ᠴᠢᠩᠭᠢᠰ ᠤᠨ ᠣᠩᠭ᠋ᠤᠨ

ᠡᠵᠡᠨ ᠴᠢᠩᠭᠢᠰ ᠤᠨ ᠣᠩᠭᠤᠨ ᠢ

ᠡᠷᠭᠢᠭᠦᠯᠵᠤ ᠭᠦᠷᠪᠠᠭᠦᠯᠤᠨ ᠡᠷᠢᠭᠡᠳ

ᠡᠨᠡ ᠣᠷᠴᠢᠯᠠᠩ ᠤᠨ ᠵᠠᠢ ᠡᠴᠠ

ᠡᠳᠦᠭᠡ ᠪᠣᠯᠳᠠᠯ᠎ᠠ ᠣᠯᠤᠭ᠎ᠠ ᠦᠭᠡᠶ

ᠴᠢᠩᠭᠢᠰ ᠤᠨ ᠣᠩᠭᠤᠨ ᠢ ᠡᠷᠢᠭᠡᠳ ᠶᠠᠭᠠᠭᠢᠨ᠎ᠠ᠂

ᠶᠤᠰᠤ ᠵᠦᠢ ᠪᠠᠷ ᠪᠣᠳᠤᠪᠠᠯ

ᠶᠤᠷᠤ ᠲᠡᠶ ᠴᠤ ᠶᠤᠮ ᠰᠢᠭ᠌ ᠰᠠᠨᠠᠭᠳᠠᠨ᠎ᠠ᠃

ᠡᠷ᠎ᠡ ᠶᠢᠨ ᠰᠦᠰᠦ ᠶᠢ ᠪᠣᠢ ᠪᠣᠯᠭᠠᠵᠤ

ᠡᠪ ᠵᠦᠢ ᠲᠡᠶ ᠠᠮᠢᠳᠤᠷᠠᠭᠤᠯᠵᠤ

ᠡᠯᠳᠡᠩ ᠰᠠᠢ᠌ᠬᠠᠨ ᠡᠪᠠᠰᠤ ᠪᠠᠯᠴᠢᠭᠡᠷ

ᠡᠯᠪᠠᠭ᠌ ᠳᠡᠯᠪᠠᠭ᠌ ᠡᠳ᠋ ᠡᠷᠳᠡᠨᠢᠰ ᠲᠡᠶ᠂

ᠴᠢᠩᠭᠢᠰ ᠤᠨ ᠣᠩᠭᠤᠨ ᠮᠤᠩᠭᠤᠯ ᠳᠤ ᠪᠣᠢ᠂

ᠴᠡᠯᠮᠡᠭ᠌ ᠭᠦᠭᠡ ᠮᠤᠩᠭᠤᠯ ᠨᠤᠳᠤᠭ ᠲᠤ ᠯᠠ ᠪᠣᠢ᠃

ᠭᠦᠷᠦᠰᠦᠳᠤ ᠠᠯᠳᠠᠨ ᠳᠡᠯᠡᠭᠡᠢ ᠳᠤ

ᠭᠦᠢ ᠳᠠᠰᠤᠷᠠᠨ ᠣᠨᠠᠭᠰᠠᠨ ᠤ ᠮᠢᠨᠢ ᠵᠠᠶᠠᠭ᠎ᠠ

ᠭᠦᠮᠤᠨ ᠠᠷᠠᠤᠨ ᠨᠢ ᠭᠦᠷᠳᠡᠯ᠎ᠡ

ᠭᠦᠭᠡ ᠳᠤᠯᠪᠣ ᠲᠡᠶ ᠪᠠᠢ᠌ᠳᠠᠭ᠃

ᠴᠢᠩᠭᠢᠰ ᠤᠨ ᠣᠩᠭᠤᠨ ᠮᠤᠩᠭᠤᠯ ᠳᠤ ᠪᠣᠢ

ᠴᠢ ᠪᠢᠳᠠᠨ ᠤ ᠴᠢᠰᠤᠨ ᠳᠤ ᠯᠠ ᠪᠣᠢ

ᠭᠦᠭᠡ ᠮᠤᠩᠭᠤᠯ ᠨᠤᠳᠤᠭ ᠡᠴᠠ

ᠭᠦᠭ᠍ᠰᠢᠷᠡᠨ ᠨᠥᠭ᠍ᠴᠢᠭᠦ ᠶᠢᠨ ᠮᠢᠨᠢ ᠳᠠᠪᠢᠯᠠᠩ

ᠭᠦᠯᠦᠭ᠌ ᠤᠨ ᠳᠠᠪᠭᠢᠶ᠎ᠠ ᠪᠠᠷ

ᠭᠦᠳᠡᠭᠡᠯᠡᠭᠦᠯᠵᠤ ᠣᠷᠤᠰᠢᠭᠤᠯᠤᠭᠰᠠᠨ ᠪᠠᠢ᠌ᠳᠠᠭ

ᠴᠢᠩᠭᠢᠰ ᠤᠨ ᠣᠩᠭᠤᠨ ᠮᠤᠩᠭᠤᠯ ᠳᠤ ᠪᠣᠢ

ᠴᠢ ᠪᠢᠳᠠᠨ ᠤ ᠰᠡᠳᠭᠢᠯ ᠳᠤ ᠯᠠ ᠪᠣᠢ

ᠨᠥᠭ᠍ᠴᠢᠭᠦ ᠡᠴᠠ ᠠᠶᠤᠳᠠᠭ ᠦᠭᠡᠶ

ᠨᠥᠭᠡ ᠭᠠᠷᠭᠠᠬᠤ ᠡᠴᠠ ᠠᠶᠤᠳᠠᠭ

ᠭᠠᠩ ᠭᠠᠴᠢᠭ ᠡᠴᠠ ᠠᠶᠤᠳᠠᠭ ᠦᠭᠡᠶ

ᠭᠠᠵᠠᠷ ᠣᠬᠤᠬᠤ ᠡᠴᠠ ᠠᠶᠤᠳᠠᠭ

ᠴᠢᠩᠭᠢᠰ ᠤᠨ ᠣᠩᠭᠤᠨ ᠮᠤᠩᠭᠤᠯ ᠳᠤ ᠪᠣᠢ

ᠴᠢ ᠪᠢᠳᠠᠨ ᠤ ᠣᠬᠠᠮᠰᠠᠷ ᠲᠤ ᠯᠠ ᠪᠣᠢ

ᠵᠢᠷᠭᠤᠭᠠᠨ ᠰᠠᠷ᠎ᠠ ᠶᠢᠨ ᠬᠠᠯᠠᠭᠤᠨ ᠳᠤ

ᠵᠤᠰᠠᠯᠠᠩ ᠤᠨ ᠰᠡᠷᠢᠭᠦᠨ ᠪᠠᠭᠤᠴᠠᠨ ᠳᠤ

ᠮᠤᠩᠭᠤᠯ ᠨᠢᠭᠤᠴᠠ ᠶᠢ ᠪᠢᠴᠢᠵᠤ ᠭᠡᠨ ᠴᠢᠳᠠᠯ᠎ᠠ

ᠵᠠᠭᠤᠳᠠᠯ ᠬᠠᠳᠠᠭᠤ ᠭᠦᠮᠤᠨ ᠠᠷᠠᠤᠨ

ᠵᠤᠪᠠᠯᠠᠩ ᠤᠨ ᠭᠦᠨ ᠳᠠᠯᠠᠢ ᠡᠴᠠ

ᠮᠤᠩᠭᠤᠯ ᠨᠢᠭᠤᠴᠠ ᠪᠠᠨ ᠬᠠᠮᠠᠭᠠᠯᠠᠵᠤ ᠭᠡᠨ ᠴᠢᠳᠠᠯ᠎ᠠ

ᠴᠢᠩᠭᠢᠰ ᠤᠨ ᠣᠩᠭᠤᠨ ᠮᠤᠩᠭᠤᠯ ᠳᠤ ᠪᠣᠢ

ᠴᠢᠩ ᠦᠨᠡᠠᠴᠢ ᠮᠤᠩᠭᠤᠯᠴᠤᠳ ᠤᠨ ᠣᠶᠤᠨ ᠣᠬᠠᠭᠠᠨ ᠳᠤ ᠯᠠ ᠪᠣᠢ

ᠬᠠᠷᠢᠶ᠎ᠠ ᠶᠡᠭᠡᠳᠤ ᠬᠠᠷ᠎ᠠ ᠳᠤᠭ ᠤᠨ ᠳᠤᠤᠷ᠎ᠠ

ᠬᠠᠷᠢ ᠣᠯᠤᠰ ᠦᠨᠳᠦᠰᠦᠳᠠᠨ ᠢ ᠲᠦᠪᠰᠢᠳᠭᠡᠵᠤ

ᠡᠵᠡᠨ ᠴᠢᠩᠭᠢᠰ ᠤᠨ ᠡᠷᠳᠡᠨᠢ ᠶᠢᠨ ᠭᠦᠯᠦᠭ᠌

ᠡᠨᠡ ᠳᠡᠯᠡᠭᠡᠢ ᠶᠢ ᠡᠪᠭᠡᠵᠤ ᠶᠠᠪᠣᠭᠰᠠᠨ ᠳᠡᠦᠭᠡ ᠲᠡᠶ

ᠶ‍ᠢᠰᠤᠨ ᠭᠦᠯᠳᠤ ᠴᠠᠭᠠᠨ ᠳᠤᠭ ᠲᠤ

ᠶ‍ᠢᠷᠳᠢᠠᠴᠤ ᠶᠢᠨ ᠭᠦᠮᠤᠨ ᠠᠷᠠᠤᠨ ᠰᠥᠭᠦᠳᠴᠤ

ᠳᠡᠭ᠍ᠷᠢ ᠡᠴᠠ ᠵᠠᠷᠯᠢᠭ ᠲᠡᠶ ᠶᠤᠮ ᠰᠢᠭ

ᠳᠤᠵᠢ ᠳᠤ ᠪᠠᠨ ᠢᠯᠠᠵᠤ ᠶᠠᠪᠣᠭᠰᠠᠨ ᠶᠤᠮ

ᠡᠵᠡᠨ ᠴᠢᠩᠭᠢᠰ ᠤᠨ ᠣᠩᠭᠤᠨ ᠮᠤᠩᠭᠤᠯ ᠳᠤ ᠪᠣᠢ

ᠡᠷᠡᠯᠭᠡᠭ᠌ ᠳᠠᠢ᠌ᠴᠢᠨ ᠵᠤᠷᠢᠭ ᠰᠠᠨᠠᠭᠠᠨ ᠳᠤ ᠯᠠ ᠪᠣᠢ

ᠠᠭᠠᠷ ᠳᠠᠯᠠᠢ ᠶᠢᠨ ᠠᠶᠠᠯᠠᠯ ᠢ ᠵᠠᠷᠤᠯ᠎ᠠ

ᠠᠰᠤᠷᠤ ᠳᠤᠮᠤ ᠦᠷᠡᠭ᠍ᠳᠡᠯ ᠭᠠᠷᠭᠠᠯ᠎ᠠ

ᠭᠦᠷᠦᠰᠦᠳᠤ ᠭᠠᠵᠠᠷ ᠨᠢ ᠰᠡᠭ᠍ᠴᠢᠭ᠍ᠳᠡᠯ᠎ᠡ

ᠭᠦᠮᠤᠨ ᠠᠷᠠᠤᠨ ᠨᠢ ᠭᠤᠨᠢᠯ᠎ᠠ

ᠠᠰᠳᠠᠭᠠᠨ ᠣᠯᠤᠰ ᠬᠠᠷᠢ ᠠᠷᠠᠰᠤᠳᠠᠨ ᠪᠠᠷ ᠰᠢᠡᠵᠢᠭᠦᠯᠦᠯ᠎ᠡ

ᠠᠳᠠᠯᠢᠬᠠᠨ ᠭᠦᠷᠤᠨ ᠬᠠᠷᠢ ᠦᠨᠳᠦᠰᠦᠳᠠᠨ ᠪᠠᠷ ᠡᠷᠢᠭᠦᠯᠦᠯ᠎ᠡ

ᠠᠴᠢᠯᠠᠯ ᠶᠡᠭᠡᠳᠡᠢ ᠡᠵᠡᠨ ᠤ ᠪᠠᠨ ᠣᠩᠭᠤᠨ ᠢ

ᠠᠯᠬᠤᠮ ᠠᠯᠬᠤᠮ ᠪᠠᠷ ᠮᠦᠷᠳᠠᠨ ᠬᠠᠢ᠌ᠯ᠎ᠠ᠃

ᠪᠣᠯᠢ᠂ ᠡᠷᠢᠭᠦ ᠴᠢᠬᠤᠯᠠ ᠦᠭᠡᠶ

ᠪᠣᠭᠳᠠ ᠡᠵᠡᠨ ᠤ ᠮᠢᠨᠢ ᠣᠩᠭᠤᠨ

ᠪᠣᠰᠤᠭ᠎ᠠ ᠮᠤᠩᠭᠤᠯ ᠦᠰᠦᠭ᠌ ᠲᠤ ᠯᠠ ᠪᠣᠢ᠂

ᠪᠣᠳᠤᠯᠭ᠎ᠠ ᠮᠡᠷᠭᠡᠨ ᠮᠤᠩᠭᠤᠯᠴᠤᠳ ᠲᠤ ᠯᠠ ᠪᠣᠢ

ᠪᠣᠯᠵᠠᠭ᠎ᠠ ᠦᠭᠡᠶ ᠮᠤᠩᠭᠤᠯ ᠭᠡᠯᠡᠨ ᠳᠤ ᠯᠠ ᠪᠣᠢ᠂

ᠪᠣᠯᠭᠢᠵᠤ ᠪᠠᠢ᠌ᠭ᠎ᠠ ᠮᠤᠩᠭᠤᠯ ᠵᠢᠷᠦᠭᠡᠨ ᠳᠤ ᠯᠠ ᠪᠣᠢ᠃

ᠳᠡᠯᠡᠭᠡᠢ ᠶᠢ ᠰᠡᠭ᠍ᠴᠢᠵᠤ ᠳᠠᠮᠠᠢ ᠬᠠᠢ᠌ᠬᠤ ᠴᠢᠬᠤᠯᠠ ᠦᠭᠡᠶ᠂

ᠳᠠᠮᠤᠵᠢᠨ ᠡᠵᠡᠨ ᠤ ᠳᠠᠷᠠ ᠣᠩᠭᠤᠨ

ᠭᠦᠭᠡ ᠮᠤᠩᠭᠤᠯ ᠤᠨ ᠨᠠᠷ᠎ᠠ ᠳᠤ ᠯᠠ ᠪᠣᠢ᠂

ᠭᠦᠮᠤᠨ ᠠᠷᠠᠤᠨ ᠤᠨ ᠭᠢᠨᠢ ᠰᠡᠳᠭᠢᠯ ᠳᠤ ᠯᠠ ᠪᠣᠢ᠂

ᠡᠭᠡ ᠣᠷᠤᠨ ᠤ ᠭᠢᠨᠢ ᠰᠢᠷᠤᠢ ᠳᠤ ᠯᠠ ᠪᠣᠢ᠂

ᠡᠷᠡᠯᠭᠡᠭ᠌ ᠳᠠᠢ᠌ᠴᠢᠨ ᠵᠤᠷᠢᠭ ᠰᠠᠨᠠᠭᠠᠨ ᠳᠤ ᠯᠠ ᠪᠣᠢ᠃

ᠡᠵᠡᠨ ᠴᠢᠩᠭᠢᠰ ᠤᠨ ᠣᠩᠭᠤᠨ ᠢ

ᠡᠷᠭᠢᠭᠦᠯᠵᠤ ᠭᠦᠪᠠᠭᠦᠯᠤᠨ ᠡᠷᠢᠭᠡᠳ

ᠡᠨᠡ ᠣᠷᠴᠢᠯᠩ ᠤᠨ ᠵᠠᠢ ᠡᠴᠠ

ᠡᠳᠦᠭᠡ ᠪᠣᠯᠳᠠᠯ᠎ᠠ ᠣᠯᠤᠭ᠎ᠠ ᠦᠭᠡᠶ᠂

ᠴᠢᠩᠭᠢᠰ ᠤᠨ ᠣᠩᠭᠤᠨ ᠢ ᠡᠷᠢᠭᠡᠳ ᠶᠠᠭᠠᠭᠢᠨ᠎ᠠ᠂

ᠶᠤᠰᠤ ᠵᠦᠢ ᠪᠠᠷ ᠪᠣᠳᠤᠪᠠᠯ

ᠶᠤᠷᠤ ᠲᠡᠶ ᠴᠤ ᠶᠤᠮ ᠰᠢᠭ᠌ ᠰᠠᠨᠠᠭᠳᠠᠨ᠎ᠠ


ᠬᠤᠶᠠᠷ ᠮᠢᠩᠭ᠎ᠠ ᠠᠷᠪᠠᠨ ᠣᠨ ᠤ ᠨᠠᠮᠤᠷ ᠤᠨ ᠳᠡᠷᠢᠭᠦᠨ ᠰᠠᠷ᠎ᠠ ᠶᠢᠨ ᠭᠤᠷᠪᠠᠨ ᠳᠤ᠂

ᠨᠤᠳᠤᠭ ᠪᠠᠶᠠᠠᠰᠠᠷᠠᠭᠤᠯ ᠳᠤ ᠪᠠᠨ ᠪᠢᠴᠢᠪᠠ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠳᠡᠭᠡᠳᠤ ᠰᠤᠷᠭᠠᠭᠤᠯᠢ ᠶᠢᠨ 09 ᠮᠤᠩᠭ᠋ᠤᠯ ᠭᠡᠯᠡ ᠤᠳᠬ᠎ᠠ ᠵᠤᠬᠢᠶᠠᠯ ᠤᠨ ᠠᠩᠭᠢ

ᠵᠤᠬᠢᠶᠠᠭᠴᠢ᠄ ᠳᠠᠪᠰᠢᠯᠳᠤ
ᠬᠠᠷᠢᠶ᠎ᠠ᠄ ᠰᠢᠯᠦᠭ
ᠳᠠᠷᠤᠮ᠄ 1935
ᠴᠠᠭ᠄ 2012 ᠤᠨ ᠤ 07 ᠰᠠᠷ᠎ᠠ ᠶᠢᠨ 30