ᠠᠷᠢᠭᠤᠨ ᠡᠴᠡ᠁

ᠠᠷᠢᠭᠤᠨ ᠡᠴᠡ ᠴᠠᠪᠠᠷ ᠤᠶᠠᠩ‍ᠭ᠎ᠠ ᠠᠮᠳᠠᠭᠳᠠᠨ᠎ᠠ

ᠠᠯᠢᠮᠠᠨ ᠡᠴᠡ ᠴᠡᠩᠭᠡᠭ᠌ ᠠᠭᠠᠷ ᠠᠮᠳᠠᠭᠳᠠᠨ᠎ᠠ

ᠠᠢ᠌ᠷᠠᠭ ᠡᠴᠡ ᠴᠢᠯᠡᠭᠤᠨ ᠤ ᠦᠨᠦᠷ ᠠᠮᠳᠠᠭᠳᠠᠨ᠎ᠠ

ᠠᠮᠠᠷᠠᠭ ᠡᠴᠡ ᠴᠡᠩᠭᠡᠷ ᠰᠠᠯᠭᠢ ᠠᠮᠳᠠᠭᠳᠠᠨ᠎ᠠ᠂


ᠴᠡᠩᠭᠡᠷ ᠰᠠᠯᠭᠢ ᠭᠡᠵᠤ ᠭᠡᠭᠡᠷ᠎ᠡ ᠶᠢᠨ ᠰᠠᠯᠭᠢ ᠶᠤᠮ

ᠨᠠᠷᠠᠨ ᠵᠢᠷᠭᠠᠬᠤ ᠰᠢᠷ᠎ᠠ ᠳᠤᠶᠠᠭᠠᠨ ᠤ ᠰᠠᠯᠭᠢ ᠶᠤᠮ

ᠨᠠᠮᠤᠷ ᠤᠨ ᠰᠡᠷᠢᠭᠦᠨ ᠵᠢᠪᠠᠷ ᠬᠠᠨᠢᠯᠠᠭᠰᠠᠨ ᠰᠠᠯᠭᠢ ᠶᠤᠮ

ᠨᠠᠪᠴᠢᠨ ᠤ ᠰᠢᠷᠭᠡᠭ᠌ ᠵᠥᠭᠡᠯᠡᠨ ᠬᠠᠶᠠᠯᠠᠭᠰᠠᠨ ᠰᠠᠯᠭᠢ ᠶᠤᠮ᠂


ᠴᠢᠯᠠᠭᠤᠨ ᠤ ᠦᠨᠦᠷ ᠭᠡᠵᠤ ᠮᠤᠩᠭ᠋ᠤᠯ ᠶᠤᠮ

ᠨᠡᠭᠦᠳᠡᠯ ᠪᠠᠭᠤᠳᠡᠯ ᠤᠨ ᠶᠡᠭᠡ ᠬᠤᠯᠠ ᠶᠢᠨ ᠴᠢᠮᠡᠭᠡ ᠶ‍ᠦᠮ

ᠨᠤᠳᠤᠭ ᠤᠨ ᠰᠢᠷᠤᠢ ᠨᠢ ᠮᠤᠩᠭ᠋ᠤᠯ ᠭᠡᠰᠡᠨ ᠳᠡᠮᠳᠡᠭ᠌ ᠶᠤᠮ

ᠰᠥ᠋ ᠳᠠᠷᠠᠭ ᠤᠨ ᠴᠠᠭᠠᠨ ᠭᠡᠷ ᠤᠨ ᠳᠤᠯᠭ᠎ᠠ ᠳᠤᠭᠤᠨᠤ ᠶᠤᠮ᠂


ᠴᠡᠩᠭᠡᠭ᠌ ᠠᠭᠠᠷ ᠭᠡᠵᠤ ᠣᠰᠤᠨ ᠪᠣᠯᠤᠷ ᠵᠢᠮᠢᠰ ᠶᠤᠮ

ᠴᠡᠩᠭᠡᠷ ᠥᠩᠭᠡ ᠶᠢᠨ ᠰᠠᠠᠰᠠᠷ ᠳᠤᠩᠭ᠋ᠠᠯᠠᠭ ᠮᠠᠯᠮᠠᠢ ᠶᠤᠮ

ᠴᠡᠯᠮᠡᠭ᠌ ᠲ᠋ᠡᠭ᠍ᠷᠢ ᠶᠢᠨ ᠠᠷᠢᠭᠤᠨ ᠳᠤᠯᠠᠭᠠᠨ ᠢᠯᠴᠢ ᠶᠤᠮ

ᠴᠡᠪᠠᠷᠭᠡᠨ ᠰᠡᠳᠭᠢᠯ ᠤᠨ ᠬᠠᠷᠠᠴᠠᠨ ᠳᠤ ᠮᠡᠯᠳᠡᠭᠡᠨᠡᠭᠦ ᠤᠶᠠᠩ‍ᠭ᠎ᠠ ᠶᠤᠮ᠂


ᠤᠶᠠᠩ‍ᠭ᠎ᠠ ᠭᠡᠵᠤ ᠣᠭᠤᠷᠠᠭ ᠠᠮᠳᠠᠭᠳᠠᠰᠠᠨ ᠠᠮᠳᠠ ᠶᠤᠮ ᠡ ᠁   


ᠵᠤᠬᠢᠶᠠᠭᠴᠢ ᠶᠢᠨ ᠬᠠ‍‌ᠶᠢᠭ ᠄ ᠭᠦᠯᠤᠨ ᠪᠤᠢᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1645
ᠴᠠᠭ᠄ 2011 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ