ᠵᠡᠭᠦᠳᠤᠨ ᠤ ᠪᠢᠴᠢᠭᠡᠰᠤ

ᠡᠪᠦᠭᠡᠳ ᠤᠨ ᠰᠦᠨᠠᠰᠤᠨ ᠤ ᠡᠮᠦᠨ᠎ᠡ

ᠨᠢᠭᠤᠷ ᠣᠯᠠᠢ᠌ᠬᠤ ᠦᠭᠡᠶ ᠶᠢᠨ ᠳᠤᠯᠠᠳᠠ

ᠦᠪᠡᠷ ᠶᠢᠡᠨ ᠦᠨᠦᠳᠤᠷ

ᠨᠢᠭᠦᠯ ᠦᠭᠡᠶ ᠶᠠᠪᠣᠬᠤ ᠶᠤᠮᠰᠠᠨ

ᠵᠡᠭᠦᠳᠤ ᠨᠣᠢ᠌ᠷ ᠤᠨ ᠳᠤᠮᠳᠠ ᠰᠦᠨᠠᠰᠤ ᠰᠡᠭᠦᠳᠡᠷ ᠮᠢᠨᠢ ᠣᠯᠠᠷᠢᠨ ᠪᠠᠯᠠᠷᠠᠭᠰᠠᠨ ᠣᠨ ᠵᠢᠯ ᠤᠨ ᠳᠡᠷᠳᠡᠭᠡᠭᠦᠷ ᠭᠡᠷᠤᠨ ᠨᠢᠰᠴᠤ ᠶᠠᠭᠤ ᠶᠢ ᠡᠰᠡ ᠦᠵᠡᠵᠤ᠂ ᠶᠠᠭᠤ ᠶᠢ ᠡᠰᠡ ᠰᠤᠨᠤᠰᠳᠠᠭ ᠭᠡᠭᠦ ᠪᠤᠢ᠃ ᠥᠩᠭᠡᠷᠡᠭ᠍ᠰᠡᠨ ᠰᠦᠨᠢ ᠪᠢ ᠵᠡᠭᠦᠳᠤ ᠮᠠᠨᠠᠵᠤ ᠬᠤᠨᠤᠯ᠎ᠠ᠁ ᠮᠤᠷᠢᠨ ᠤ ᠭᠢ ᠪᠠᠨ ᠬᠤᠳᠠᠷᠭ᠎ᠠ ᠭᠦᠮᠦᠯᠳᠦᠷᠭᠡᠨ ᠳᠤ ᠠᠯᠳᠠᠨ ᠳᠤᠪᠣᠷᠤᠤ ᠭᠢᠯᠠᠯᠵᠠᠭᠤᠯᠵᠤ᠂ ᠭᠦᠡᠳᠤ ᠨᠦᠰᠠᠷ ᠬᠤᠶᠠᠭ ᠳᠤᠭᠤᠯᠭ᠎ᠠ ᠪᠠᠷ ᠦᠪᠴᠢ ᠪᠠᠶ᠎ᠠ ᠪᠠᠨ ᠬᠠᠮᠠᠭᠠᠯᠠᠨ ᠰᠠᠭᠠᠳᠠᠭ ᠬᠤᠷᠤᠮᠰᠠᠭ᠎ᠠ ᠠᠭᠰᠠᠭᠰᠠᠨ ᠾᠦᠩᠨᠦ ᠶᠡᠭᠡ ᠭᠦᠷᠤᠨ ᠤ ᠬᠠᠨ ᠭᠦᠪᠠᠭᠦᠨ ᠳᠡᠷᠭᠡᠳᠡ ᠮᠢᠨᠢ ᠭᠦᠷᠴᠤ ᠢᠷᠠᠯ᠎ᠠ᠃ ᠲ᠋ᠠᠷᠠ ᠥᠭᠦᠯᠡᠷᠤᠨ᠄ 《ᠭᠦᠴᠦᠷᠭᠡᠭ᠌ ᠶᠡᠭᠡ ᠾᠦᠩᠨᠦ ᠣᠯᠤᠰ ᠤᠨ ᠬᠠᠭᠠᠯᠭ᠎ᠠ ᠪᠣᠱᠤᠭ᠎ᠠ ᠬᠠᠳᠠᠭᠤ ᠭᠡᠳᠡᠭ᠌ ᠢ ᠦᠶ᠎ᠡ ᠶᠢᠨ ᠦᠶ᠎ᠡ ᠳᠤ ᠰᠠᠨᠠᠭᠤᠯᠬᠤ ᠶᠢᠨ ᠳᠤᠯᠠ ᠬᠠᠷᠢ ᠶᠢᠨ ᠲᠦᠮᠡᠨ ᠶᠢᠡᠷ ᠦᠪᠡᠷᠰᠠᠤᠨ ᠶᠢᠡᠷ ᠨᠢ ᠪᠣᠰᠬᠠᠭᠤᠯᠤᠭᠰᠠᠨ ᠡᠷᠳᠡᠨ ᠤ ᠳᠡᠮᠳᠡᠭ᠍ᠳᠤ ᠲᠦᠮᠡᠨ ᠭᠠᠵᠠᠷ ᠤᠨ ᠴᠠᠭᠠᠨ ᠭᠡᠷᠡᠮ ᠶᠢᠡᠷ ᠭᠦᠷᠤᠨ ᠣᠯᠤᠰ ᠤᠨ ᠬᠠᠶᠠᠭ᠎ᠠ ᠬᠠᠳᠠᠪᠴᠢ ᠶᠢ ᠵᠠᠭᠠᠭᠯᠠᠭᠰᠠᠨ ᠭᠡᠪ ᠶᠢᠡᠷ ᠶᠢᠡᠨ ᠪᠠᠢ᠌ᠭ᠎ᠠ ᠦᠦ︖》 ᠭᠡᠵᠤ ᠨᠠᠳᠠ ᠡᠴᠡ ᠠᠰᠠᠭᠤᠯ᠎ᠠ᠁ 《ᠮᠡᠳᠡᠭᠦ ᠦᠭᠡᠶ᠂ ᠪᠢ ᠮᠡᠳᠡᠭᠦ ᠦᠭᠡᠶ》 ᠭᠡᠵᠤ ᠴᠠᠴᠠᠷᠠᠨ ᠥᠭᠦᠯᠡᠭᠦ ᠳᠤ ᠰᠠᠬᠠᠯ ᠭᠦᠮᠦᠰᠭᠡ ᠪᠠᠨ ᠰᠡᠷᠪᠠᠯᠵᠡᠭᠦᠯᠤᠨ ᠭᠢᠯᠢᠩᠨᠠᠵᠤ ᠢᠯᠳᠤ ᠣᠷᠤᠭᠤ ᠪᠠᠨ ᠭᠠᠷ ᠶᠢᠡᠨ ᠶᠠᠪᠣᠭᠤᠯᠪᠠ᠃ ᠪᠢ ᠳᠠᠭᠤ ᠠᠯᠳᠠᠨ ᠬᠠᠰᠭᠢᠷᠤᠭᠠᠤᠨ ᠰᠡᠷᠢᠴᠢᠭᠡᠪᠡ᠁ 《ᠭᠡᠯᠡ ᠭᠢᠯᠢ ᠬᠤᠶᠠᠷ ᠮᠠᠨᠢ ᠮᠥᠩᠭᠡ ᠤᠷᠤᠰᠢᠳᠤᠭᠠᠢ》 ᠭᠡᠵᠤ ᠵᠠᠯᠪᠠᠷᠢᠨ ᠵᠠᠯᠪᠠᠷᠢᠭᠰᠠᠭᠠᠷ ᠳᠠᠭᠢᠨ ᠣᠠᠳᠠᠯ᠎ᠠ᠃ ᠣᠳᠠᠯ ᠦᠭᠡᠶ ᠪᠠᠰᠠ ᠯᠠ ᠮᠤᠷᠢᠨ ᠳᠤᠭᠤᠷᠠᠢ ᠳᠠᠴᠢᠭᠢᠨᠠᠪᠠ᠃ ᠨᠠᠷᠠ ᠰᠠᠯᠭᠢᠨ ᠳᠤ ᠠᠶᠠᠠᠰᠢᠭᠰᠠᠨ ᠭᠦᠷᠡᠯ ᠴᠢᠷᠠᠢ ᠲᠡᠶ᠂ ᠰᠢᠷ᠎ᠠ ᠰᠠᠬᠠᠯ ᠲᠡᠶ᠂ ᠢ᠌ᠪᠠᠷ ᠨᠢᠳᠤ ᠲᠡᠶ᠂ ᠥᠳᠡᠭᠦᠰ ᠶᠡᠭᠡ ᠪᠠᠭᠠᠳᠤᠷ ᠡᠮᠦᠨ᠎ᠡ ᠮᠢᠨᠢ ᠢᠷᠠᠵᠤ ᠵᠢᠯᠤᠭᠤ ᠪᠠᠨ ᠳᠡᠳᠡᠯ᠎ᠡ᠃ ᠡᠪᠦᠳᠦᠭ᠌ ᠴᠠᠴᠠᠷᠠᠳᠠᠯ᠎ᠠ ᠥᠭᠡᠳᠡ ᠡᠴᠡ ᠮᠢᠨᠢ ᠰᠢᠷᠳᠠᠵᠤ ᠪᠠᠢ᠌ᠭᠰᠠᠨ ᠵᠢᠠᠨ 《ᠬᠤᠶᠠᠷᠬᠠᠨ ᠠᠰᠠᠭᠤᠯᠳᠠ ᠳᠤ ᠬᠠᠷᠢᠭᠤᠯᠤᠨ᠎ᠠ ᠦᠦ》 ᠭᠡᠯ᠎ᠡ᠃ 《ᠠᠢ᠌ᠯᠠᠳᠤᠭᠳᠤᠨ︕》 ᠭᠡᠳ ᠪᠢ ᠰᠥᠭᠦᠷᠡᠪᠡ᠃ 《ᠥᠪᠯᠡᠭ᠍ᠰᠡᠨ ᠥᠯᠡᠳᠡᠭ᠍ᠰᠡᠨ ᠪᠦᠭᠦ ᠳᠡᠯᠡᠭᠡᠢ ᠶᠢᠨ ᠭᠠᠵᠠᠷ ᠭᠡᠵᠤ ᠶᠠᠷᠢᠬᠤ ᠪᠠᠨ ᠪᠣᠯᠢᠶ᠎ᠠ᠂ ᠪᠣᠤ ᠳᠡᠯᠳᠢᠷᠡ︕ ᠡᠮᠦᠨ᠎ᠡ ᠵᠥᠭ᠌ ᠤᠨ ᠬᠠᠳᠤᠨ ᠭᠤᠤᠯ ᠡᠴᠡ᠂ ᠦᠷᠤᠨ᠎ᠠ ᠵᠥᠭ᠌ ᠤᠨ ᠵᠥᠯᠭᠡ ᠮᠦᠷᠠᠨ ᠭᠦᠷᠳᠡᠯᠡᠭᠢ ᠭᠦᠷᠤᠨ ᠶᠡᠭᠡ ᠣᠯᠤᠰ ᠤᠨ ᠳᠢᠭ᠌ ᠳᠡᠮᠳᠡᠭ᠌ ᠬᠠᠮᠢᠭ᠎ᠠ ᠪᠠᠢ᠌ᠨ᠎ᠠ︖》 ᠭᠡᠯ᠎ᠡ᠃ 《ᠮᠡᠳᠡᠭᠦ ᠦᠭᠡᠶ᠂ ᠪᠢ ᠮᠡᠳᠡᠭᠦ ᠦᠭᠡᠶ》 ᠭᠡᠵᠤ ᠬᠠᠷᠢᠭᠤ ᠦᠴᠢᠪᠠ᠃ 《ᠡᠵᠡᠡᠳᠤ ᠭᠦᠷᠤᠨ ᠤ ᠬᠠᠰ ᠳᠠᠮᠠᠭᠠᠨ ᠳᠡᠭᠡᠷ᠎ᠡ ᠰᠡᠢ᠌ᠯᠵᠤ᠂ ᠶᠡᠭᠡ ᠣᠯᠤᠰ ᠤᠨ ᠴᠠᠳᠢᠭ ᠳᠤᠪᠴᠢ ᠶᠢ ᠳᠤᠭᠤᠷᠪᠢᠭᠰᠠᠨ ᠨᠤᠮ ᠤᠨ ᠪᠢᠴᠢᠭ᠌ ᠬᠠᠮᠢᠭ᠎ᠠ ᠪᠠᠢ᠌ᠨ᠎ᠠ ᠭᠡᠪᠡ᠃ ᠪᠢ ᠶᠠᠭᠤ ᠭᠡᠯᠡᠭᠦ ᠪᠠᠨ ᠮᠡᠳᠡᠭᠦ ᠥᠭᠡᠢ 《ᠥᠷᠦᠰᠢᠶᠡ︕᠂ ᠪᠠᠭᠠᠳᠤᠷ ᠮᠢᠨᠢ ᠦᠷᠦᠰᠢᠶᠠᠨ ᠰᠤᠶ‍ᠦᠷᠬ᠎ᠠ︕》 ᠭᠡᠮᠡᠨ ᠥᠭᠦᠯᠡᠨ ᠮᠥᠯᠭᠦᠯ᠎ᠡ᠃ ᠲ᠋ᠡᠷᠡᠭᠡᠨ ᠵᠠᠭᠤᠷ᠎ᠠ ᠭᠠᠵᠠᠷ ᠢ ᠬᠤᠯᠪᠣᠭᠰᠠᠨ ᠭᠠᠯᠳᠤ ᠴᠠᠭᠢᠯᠭᠠᠨ ᠭᠢᠯᠠᠰᠭᠢᠵᠤ᠂ ᠬᠤᠳᠠᠯᠠ ᠬᠤᠷᠸ᠎ᠠ ᠶᠢ ᠳᠠᠰᠢᠭᠤᠷᠳᠠᠬᠤ ᠮᠠᠳᠤ ᠠᠶᠤᠮᠰᠢᠭᠳᠤ ᠴᠢᠮᠡᠭᠡ ᠭᠠᠷᠬᠤᠶ᠎ᠠ︖》 ᠰᠦᠨᠠᠰᠤ ᠪᠠᠨ ᠵᠠᠢ᠌ᠯᠠᠳᠠᠯ᠎ᠠ ᠠᠶᠤᠵᠤ ᠳᠠᠷᠢᠭᠢ ᠪᠠᠨ ᠳᠠᠷᠤᠨ ᠪᠣᠰᠤᠨ ᠬᠠᠷᠠᠢ᠌ᠯ᠎ᠠ᠃ ᠰᠠ‍‌ᠶᠢ ᠨᠢᠭᠡ ᠶᠠᠭᠤᠮ᠎ᠠ ᠰᠠᠷᠠᠵᠤ ᠶᠠᠳᠠᠨ ᠳᠠᠢ᠌ᠪᠤᠰᠢᠷᠠᠭᠠᠳ 《ᠭᠡᠯᠡ ᠭᠢᠯᠢ ᠬᠤᠶᠠᠷ ᠮᠢᠨᠢ ᠮᠥᠩᠭᠡ ᠤᠷᠦᠰᠢᠳᠤᠭᠠᠢ》 ᠭᠡᠵᠤ ᠥᠭᠦᠯᠡᠨ ᠥᠭᠦᠯᠡᠨ ᠵᠠᠯᠪᠠᠷᠢᠭᠰᠠᠭᠠᠷ ᠭᠦᠡᠵᠢᠯᠡ ᠳᠡᠭᠡᠨ ᠰᠢᠷᠭᠤᠪᠠ᠃ ᠲ᠋ᠠᠭᠢᠭᠠᠤᠨ ᠯᠠ ᠨᠣᠢ᠌ᠷ ᠶᠢᠡᠨ ᠪᠠᠷᠢᠨ ᠳᠠᠯᠪᠢᠨ ᠣᠷᠴᠢᠯᠠᠩ ᠳᠤ ᠰᠦᠨᠠᠰᠤ ᠮᠢᠨᠢ ᠳᠡᠨᠦᠭᠦᠴᠢᠯᠡᠵᠤ᠂ ᠮᠥᠨ ᠯᠠ ᠮᠤᠷᠢᠳᠠᠨ ᠨᠢᠭᠡ ᠨᠢ ᠡᠡᠢ᠌ᠰᠦᠢ᠃ ᠡᠨᠡ ᠣᠳᠠᠭ᠎ᠠ ᠳᠤ ᠪᠣᠷᠵᠢᠭᠢᠨ ᠭᠢᠴᠠ ᠶᠢᠨ ᠭᠠᠩᠭ᠋ᠠᠩ ᠡᠮᠡᠭᠡᠯ ᠳᠡᠭᠡᠷ᠎ᠡ ᠵᠢᠰᠢᠭᠦᠭᠡᠨ ᠰᠠᠭᠤᠭᠰᠠᠨ ᠳᠡᠭ᠍ᠵᠢᠨ ᠡᠷ᠎ᠡ ᠢᠯᠭᠤᠨ ᠰᠠᠷᠠᠯ ᠮᠤᠷᠢ ᠪᠠᠷ ᠶᠢᠡᠨ ᠳᠦᠮᠤᠯᠵᠠᠯᠳᠠᠯ᠎ᠠ ᠠᠯᠬᠤᠯᠠᠭᠰᠠᠭᠠᠷ ᠳᠡᠷᠭᠡᠳᠡ ᠮᠢᠨᠢ ᠳᠦᠷᠦᠭᠡ ᠮᠤᠯᠳᠤᠯᠪᠠ᠃ ᠪᠣᠷᠤ ᠳᠤᠷᠭᠠᠨ ᠳᠠᠪᠠᠯ ᠳᠡᠭᠡᠷ᠎ᠡ ᠪᠠᠵᠢᠭᠢᠷ ᠳᠤᠷᠳᠤᠩ ᠣᠷᠢᠶᠠᠵᠤ ᠪᠦᠷᠭᠦ ᠮᠠᠯᠠᠭᠠᠢ ᠳᠤᠬᠤᠳᠠᠭᠤᠯᠤᠭᠰᠠᠨ ᠳᠠᠢ᠌ᠵᠢ ᠶᠢᠨ ᠣᠭᠰᠠᠭᠠᠳᠤ ᠳᠠᠷᠠ ᠭᠦᠮᠤᠨ ᠳᠤ ᠳᠡᠷᠢᠭᠦᠨ ᠪᠦᠭᠦᠢᠨ᠂ ᠡᠡᠮᠦᠷ ᠢ ᠠᠢ᠌ᠯᠠᠳᠬᠠᠯ᠎ᠠ᠃ ᠲ᠋ᠠᠷᠠ ᠪᠠᠷ ᠥᠭᠦᠯᠡᠷᠤᠨ᠄ 《ᠮᠢᠨᠤ ᠨᠤᠳᠤᠭ ᠤᠨ ᠭᠤᠷᠪᠠᠨ ᠶᠡᠭᠡ ᠭᠤᠪᠢ᠂ ᠭᠤᠷᠪᠠᠨ ᠶᠡᠭᠡ ᠨᠠᠭᠤᠷ᠂ ᠲ᠋ᠠᠪᠤᠨ ᠶᠡᠭᠡ ᠠᠭᠤᠯᠠᠰ᠂ ᠵᠢᠷᠭᠤᠭᠠᠨ ᠶᠡᠭᠡ ᠮᠦᠷᠠᠨ ᠳᠤᠭ᠎ᠠ ᠶᠤᠰᠤᠭᠠᠷ ᠶᠢᠡᠨ ᠪᠢᠵᠠ︖》 ᠭᠡᠪᠡ᠃ ᠤᠷᠮ᠎ᠡ ᠶᠢ ᠨᠢ ᠰᠡᠷᠭᠦᠭᠡᠭᠦ ᠰᠠᠢ᠌ᠬᠠᠨ ᠬᠠᠷᠢᠭᠤ ᠥᠴᠢᠭᠦ ᠭᠡᠳᠡᠯ᠎ᠡ ᠨᠠᠳᠠ ᠡᠴᠡ ᠣᠷᠢᠳᠠᠨ᠄ 《ᠭᠦᠮᠤᠨ ᠤ ᠭᠠᠵᠠᠷ ᠵᠤᠷᠢᠳᠠᠭ ᠪᠣᠯᠬᠤᠷ ᠨᠢ ᠭᠡᠷᠦᠯᠤᠨ᠂ ᠤᠨᠤᠨ᠂ ᠲ᠋ᠦᠦᠯᠡ᠂ ᠤᠷᠬᠤᠨ᠂ ᠰᠡᠯᠡᠩᠭᠡ᠂ ᠭᠦᠭᠦᠢᠨ ᠵᠢᠷᠭᠤᠭᠠᠨ ᠶᠡᠭᠡ ᠭᠤᠤᠯ ᠮᠦᠷᠠᠨ ᠶᠢᠡᠨ ᠮᠢᠨᠤᠭᠢ ᠭᠡᠵᠤ ᠰᠠᠨᠠᠭᠤᠯᠤᠭᠰᠠᠨ ᠶᠤᠮ᠃ ᠣᠮᠠᠷᠠᠳᠤ ᠶᠢᠨ ᠰᠠᠯᠭᠢᠨ ᠳᠤ ᠣᠷᠤᠰᠴᠤ ᠨᠡᠭᠦᠳᠡᠯᠯᠡᠳᠡᠭ᠌ ᠪᠣᠯᠬᠤᠷ ᠨᠢ ᠮᠠᠨᠠᠨ᠂ ᠰᠢᠷᠭ᠎ᠠ᠂ ᠨᠤᠮᠢᠨ ᠤ ᠭᠤᠷᠪᠠᠨ ᠶᠡᠭᠡ ᠭᠤᠪᠢ ᠪᠠᠨ ᠮᠢᠨᠤᠭᠢ ᠭᠡᠵᠤ ᠪᠠᠳᠤᠤᠠᠬᠠᠭᠰᠠᠨ ᠶᠤᠮ᠃ ᠣᠯᠤᠰ ᠤᠨ ᠭᠢᠯᠢ ᠳᠡᠭᠡᠰᠤᠨ ᠳᠤ ᠳᠠᠷᠠᠯᠠᠵᠤ ᠣᠷᠤᠰᠢᠳᠠᠭ ᠪᠣᠯᠬᠤᠷ ᠨᠢ ᠭᠦᠪᠰᠦᠭᠦᠯ᠂ ᠤᠪᠰᠤ᠂ ᠪᠤᠢᠷ ᠴᠢᠠᠳᠠᠮᠤᠨᠢᠯᠠᠭᠰᠠᠨ ᠭᠤᠷᠪᠠᠨ ᠨᠠᠭᠤᠷ ᠶᠢᠡᠨ ᠮᠢᠨᠤᠭᠢ ᠭᠡᠵᠤ ᠣᠠᠴᠠᠯᠠᠭᠰᠠᠨ ᠶ‍ᠦᠮ᠃ ᠭᠦᠭᠡ ᠳᠡᠭ᠍ᠷᠢ ᠪᠠᠨ ᠳᠤᠯᠵᠤ᠂ ᠭᠦᠷᠦᠰᠦᠳᠤ ᠳᠡᠯᠡᠭᠡᠢ ᠪᠠᠨ ᠥᠯᠮᠡᠢ᠌ᠳᠡᠭ᠍ᠰᠡᠨ ᠥᠯᠦᠭᠡᠢ ᠨᠤᠳᠤᠭ ᠤᠨ ᠮᠢᠨᠢ︕ ᠲ᠋ᠠᠪᠤᠨ ᠶᠡᠭᠡ ᠪᠠᠭᠠᠨ᠎ᠠ ᠭᠡ᠊ᠨᠳᠡᠢ᠂ ᠬᠠᠩᠭ᠋ᠡᠢ᠂ ᠰᠤᠶᠤᠨ᠂ ᠡᠡᠯᠳᠡᠢ᠂ ᠭᠢᠩᠭ᠋ᠡᠨ ᠢ ᠮᠢᠨᠤᠭᠢ ᠭᠡᠵᠤ ᠭᠡᠷᠢᠶᠡᠰᠯᠡᠭ᠍ᠰᠡᠨ ᠶ‍ᠦᠮ》 ᠭᠡᠵᠤ ᠠᠢ᠌ᠯᠠᠳᠤᠯ᠎ᠠ᠃ 《ᠪᠢᠯᠢᠭ᠌ ᠣᠶᠤᠨ ᠳᠤ ᠳᠠᠨᠢ ᠪᠢᠰᠢᠷᠡᠮᠤ》 ᠭᠡᠭᠦ ᠳ᠋ᠤ 《ᠪᠠᠢ᠌ᠵᠡ》 ᠭᠡᠵᠤ ᠮᠦᠷᠤᠨ ᠳᠡᠭᠡᠷ᠎ᠡ ᠮᠢᠨᠢ ᠳᠠᠷᠤᠭᠰᠠᠨ ᠶᠢᠡᠨ ᠠᠰᠠᠭᠤᠵᠤ ᠪᠣᠳᠤᠯᠭᠠᠰᠢᠷᠠᠭᠰᠠᠨ᠂ ᠣᠢ᠌ᠤᠠᠬᠠᠷᠳᠠᠢ᠌ᠬᠠᠨ ᠬᠠᠷᠠᠴᠠ ᠪᠠᠷ ᠡᠭ᠍ᠴᠡᠯᠡᠨ ᠰᠢᠷᠳᠡᠯ᠎ᠡ᠃ ᠲ᠋ᠡᠭᠡᠭᠡᠳ 《ᠮᠢᠨᠤ ᠨᠤᠳᠤᠭ ᠤᠨ ᠰᠤᠶᠤᠨ ᠠᠭᠤᠯᠠᠰ ᠬᠠᠮᠢᠭ᠎ᠠ ᠪᠠᠢ᠌ᠨ᠎ᠠ︖ ᠭᠢᠩᠭ᠋ᠠᠨ ᠤ ᠨᠢᠷᠤᠭᠤ ᠬᠠᠮᠢᠭ᠎ᠠ ᠪᠠᠢ᠌ᠨ᠎ᠡ︖》 ᠭᠡᠯ᠎ᠡ᠃ ᠶᠡᠭᠤ ᠭᠡᠵᠤ ᠭᠡᠯᠡᠭᠦ ᠪᠠᠨ ᠮᠡᠳᠡᠭᠦ ᠦᠭᠡᠶ ᠪᠦᠯᠭᠢ ᠵᠠᠯᠭᠢᠭᠰᠠᠨ ᠶᠤᠮ ᠰᠢᠭ ᠳᠦᠭ᠍ᠳᠡᠴᠢᠨ ᠵᠤᠭᠰᠤᠳᠠᠯ᠎ᠠ ᠴᠠᠯ ᠪᠣᠭᠤᠷᠤᠯ ᠦᠰᠦ ᠪᠠᠨ ᠳᠠᠯᠤ ᠮᠦᠷᠤᠨ ᠳᠡᠭᠡᠨ ᠱᠥᠷᠭᠦᠭᠦᠯᠤᠨ ᠪᠠᠭᠰᠠᠯᠵᠠᠭᠤᠯᠵᠤ᠂ ᠴᠠᠯᠢᠩ ᠮᠥᠩᠭᠦᠨ ᠰᠠᠬᠠᠯ ᠶᠢᠡᠨ ᠬᠤᠶᠠᠷ ᠳᠠᠰᠢ ᠨᠢ ᠢᠮᠡᠷᠦᠭ᠍ᠰᠡᠭᠡᠷ ᠴᠠᠰᠤᠳᠤ ᠠᠭᠤᠯᠠ ᠶᠢᠨ ᠳᠢᠶᠠᠠᠴᠢ ᠶᠢᠨ ᠳᠦᠷᠢ ᠲᠡᠶ ᠨᠤᠮ ᠤᠨ ᠶᠡᠭᠡ ᠥᠳᠡᠭᠦᠰ ᠮᠡᠷᠭᠡᠨ᠂ ᠲ᠋ᠡᠭᠡᠳᠤ ᠳᠡᠭ᠍ᠷᠢ ᠡᠴᠡ ᠵᠠᠯᠠᠷᠠᠨ ᠪᠠᠭᠤᠪᠠ᠃ ᠨᠠᠮᠢ᠋ᠢ ᠡᠰᠡ ᠳᠤᠭᠤᠭᠰᠠᠨ ᠳᠠᠷᠠ ᠪᠠᠷ ᠪᠠᠷᠳᠠᠮ ᠳᠡᠷᠢᠭᠦᠨ ᠶᠢᠡᠨ ᠡᠷᠭᠦᠨ ᠳᠠᠢ᠌ᠵᠢ ᠶᠢᠨ ᠭᠦᠪᠠᠭᠦᠨ ᠳᠤ ᠬᠠᠠᠳᠤᠵᠤ 《ᠮᠢᠨᠤ ᠨᠤᠳᠤᠭ ᠪᠢᠰᠢ᠂ ᠴᠢᠨᠤ ᠨᠤᠲᠤᠭ᠁ ᠡᠰᠡᠪᠠᠯ ᠪᠦᠷ ᠳᠡᠭᠦᠨ ᠤ ᠨᠤᠳᠤᠭ ᠭᠡᠵᠤ ᠪᠠᠢ᠌ᠵᠤ᠁》 ᠭᠡᠳ ᠳᠤᠭᠤᠭᠢᠳᠠᠢ᠌ᠬᠠᠨ ᠢᠨᠢᠶᠡᠮᠰᠦᠭᠯᠡᠪᠡ᠃

ᠨᠢᠭᠤᠷ ᠡᠴᠡ ᠭᠠᠯ ᠪᠣᠳᠠᠷᠠᠵᠤ᠂ ᠨᠣᠢ᠌ᠷ ᠡᠴᠡ ᠪᠠᠨ ᠪᠢ ᠰᠠᠷᠢᠪᠠ᠃ ᠵᠠᠯᠪᠠᠷᠢᠬᠤ ᠮᠢᠨᠢ᠄ 《ᠭᠡᠯᠡ ᠭᠢᠯᠢ ᠬᠤᠶᠠᠷ ᠮᠢᠨᠢ ᠮᠥᠩᠭᠡ ᠣᠷᠤᠰᠢᠳᠤᠭᠠᠢ︕》


(ᠳ᠂ ᠨᠠᠮᠰᠠᠷᠠᠢ ᠶᠢᠨ ᠥᠭᠦᠯᠡᠯᠭᠡ ᠶᠢᠨ ᠳᠡᠭᠦᠪᠦᠷᠢ ᠡᠴᠡ ᠪᠠᠭᠤᠯᠭᠠᠪᠠ)

ᠵᠤᠬᠢᠶᠠᠭᠴᠢ᠄ ᠳ᠋·ᠨᠠᠮᠰᠠᠷᠠᠢ
ᠢᠷᠡᠯᠲᠡ᠄ ᠥᠭᠡᠯᠡᠳ ᠭᠠᠯᠳᠠᠨ
ᠬᠠᠷᠢᠶ᠎ᠠ᠄ ᠥᠭᠥᠯᠡᠯᠭᠡ
ᠳᠠᠷᠤᠮ᠄ 7784
ᠴᠠᠭ᠄ 2009 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ