ᠰᠡᠳᠭᠢᠯ ᠲᠡᠶ ᠮᠤᠩᠭ᠋ᠤᠯ ᠭᠦᠮᠤᠨ ᠤ ᠵᠠᠩᠰᠢᠯ ᠵᠢᠠᠷ

ᠰᠢᠯᠦᠭ᠌ ᠭᠦᠯᠦᠭ᠌ ᠬᠤᠶᠠᠷ ᠶᠢᠡᠨ ᠳᠠᠠᠵᠢᠨ ᠳᠡᠭᠡᠷ᠎ᠡ ᠨᠢ ᠰᠣᠢ᠌ᠭᠰᠠᠨ

ᠰᠦᠨ ᠤ ᠭᠠᠯ ᠶᠢᠡᠷ ᠥᠰᠦᠭ᠍ᠰᠡᠨ ᠮᠤᠩᠭ᠋ᠤᠯ ᠡᠵᠢ ᠶᠢᠨ ᠬᠡᠦᠬᠡᠳ ᠤᠳ

ᠰᠦᠮᠠᠳᠤ ᠶᠢᠨ ᠭᠤᠤᠯ ᠤᠨ ᠣᠰᠤ ᠪᠠᠷ ᠰᠡᠳᠭᠢᠯ ᠶᠢᠡᠨ ᠠᠷᠢᠭᠤᠰᠬᠠᠳᠠᠭ ᠵᠠᠩᠰᠢᠯ ᠳᠠᠢ


ᠪᠠᠬᠠᠷᠬᠠᠮ᠎ᠠ ᠰᠠᠢ᠌ᠬᠠᠨ ᠪᠦᠳᠦᠭᠡᠯ ᠲᠡᠶ ᠠᠷᠠᠤᠨ ᠲᠦᠮᠡᠨ ᠤ ᠴᠢᠨᠢ ᠳᠤᠮᠳᠠ

ᠪᠠᠭᠠᠳᠤᠷ ᠪᠠᠭᠠᠳᠤᠷ ᠵᠠᠯᠠᠭᠤᠰ ᠲᠡᠶ ᠨᠢ ᠵᠤᠨ ᠤ ᠴᠡᠴᠡᠭᠡᠰ ᠰᠢᠭ᠌ ᠨᠠᠢ᠌ᠭᠤᠵᠤ

ᠪᠠᠢ᠌ᠭᠤᠯᠵᠤ ᠪᠦᠳᠦᠭᠡᠭ᠍ᠰᠡᠨ ᠪᠦᠭᠦᠨ ᠢ ᠴᠢᠨᠢ ᠪᠣᠰᠤᠳ ᠤᠨ ᠨᠢᠳᠤᠨ ᠡᠴᠠ ᠬᠠᠷᠠᠮᠨᠠᠵᠤ

ᠪᠠᠳᠠᠭ ᠪᠠᠳᠠᠭ ᠰᠢᠯᠦᠭ᠌ ᠶᠢᠡᠷ ᠶᠢᠡᠨ ᠴᠠᠭᠠᠨ ᠭᠡᠷᠡᠮ ᠪᠣᠰᠬᠠᠨᠠᠮ᠃


ᠠᠭᠤᠯᠠᠰ ᠠᠭᠤᠯᠠᠰ ᠤᠨ ᠳᠤᠮᠳᠠ ᠪᠠᠨ ᠦᠪᠡᠷ ᠤᠨ ᠥᠩᠭᠡ ᠪᠠᠷ ᠵᠢᠭ᠍ᠳᠡᠷᠡᠵᠤ

ᠤᠶᠠᠩ‍ᠭ᠎ᠠ ᠰᠢᠯᠦᠭ᠌ ᠤᠨ ᠮᠢᠨᠢ ᠳᠤᠳᠤᠷ᠎ᠠ ᠮᠡᠩᠭᠡ ᠳᠠᠭᠠᠷᠠᠭᠤᠯᠤᠨ ᠢᠵᠢᠯᠰᠢᠵᠤ

ᠣᠷᠢᠳᠤ ᠶᠢᠨ ᠣᠬᠠᠭᠠᠠᠳᠤ ᠪᠣᠭᠤᠷᠤᠯ ᠤᠳ ᠤᠨ ᠳᠦᠮᠦᠭ᠌ ᠵᠢᠭᠠᠨ ᠳᠤᠭᠳᠠᠭᠠᠭᠰᠠᠨ

ᠣᠩᠭ᠋ᠤᠨ ᠪᠣᠰᠤᠭ᠎ᠠ ᠭᠡᠯᠡ ᠪᠠᠷ ᠣᠨᠤᠭᠠᠵᠤ ᠨᠡᠷᠡᠯᠡᠭ᠍ᠰᠡᠨ ᠭᠠᠵᠠᠷ ᠤᠳ


ᠭᠦᠳᠦᠭᠦᠷ᠂ ᠳᠦᠷᠪᠠᠯᠵᠢᠨ᠂ ᠬᠠᠪᠳᠠᠭᠠᠢ

ᠭᠦᠷᠢᠶᠡᠳᠤ᠂ ᠳᠦᠭᠦᠷᠢᠭ᠌᠂ ᠰᠢᠨᠠᠭ᠎ᠠ

ᠭᠦᠢᠳᠡᠨ᠂ ᠡᠷᠢᠶᠡᠨ᠂ ᠡᠩᠭᠡᠷ

ᠬᠤᠯᠤᠰᠤᠳᠠᠢ᠂ ᠵᠡᠭᠡᠰᠦᠳᠡᠢ᠂ ᠪᠣᠷᠭᠠᠰᠤᠳᠠᠢ


ᠡᠨᠡ ᠯᠠ ᠰᠠᠢ᠌ᠬᠠᠨ ᠨᠤᠳᠤᠭ ᠶᠢᠡᠨ ᠡᠵᠡᠩᠨᠡᠵᠤ ᠵᠠᠶᠠᠭᠠᠭᠰᠠᠨ ᠪᠢᠳᠠ ᠪᠠᠢ᠌ᠨ᠎ᠠ

ᠡᠰᠡᠨᠢᠯ ᠮᠠᠠᠳᠤᠯ ᠤᠨ ᠭᠤᠯᠤᠮᠳᠠ ᠶᠢ ᠨᠢ ᠮᠠᠨᠠᠬᠤ ᠶᠤᠰᠤᠳᠠᠢ ᠨᠢ ᠪᠢᠳᠠ ᠪᠠᠢ᠌ᠨ᠎ᠠ

ᠡᠷᠳᠡ ᠣᠷᠢᠳᠤ ᠶᠢᠨ ᠳᠡᠦᠭᠡ ᠶᠢ ᠨᠢ ᠰᠢᠨᠠᠴᠢᠯᠠᠵᠤ ᠶᠠᠪᠣᠬᠤ ᠨᠢ ᠪᠢᠳᠠ ᠪᠠᠢ᠌ᠨ᠎ᠠ

ᠡᠩᠭᠦᠷᠡᠢ ᠬᠣᠢ᠌ᠴᠢᠰ ᠲᠠᠭᠠᠨ ᠳᠤᠰᠢᠶᠠᠬᠤ ᠡᠷᠳᠡᠨᠢᠳᠤ ᠭᠠᠵᠠᠷ ᠡᠨᠡ ᠪᠠᠢ᠌ᠨ᠎ᠠ


ᠵᠢᠷᠤᠭᠴᠢᠨ ᠠᠭᠸᠠᠩ ᠤᠨ ᠪᠢᠷ ᠤᠨ ᠪᠣᠳᠤᠭ ᠢ ᠵᠢᠭᠡᠯᠡᠵᠤ ᠵᠥᠢᠭ᠍ᠰᠡᠨ

ᠵᠠᠯᠠᠭᠤᠬᠠᠨ ᠡᠨᠡ ᠨᠠᠢ᠌ᠷᠠᠭ ᠤᠨ ᠮᠢᠨᠢ ᠥᠩᠭᠡ ᠨᠢ ᠪᠦᠦᠳᠡᠭᠡᠷ ᠴᠤ ᠭᠡᠰᠡᠨ

ᠵᠠᠮ ᠵᠠᠮ ᠶᠢᠡᠨ ᠨᠡᠭᠡᠭᠡᠭ᠍ᠰᠡᠨ ᠪᠣᠱᠤᠤᠳᠠᠢ ᠶᠢᠨ ᠣᠯᠠᠨ ᠬᠡᠦᠬᠡᠳ ᠤᠳ

ᠵᠠᠪᠠᠯ ᠵᠢᠷᠦᠭᠡᠨ ᠳᠡᠭᠡᠨ ᠬᠠᠳᠠᠭᠠᠯᠠᠵᠤ᠂ ᠳᠤᠷᠠᠰᠴᠤ ᠶᠠᠪᠣᠭᠠᠷᠠᠢ᠂ ᠨᠤᠳᠤᠭ ᠵᠢᠠᠨᠵᠤᠬᠢᠶᠠᠭᠴᠢ ᠶᠢᠨ ᠬᠠ‍‌ᠶᠢᠭ ᠄ ᠰᠢᠯᠤᠭᠤᠨ ᠭᠦᠭᠡ

ᠵᠤᠬᠢᠶᠠᠭᠴᠢ᠄ ᠠ᠊·ᠭᠠᠩᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1417
ᠴᠠᠭ᠄ 2010 ᠤᠨ ᠤ 12 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁