ᠭᠠᠯ ᠤᠨ ᠪᠣᠷᠬᠠᠨ ᠨᠢᠳᠤ ᠪᠠᠨ ᠨᠡᠭᠡᠭᠡᠪᠡ

ᠵᠢᠷᠠᠨᠳᠠᠢ ᠡᠪᠦᠭᠡᠨ ᠳᠤ ᠠᠪᠴᠤ ᠭᠡᠯᠡᠪᠠᠯ ᠡᠨᠡᠭᠦ ᠥᠭᠡᠷ ᠵᠢᠯ ᠤᠨ ᠯᠠ ᠰᠠᠷᠠᠢ᠌ᠨ ᠬᠤᠷᠢᠨ ᠭᠤᠷᠪᠠᠨ ᠨᠢ ᠭᠦᠮᠤᠨ ᠪᠣᠯᠤᠭᠰᠠᠨ ᠴᠠᠭ ᠡᠴᠡ ᠨᠢ ᠠᠪᠣᠭᠠᠤᠨ ᠬᠠᠮᠤᠭ ᠤᠨ ᠣᠷᠰᠢᠭ ᠦᠭᠡᠶ ᠨᠢᠭᠡᠨ ᠡᠳᠦᠷ ᠪᠠᠢ᠌ᠵᠠᠢ᠃ ᠦᠷᠯᠦᠭᠡ ᠨᠢ᠋ᠮᠠᠨ ᠴᠠᠭ ᠤᠨ ᠦᠶ᠎ᠡ ᠪᠠᠷ ᠴᠠᠢ ᠪᠠᠨ ᠣᠤᠭᠤᠵᠤ ᠰᠠᠭᠤᠬᠤ ᠳᠤ ᠬᠠᠷ᠎ᠠ ᠦᠷᠯᠦᠭᠡᠭᠦᠷ ᠡᠭᠢᠯᠡᠨ ᠫᠠᠷᠴᠢᠭᠢᠨᠠᠭᠰᠠᠨ ᠭᠢᠯᠭᠢᠶᠠᠳᠤ ᠫᠣᠤᠵᠢᠩ ᠤᠨ ᠳᠠᠭᠤᠨ ᠪᠣᠷᠴᠠᠭ ᠬᠠᠭᠤᠷᠬᠤ ᠠᠳᠠᠯᠢ ᠫᠠᠷᠴᠢᠭᠢᠨᠠᠵᠤ ᠪᠠᠢ᠌ᠭᠰᠠᠨ ᠶᠢᠡᠨ ᠪᠠᠭ᠎ᠠ ᠨᠠᠮᠳᠠᠵᠤ ᠬᠠᠶᠠ 《ᠫᠠᠷ ᠫᠠᠷ ᠁ ᠲᠦᠩ ᠁》 ᠭᠡᠵᠤ ᠬᠤᠯᠠ ᠴᠠᠭᠠᠨ᠎ᠠ ᠳᠤᠤᠭᠠᠷᠤᠨ᠎ᠠ᠃ ᠡᠪᠦᠭᠡᠨ ᠦᠷᠯᠦᠭᠡ ᠪᠣᠰᠤᠭᠰᠠᠨ ᠡᠴᠡ ᠪᠠᠨ ᠠᠪᠣᠭᠠᠤᠨ ᠥᠭᠡ ᠳᠠᠭᠤᠨ ᠦᠭᠡᠶ ᠴᠠᠢ ᠪᠠᠨ ᠣᠭᠤᠴᠢᠵᠤ ᠰᠠᠭᠤᠨ᠎ᠠ᠃

  《ᠠᠪᠣ ᠡ ︕ ᠨᠠᠷᠠ᠂ ᠰᠠᠷᠠ᠂ ᠣᠳᠤᠨ ᠭᠤᠷᠪᠠ ᠭᠡᠵᠤ ᠶᠠᠭᠤ ᠪᠣᠢ ︖ ᠁》 ᠭᠦᠤ ᠶᠢᠨ ᠭᠢᠨ ᠭᠠᠷ ᠣᠳᠠᠰᠤ ᠳᠤᠤᠭᠠᠷᠪᠠ᠃

᠊᠊᠊᠊᠊᠊᠊᠊᠊᠊᠊᠊᠊᠊᠊ ᠰᠠᠢ᠌ᠨ ᠦᠦ ︖ ᠶᠠᠷᠢᠭᠠᠴᠢ ︕

᠊᠊᠊᠊᠊᠊᠊᠊᠊᠊᠊᠊᠊᠊᠊ ᠪᠢ ᠰᠤᠮᠤᠨ ᠤ ᠳᠦᠭᠦᠷᠡᠩ ᠪᠠᠢ᠌ᠨ᠎ᠠ᠃ ᠳᠠ ᠭᠠᠷᠴᠤ ᠢᠷᠡᠭᠦ ᠦᠭᠡᠶ ᠦᠦ︕

᠊᠊᠊᠊᠊᠊᠊᠊᠊᠊᠊᠊᠊᠊᠊ ᠳᠠ ᠬᠠᠮᠢᠭ᠎ᠠ ᠪᠠᠢ᠌ᠨ᠎ᠠ ︖

᠊᠊᠊᠊᠊᠊᠊᠊᠊᠊᠊᠊᠊᠊᠊ ᠦᠨᠳᠦᠰᠦᠳᠠᠨ ᠤ ᠵᠤᠴᠢᠳ ᠤᠨ ᠪᠠᠭᠤᠳᠠᠯ ᠤᠨ 205᠃

᠊᠊᠊᠊᠊᠊᠊᠊᠊᠊᠊᠊᠊᠊᠊ ᠳᠡᠭᠡ᠂ ᠪᠢ ᠣᠳᠤ ᠪᠠᠷ ᠶᠢᠡᠨ ᠭᠠᠷᠤᠶ᠎ᠠ︕

ᠭᠦᠤ ᠨᠢ ᠶᠠᠭᠠᠷᠠᠤ ᠰᠠᠨᠳᠤᠷᠠᠤ ᠬᠤᠪᠴᠠᠰᠤ ᠪᠠᠨ ᠳᠠᠪᠬᠤᠷᠯᠠᠵᠤ ᠡᠮᠦᠰᠦᠭᠡᠳ ᠠᠰᠠᠷ ᠤᠨ ᠱᠠᠳᠤ ᠪᠠᠷ 《ᠳᠦᠱ ᠳᠦᠱ》 ᠭᠡᠭ᠍ᠰᠡᠭᠡᠷ ᠪᠠᠭᠤᠵᠤ ᠶᠠᠪᠣᠪᠠ᠃

᠊᠊᠊᠊᠊᠊᠊᠊᠊᠊᠊᠊᠊᠊᠊ ᠠᠪᠣ ᠡ᠂ ᠪᠢ ᠪᠠᠰᠠ ᠵᠡᠭᠡᠯᠢ ᠳᠤ ᠭᠠᠷᠤᠭᠠᠤᠨ ᠪᠠᠭ᠎ᠠ ᠰᠠᠭ᠎ᠠ ᠶᠠᠭᠤᠮ᠎ᠠ ᠬᠤᠳᠠᠯᠳᠤᠵᠤ ᠠᠪᠣᠭᠠᠤᠨ ᠢᠷᠠᠶ᠎ᠠ᠃

ᠭᠦᠤ ᠪᠠᠷᠢ ᠨᠢ ᠪᠠᠰᠠ ᠠᠶᠠᠭ᠎ᠠ ᠰᠠᠪᠬ᠎ᠠ ᠪᠠᠨ ᠣᠭᠢᠶᠠᠯᠭ᠎ᠠ ᠶᠢᠨ ᠣᠩᠭ᠋ᠤᠴᠠᠨ ᠳᠤ ᠭᠢᠵᠤ ᠳᠠᠯᠪᠢᠴᠢᠬᠠᠭᠠᠤᠨ ᠦᠰᠦ ᠭᠡᠵᠢᠭᠡ ᠪᠠᠨ ᠭᠤᠶᠤᠯᠠᠵᠤ ᠬᠤᠪᠴᠠᠰᠤ ᠬᠤᠨᠠᠷ ᠶᠢᠡᠨ ᠥᠩᠭᠡ ᠳᠡᠩᠴᠡᠭᠦᠯᠤᠨ ᠡᠮᠦᠰᠴᠤ ᠪᠢᠴᠢᠬᠠᠨ ᠪᠣᠷᠤ ᠣᠯᠠᠭᠠᠨ ᠪᠣᠭᠴᠤ ᠶᠢ ᠵᠢᠰᠢᠭᠦᠤ ᠮᠦᠷᠤᠪᠴᠢᠯᠠᠨ ᠡᠭᠦᠷᠴᠤ ᠬᠠᠭᠠᠯᠭ᠎ᠠ ᠪᠠᠨ ᠳᠦᠸᠡᠷᠳᠧ ᠭᠡᠳᠡᠯ᠎ᠡ ᠬᠠᠭᠠᠭᠠᠤᠨ ᠠᠰᠠᠷ ᠤᠨ ᠱᠠᠳᠤ ᠪᠠᠷ 《ᠳᠤᠱ ᠳᠤᠱ》 ᠠᠯᠬᠤᠨ ᠶᠠᠪᠣᠵᠤ ᠣᠤᠠᠪᠠ᠃

ᠡᠪᠦᠭᠡᠨ ᠭᠡᠷ ᠲᠤ ᠭᠠᠭᠴᠠᠭᠠᠷ ᠶᠢᠡᠨ ᠬᠤᠴᠤᠷᠴᠤ ᠵᠤᠴᠢᠳ ᠤᠨ ᠦᠷᠦᠭᠡᠨ ᠤ ᠪᠠᠨ ᠴᠤᠩᠬᠤ ᠪᠠᠷ ᠭᠠᠳᠠᠭᠰᠢ ᠪᠠᠬᠠᠨ ᠬᠠᠷᠠᠵᠤ ᠵᠤᠭᠰᠤᠭᠰᠠᠨ ᠶᠢᠡᠨ 《ᠠᠢ︕》 ᠭᠡᠵᠤ ᠣᠷᠳᠤ ᠰᠡᠭᠦᠷᠡᠰᠤ ᠠᠯᠳᠠᠭᠰᠠᠨ ᠶᠢᠡᠨ 《ᠵᠠ ᠣᠳᠤ ᠪᠢ ᠶᠠᠭᠤ ᠭᠢᠭᠦ ᠪᠢᠯᠠ︖》 ᠭᠡᠰᠡᠨ ᠲᠦᠯᠤᠪᠳᠠᠢ ᠭᠡᠷ ᠳᠤᠳᠤᠷ᠎ᠠ ᠨᠠᠰᠢ ᠴᠠᠰᠢ ᠠᠯᠬᠤᠭᠰᠠᠨ ᠶᠢᠡᠨ ᠣᠠᠳᠠᠬᠤ ᠦᠷᠦᠭᠡᠨ ᠳᠡᠭᠡᠨ ᠣᠷᠤᠵᠤ ᠬᠠᠵᠠᠭᠤᠯᠵᠤ ᠪᠠᠢ᠌ᠭᠰᠠᠨ ᠶᠢᠡᠨ ᠳᠤᠭ ᠭᠡᠳ ᠠᠪᠣᠪᠠ᠃

᠊᠊᠊᠊᠊᠊᠊᠊᠊᠊᠊᠊᠊᠊᠊ ᠳᠠᠷ ᠁

ᠭᠡᠷ ᠤᠨ ᠣᠳᠠᠰᠤ ᠳᠠᠷᠴᠢᠭᠢᠨᠠᠨ ᠳᠤᠤᠭᠠᠷᠪᠠ᠃ ᠡᠪᠦᠭᠡᠨ ᠰᠤᠴᠢᠰᠭᠢᠨ ᠰᠠᠷᠢᠵᠤ ᠵᠤᠴᠢᠳ ᠤᠨ ᠦᠷᠦᠭᠡᠨ ᠳᠤ ᠣᠷᠤᠵᠤ᠄

᠊᠊᠊᠊᠊᠊᠊᠊᠊᠊᠊᠊᠊᠊᠊ ᠰᠠᠢ᠌ᠨ ᠦᠦ ︖ ᠭᠡᠨ ᠪᠣᠢ ︖

᠊᠊᠊᠊᠊᠊᠊᠊᠊᠊᠊᠊᠊᠊᠊ ᠡᠪᠦᠭᠡ ᠡ᠂ ᠪᠢ ᠠᠰᠠᠨ᠎ᠠ ᠪᠠᠢ᠌ᠨ᠎ᠠ᠃

᠊᠊᠊᠊᠊᠊᠊᠊᠊᠊᠊᠊᠊᠊᠊ ᠢᠯᠢ᠂ ᠮᠢᠨᠤ ᠮᠠᠭᠤ ᠣᠮᠪᠣᠯᠤ ᠮᠢᠨᠢ ᠪᠠᠢ᠌ᠨ᠎ᠠ ᠰᠢᠳᠠ ︕

᠊᠊᠊᠊᠊᠊᠊᠊᠊᠊᠊᠊᠊᠊᠊ ᠥ᠂ ᠪᠢ ᠮᠦᠨ ᠡ᠃

᠊᠊᠊᠊᠊᠊᠊᠊᠊᠊᠊᠊᠊᠊᠊ ᠮᠠᠭᠤ ᠭᠦᠤ ᠮᠢᠨᠢ ᠭᠡᠷ ᠶᠢᠡᠨ ᠡᠷᠢᠵᠤ ᠦᠭᠡᠶ ᠦᠦ ︖ ᠶᠡᠭᠡ ᠠᠪᠠᠭ᠎ᠠ ᠶᠢᠨ ᠭᠢᠨ ᠴᠢᠨᠢ ᠪᠦᠷ ᠰᠠᠢ᠌ᠬᠠᠨ ᠪᠠ ︖

᠊᠊᠊᠊᠊᠊᠊᠊᠊᠊᠊᠊᠊᠊᠊ ᠭᠡᠷ ᠶᠢᠡᠨ ᠡᠷᠢᠵᠤ ᠦᠭᠡᠶ᠂ ᠶᠡᠭᠡ ᠠᠪᠠᠭ᠎ᠠ ᠨᠠᠮᠢ᠋ᠢ ᠳᠠᠨ ᠳᠤ ᠣᠳᠠᠰᠤ ᠠᠪ ᠭᠡᠰᠡᠨ᠃ ᠪᠢ ᠡ᠊ᠨᠳᠡ ᠡᠳᠦᠷ ᠲᠤ ᠭᠦᠭ᠍ᠵᠢᠯ ᠠᠬ᠎ᠠ ᠲᠡᠶ ᠨᠠᠭᠠᠳᠤᠭᠠᠤᠨ ᠁

᠊᠊᠊᠊᠊᠊᠊᠊᠊᠊᠊᠊᠊᠊᠊ ᠠᠪᠠᠭ᠎ᠠ ᠡᠭᠡᠴᠢ ᠴᠢᠨᠢ ᠲᠡᠨᠳᠡᠭᠦᠷ ᠭᠦᠷᠴᠤ ᠦᠦ᠂ ᠳᠠᠳᠠ ᠴᠢᠨᠢ ᠪᠦᠷ ᠰᠠᠢ᠌ᠬᠠᠨ ᠪᠠ ︖

᠊᠊᠊᠊᠊᠊᠊᠊᠊᠊᠊᠊᠊᠊᠊ ᠡᠩ᠂ ᠵᠢᠯ ᠭᠠᠷᠤᠭᠰᠠᠭᠠᠷ ᠳᠠᠳᠠ ᠳᠠᠨ ᠢ ᠥᠵᠡᠭᠦ ᠪᠠᠷ ᠣᠴᠢᠬᠤ ᠳᠠᠭᠠᠨ ᠨᠠᠮᠢ᠋ᠢ ᠠᠪᠠᠴᠢᠵᠤ ᠦᠭ‍ᠭᠦᠨ᠎ᠡ ᠭᠡᠵᠤ ᠪᠠᠢ᠌ᠨ᠎ᠠ᠃

᠊᠊᠊᠊᠊᠊᠊᠊᠊᠊᠊᠊᠊᠊᠊ ᠠᠪᠣ ᠮᠥᠮᠥ ᠴᠢᠨᠢ ᠰᠠ‍‌ᠶ‍ᠢᠬᠠᠨ ᠵᠡᠭᠡᠯᠢ ᠳᠤ ᠭᠠᠷᠤᠭᠰᠠᠨ᠂ ᠴᠢ ᠣᠴᠢᠷ ᠲᠡᠶ ᠦᠦ ︖

᠊᠊᠊᠊᠊᠊᠊᠊᠊᠊᠊᠊᠊᠊᠊ ᠦᠭᠡᠶ᠂ ᠡᠪᠦᠭᠡ᠂ ᠪᠢ ᠭᠦᠭ᠍ᠵᠢᠯ ᠠᠬ᠎ᠠ ᠲᠡᠶ ᠳᠠᠯᠠᠨ ᠬᠠᠷ᠎ᠠ ᠳᠤ ᠨᠠᠭᠠᠳᠬᠤ ᠪᠠᠷ ᠶᠠᠪᠣᠯ᠎ᠠ᠃ ᠪᠠᠶᠠᠷᠳᠠᠢ ︕

᠊᠊᠊᠊᠊᠊᠊᠊᠊᠊᠊᠊᠊᠊᠊ ᠸᠠᠢ᠂ ᠸᠠᠢ ︕

᠊᠊᠊᠊᠊᠊᠊᠊᠊᠊᠊᠊᠊᠊᠊ ᠦᠳ᠋ ᠦᠳ᠋ ᠁

ᠡᠪᠦᠭᠡᠨ ᠪᠠᠰᠠ ᠨᠢᠭᠡ ᠶᠠᠭᠤᠮ᠎ᠠ ᠭᠡᠯᠡᠭᠦ ᠭᠡᠵᠤ ᠪᠠᠢ᠌ᠳᠠᠯ᠎ᠠ ᠴᠠᠭᠠᠨ᠎ᠠ ᠡᠴᠡ ᠨᠢ ᠬᠤᠶᠠᠷ ᠣᠮᠪᠣᠯᠤ ᠨᠢ ᠨᠠᠭᠠᠳᠬᠤ ᠪᠠᠷ ᠶᠠᠪᠣᠬᠤ ᠭᠡᠳ ᠶᠠᠭᠠᠷᠠᠵᠤ ᠣᠳᠠᠰᠤ ᠪᠠᠨ ᠳᠠᠯᠪᠢᠭᠰᠠᠨ ᠪᠠᠢ᠌ᠨ᠎ᠠ᠃ ᠡᠪᠦᠭᠡᠨ ᠣᠮᠪᠣᠯᠤ ᠶᠢᠨ ᠪᠠᠨ ᠣᠳᠠᠰᠤ ᠶᠢ ᠳᠤᠰᠤᠭᠠᠤᠨ ᠴᠡᠭᠡᠵᠢ ᠨᠢ ᠰᠠᠷᠠᠭᠤᠯᠵᠢᠵᠤ᠂ ᠨᠢᠳᠤ ᠨᠢ ᠭᠡᠷᠡᠯᠳᠦᠭᠡᠳ ᠡᠪᠦᠭᠡᠨ ᠪᠢ ᠠᠮᠢᠳᠠᠨ ᠵᠢᠷᠭᠤᠭᠠᠨ ᠭᠤᠤᠯᠳᠠᠨ ᠳᠤ ᠳᠤᠰᠠ ᠭᠢᠵᠤ᠂ ᠠᠭᠤᠯᠠ ᠣᠰᠤ᠂ ᠳᠡᠭ᠍ᠷᠢ ᠪᠣᠷᠬᠠᠨ ᠶᠢᠡᠨ ᠰᠢᠳᠤᠵᠤ᠂ ᠭᠠᠯ ᠭᠤᠯᠤᠮᠳᠠ ᠪᠠᠨ ᠰᠠᠢ᠌ᠨ ᠳᠠᠭᠢᠭᠰᠠᠨ ᠤ ᠰᠠᠢ᠌ᠨ ᠶᠢᠡᠷ ᠬᠠᠷ᠎ᠠ ᠴᠠᠭᠠᠨ ᠦᠷ᠎ᠡ ᠳᠡᠯᠭᠡᠷᠡᠵᠤ᠂ ᠡᠩᠭᠡ ᠮᠡᠨᠳᠦ ᠦᠯᠵᠡᠢ ᠮᠦᠷ ᠲᠡᠶ ᠶᠠᠪᠣᠵᠤ ᠪᠠᠢ᠌ᠨ᠎ᠠ ᠭᠡᠵᠤ ᠪᠣᠳᠤᠬᠤᠯᠠᠷ ᠦᠨᠦᠳᠤᠷ ᠭᠠᠯ ᠶᠢᠡᠨ ᠰᠠᠢ᠌ᠬᠠᠨ ᠳᠠᠭᠢᠬᠤ ᠭᠡᠵᠤ᠂ ᠴᠢᠷᠦᠭᠦᠯ ᠱᠠᠬᠠᠢ ᠪᠠᠨ ᠳᠠᠢ᠌ᠯᠠᠵᠤ ᠳᠠᠯᠪᠢᠨ ᠪᠣᠯᠢᠭᠠᠷᠢ ᠶᠢᠨ ᠭᠤᠳᠤᠯ ᠶᠢᠡᠨ ᠠᠪᠴᠤ ᠡᠮᠦᠰᠦᠭᠡᠳ ᠲᠦᠯᠭᠢᠭᠦᠷ ᠶᠢᠡᠨ ᠠᠪᠴᠤ ᠭᠦᠮᠦᠷᠭᠡᠨ ᠳᠡᠭᠡᠨ ᠣᠷᠤᠬᠤ ᠭᠡᠵᠤ ᠠᠰᠠᠷ ᠤᠨ ᠱᠠᠳᠤᠨ ᠤ ᠭᠡᠷᠡᠰᠭᠡ ᠶᠢ ᠲᠦᠰᠢᠵᠤ ᠭᠢᠴᠢᠶᠡᠮᠵᠢᠳᠡᠢ᠌ᠭᠡᠨ ᠱᠠᠳᠤ ᠱᠠᠳᠤ ᠪᠠᠷ ᠪᠠᠭᠤᠨ᠎ᠠ᠃ ᠭᠦᠮᠦᠰ ᠠᠰᠠᠷ ᠤᠨ ᠱᠠᠳᠤ ᠪᠠᠷ ᠥᠭᠡᠳᠡ ᠣᠷᠤᠭᠤ ᠪᠠᠨ ᠶᠠᠪᠣᠬᠤ ᠳᠤ ᠪᠦᠷ ᠯᠠ 《ᠳᠤᠱ ᠳᠤᠱ》᠂ 《ᠳᠦᠱ ᠳᠦᠱ》 ᠳᠤᠤᠭᠠᠷᠴᠤ ᠨᠢᠭᠡ ᠯᠠ ᠠᠢ᠌ᠵᠢᠮ ᠴᠤᠭᠢᠯᠭ᠎ᠠ ᠲᠡᠶ ᠭᠡᠮᠡᠷ ᠮᠦᠷᠳᠡᠭᠡᠨ ᠰᠦᠷ ᠵᠢᠪᠬᠤᠭ᠎ᠠ ᠲᠡᠶ ᠰᠤᠨᠤᠰᠳᠠᠭ ᠢ ᠨᠢ ᠪᠣᠳᠤᠨ ᠦᠪᠡᠷ ᠤᠨ ᠭᠢᠨᠢ ᠪᠣᠯᠢᠭᠠᠷᠢ ᠶᠢᠨ ᠭᠤᠳᠤᠯ ᠨᠢ ᠠᠰᠠᠷ ᠤᠨ ᠱᠠᠳᠤᠨ ᠳᠡᠭᠡᠷ᠎ᠡ ᠳᠤᠰᠬᠤ ᠳᠠᠭᠠᠨ 《ᠯᠦᠪ ᠯᠦᠪ》 ᠭᠡᠳᠡᠯ᠎ᠡ ᠠᠯᠤᠰ ᠤᠨ ᠠᠶᠤᠩᠭ᠋᠎ᠠ ᠶᠢᠨ ᠳᠠᠭᠤ ᠰᠢᠭ ᠨᠦᠰᠠᠷ ᠮᠦᠷᠳᠡᠭᠡᠨ ᠭᠦᠡᠳᠦᠭᠡᠨ ᠳᠤᠰᠬᠤ ᠪᠠᠨ ᠦᠨᠦᠳᠤᠷ ᠯᠠ ᠰᠠ‍‌ᠶᠢ ᠠᠩᠬᠠᠷᠤᠭᠰᠠᠨ ᠰᠢᠭ 《ᠪᠢ ᠬᠠᠰᠢ ᠯᠠ ᠥᠳᠡᠯᠦᠴᠢᠭᠡᠭ᠍ᠰᠡᠨ ᠶᠤᠮ ᠪᠠᠢ᠌ᠨ᠎ᠠ᠂ ᠠᠯᠬᠤᠯᠳᠠ ᠭᠢᠰᠭᠢᠯᠳᠠ ᠶᠢᠨ ᠳᠤᠰᠤᠯᠳᠠ ᠨᠢ ᠴᠤ ᠠᠰᠠᠷ ᠲᠤ ᠠᠮᠢᠳᠤᠷᠠᠵᠤ ᠪᠠᠢ᠌ᠬᠤ ᠭᠦᠮᠤᠨ ᠤ ᠮᠠ‍‌ᠶ‍ᠢᠭ ᠦᠭᠡᠶ᠂ ᠠᠢ ︕》 ᠭᠡᠵᠤ ᠠᠰᠠᠷ ᠤᠨ ᠭᠡᠷᠡᠰᠭᠡ ᠶᠢ ᠲᠦᠰᠢᠵᠤ ᠵᠤᠭᠰᠠᠵᠤ ᠠᠪᠣᠭᠰᠠᠨ ᠶᠢᠡᠨ ᠦᠪᠡᠷ ᠤᠨ ᠪᠣᠳᠤᠯ ᠳᠠᠭᠠᠨ ᠠᠭᠤᠷᠯᠠᠪᠠ ᠦᠦ᠂ ᠦᠪᠡᠷ ᠤᠨ ᠠᠯᠬᠤᠳᠠᠯ ᠶᠢᠡᠨ ᠵᠥᠪᠳᠡᠭᠡᠭ᠍ᠰᠡᠨ ᠤ ᠦᠦ ︕ 《ᠡᠴᠢᠭᠡ ᠶᠢᠡᠨ ᠭᠢᠨᠢ ᠬᠠᠷ᠎ᠠ ᠳᠤᠯᠤᠭᠠᠢ᠂ ᠡᠨᠡ ᠡᠪᠦᠭᠡ ᠨᠢ ᠮᠦᠨ ᠭᠤᠳᠤᠯ ᠶᠢᠡᠷ ᠶᠢᠡᠨ ᠠᠭᠤᠯᠠ ᠭᠢᠷ᠎ᠠ᠂ ᠳᠠᠯ᠎ᠠ ᠵᠤ᠋ ᠪᠠᠷ ᠶᠢᠡᠨ ᠭᠠᠵᠠᠷ ᠤᠨ ᠭᠦᠷᠦᠰᠤ ᠶᠢ ᠬᠤᠳᠤᠯᠵᠠᠳᠠᠯ᠎ᠠ ᠨᠢ ᠠᠯᠬᠤᠭᠠᠤᠨ ᠢᠷᠡᠭᠦ ᠳᠤ ᠪᠣᠳᠠᠨ ᠤ ᠪᠦᠳᠦᠨ᠎ᠡ ᠫᠦᠷᠳ᠋ ᠭᠢᠨ ᠨᠢᠰᠭᠦ ᠶᠢ ᠭᠡᠯᠡᠭᠦ ᠦᠭᠡᠶ ᠰᠦᠷᠦᠭ᠌ ᠲᠤ ᠮᠢᠷᠢᠶᠠᠵᠤ ᠪᠠᠢ᠌ᠭᠰᠠᠨ ᠴᠢᠨ᠋ᠸ᠎ᠠ ᠴᠤ ᠮᠢᠨᠤ ᠭᠦᠯ ᠤᠨ ᠴᠢᠮᠡᠭᠡ ᠪᠠᠷ ᠰᠡᠭᠦᠯ ᠶᠢᠡᠨ ᠬᠠᠪᠴᠢᠭᠠᠤᠨ ᠭᠤᠳ ᠳᠤᠳᠠᠭᠠᠵᠤ ᠪᠠᠢ᠌ᠭᠰᠠᠨ ᠶᠤᠮ》 ᠭᠡᠵᠤ ᠪᠣᠳᠤᠭᠠᠤᠨ ᠭᠠᠯ ᠲᠡᠶ ᠴᠤᠭ ᠲᠡᠶ ᠵᠠᠯᠠᠭᠤ ᠽᠠᠨᠳᠠᠨ ᠨᠠᠰᠤᠨ ᠳᠠᠭᠠᠨ ᠪᠣᠴᠠᠴᠢᠬᠠᠭᠰᠠᠨ ᠶᠤᠮᠰᠢᠭ ᠪᠠᠶ᠎ᠠ ᠨᠢ ᠮᠡᠳᠡᠭ᠍ᠳᠡᠮ᠎ᠡ ᠭᠦᠩᠭᠡᠷᠡᠵᠤ ᠠᠰᠠᠷ ᠤᠨ ᠭᠡᠷᠡᠰᠭᠡ ᠡᠴᠡ ᠴᠤ ᠪᠠᠷᠢᠬᠤ ᠪᠠᠨ ᠪᠠᠢ᠌ᠵᠤ᠂ ᠶᠠᠭ ᠯᠠ ᠠᠭᠤᠯᠠ ᠬᠠᠳᠠᠨ ᠡᠴᠡ ᠣᠷᠤᠭᠤ ᠳᠠᠰᠢᠨ ᠪᠠᠭᠤᠵᠤ ᠪᠠᠢ᠌ᠭ᠎ᠠ ᠰᠢᠭ 《ᠳᠠᠪ ᠳᠠᠪ》 ᠠᠯᠬᠤᠨ ᠠᠰᠠᠷ ᠤᠨ ᠳᠤᠤᠷ᠎ᠠ ᠭᠦᠷᠴᠤ ᠭᠦᠮᠦᠷᠭᠡᠨ ᠡᠭᠦᠳᠡ ᠪᠠᠨ ᠨᠡᠭᠡᠭᠡᠭᠦ ᠭᠡᠵᠤ ᠲᠦᠯᠭᠢᠭᠦᠷ ᠶᠢᠡᠨ ᠭᠠᠷᠭᠠᠨ᠎ᠠ᠃

ᠦᠷ᠎ᠡ ᠠᠴᠢᠷ ᠤᠨ ᠶᠢᠡᠨ ᠡᠷᠡᠭᠦᠯ ᠮᠡᠨᠳᠦ᠂ ᠥᠭᠡᠳᠡ ᠡᠰᠡᠷᠡᠭ᠌ ᠢ ᠳᠠᠭᠠᠳᠬᠠᠵᠤ ᠦᠨᠦᠳᠤᠷ ᠭᠠᠯ ᠤᠨ ᠪᠣᠷᠬᠠᠨ ᠶᠢᠡᠨ ᠰᠠᠢ᠌ᠬᠠᠨ ᠳᠠᠭᠢᠶ᠎ᠠ ᠭᠡᠰᠡᠨ ᠪᠣᠳᠤᠯ ᠳᠡᠭᠦᠨ ᠤ ᠰᠡᠳᠭᠢᠯ ᠳᠤ ᠬᠣᠢ᠌ᠯᠠᠷᠠᠨ᠎ᠠ᠃ ᠵᠢᠷᠠᠨᠳᠠᠢ ᠡᠪᠦᠭᠡᠨ ᠬᠠᠷᠬᠠᠨ ᠪᠠᠭ᠎ᠠ ᠡᠴᠡ ᠪᠠᠨ ᠠᠳᠤᠭᠤ ᠮᠠᠯ ᠲᠡᠶ ᠨᠤᠴᠤᠯᠳᠤᠵᠤ᠂ ᠠᠭᠰᠢᠷᠠᠬᠤ ᠶᠢᠨ ᠥᠵᠦᠭᠦᠷ ᠬᠤᠨᠢ ᠳᠠᠭᠠᠭᠠᠴᠢᠯᠠᠨ ᠠᠪᠴᠤ ᠬᠠᠷᠢᠭᠤᠯᠤᠭᠠᠤᠨ ᠳᠠᠯ᠎ᠠ ᠳᠤᠭᠤᠷᠢᠵᠤ ᠠᠭᠤᠯᠠ ᠬᠠᠳᠠ ᠪᠠᠷ ᠭᠦᠶ‍ᠦᠭ᠍ᠰᠡᠭᠡᠷ ᠪᠠᠢ᠌ᠵᠤ ᠶᠤᠰᠤᠳᠠᠢ 《ᠡᠷ᠎ᠡ ᠶᠢᠨ ᠵᠢᠷᠭᠠᠯ ᠡᠭᠡᠷᠡᠮ᠎ᠡ ᠳᠠᠯ᠎ᠠ ᠳᠤ》 ᠭᠡᠳᠡᠭ᠍ᠴᠢᠯᠡᠨ ᠳᠡᠭᠦᠨ ᠳᠡᠭᠡᠨ ᠪᠣᠯ ᠡᠨᠡ ᠨᠢ ᠨᠢᠭᠡ ᠶᠤᠰᠤᠨ ᠤ ᠵᠢᠷᠭᠠᠯ ᠪᠠᠢ᠌ᠵᠠᠢ᠃ ᠨᠠᠩ ᠢᠯᠠᠩᠭ᠋ᠤᠶ᠎ᠠ ᠳᠦᠴᠢᠭᠡᠳ ᠨᠠᠰᠤᠨ ᠤ ᠦᠶ᠎ᠡ ᠳ᠋ᠤᠨᠢ ᠬᠠᠢ᠌ᠷᠠᠳᠤ ᠪᠦᠰᠡᠭᠦᠢ ᠨᠢ ᠬᠤᠶᠠᠷ ᠭᠦᠤ ᠨᠢᠭᠡ ᠦᠬᠢᠨ ᠭᠤᠷᠪᠠᠨ ᠬᠡᠦᠬᠡᠳ ᠶᠢᠡᠨ ᠳᠡᠭᠦᠨ ᠳᠤ ᠬᠠᠶᠠᠭᠠᠤᠨ ᠡᠨᠡᠷᠢᠯ ᠦᠭᠡᠶ ᠬᠤᠷᠸ᠎ᠠ ᠶᠢᠨ ᠬᠠᠳᠠᠭᠤᠬᠠᠨ ᠵᠢᠮ᠎ᠠ ᠪᠠᠷ ᠡᠭᠦᠷᠢᠳᠡ ᠨᠢᠳᠤ ᠠᠨᠢᠭᠰᠠᠨ ᠡᠴᠡ ᠰᠡᠭᠦᠯᠡᠷ ᠳᠡᠭᠦᠨ ᠤ ᠰᠤᠩᠭ᠋ᠤᠭᠰᠠᠨ ᠭᠡᠭᠡᠷ᠎ᠡ ᠳᠤᠭᠤᠷᠢᠨ ᠰᠠᠨᠠᠭ᠎ᠠ ᠪᠠᠨ ᠬᠠᠭᠤᠷᠴᠤ᠂ ᠬᠤᠩᠭ᠋ᠤᠷ ᠶᠢᠡᠨ ᠠᠯᠳᠠᠭᠰᠠᠨ ᠡᠨᠦᠯᠦᠯ ᠡᠴᠡ ᠡᠮᠵᠡᠭ᠍ᠭᠡᠨ ᠰᠡᠳᠭᠢᠯ ᠶᠢᠡᠨ ᠰᠡᠷᠭᠦᠭᠡᠶ᠎ᠡ ᠭᠡᠵᠤ ᠬᠤᠨᠢ ᠳᠠᠭᠠᠭᠠᠴᠢᠯᠠᠨ ᠬᠠᠷᠢᠭᠤᠯᠤᠭᠰᠠᠨ ᠨᠢ ᠣᠷᠭ᠎ᠠ ᠪᠠᠨ ᠬᠤᠷᠢᠶᠠᠵᠤ ᠠᠳᠤᠭᠤ ᠡᠴᠡ ᠪᠠᠨ ᠰᠠᠯᠤᠭᠰᠠᠨ ᠤ ᠳᠠᠷᠠᠭᠠᠭᠢ ᠰᠤᠩᠭ᠋ᠤᠯᠳᠠ ᠶᠢᠨ ᠭᠤᠤᠯ ᠰᠢᠯᠳᠠᠭᠠᠨ ᠨᠢ ᠪᠣᠯᠤᠨ᠎ᠠ᠃ ᠊ᠭ᠍‍ᠬᠢᠷ ᠦᠭᠡᠶ ᠨᠠᠷᠠᠨ ᠤ ᠭᠡᠷᠡᠯ ᠳᠤᠤᠷ᠎ᠠ ᠪᠣᠳᠤᠯ ᠤᠨ ᠪᠣᠮᠠᠨ ᠭᠤᠭᠴᠤᠭ᠎ᠠ ᠶᠢ ᠬᠤᠩᠭ᠋ᠤᠷ ᠰᠠᠯᠭᠢ ᠪᠠᠷ ᠰᠡᠮᠡᠷᠡᠭᠦᠯᠵᠤ ᠪᠣᠴᠠᠬᠤ ᠭᠠᠯᠠᠭᠤᠳ ᠤᠨ ᠳᠠᠭᠤᠨ ᠳ᠋ᠤᠨᠢ ᠪᠦᠰᠡᠭᠦᠢ ᠪᠠᠨ ᠰᠠᠨᠠᠵᠤ ᠣᠶᠠᠷᠠᠭᠰᠠᠭᠠᠷ ᠡᠳᠦᠷ ᠢ ᠡᠯᠡᠭᠡᠵᠤ᠂ ᠮᠠᠯ ᠰᠦᠷᠦᠭ᠌ ᠶᠢᠡᠷ ᠶᠢᠡᠨ ᠬᠠᠨᠢ ᠭᠢᠵᠤ ᠶᠠᠪᠣᠬᠤ ᠳᠠᠭᠠᠨ ᠳᠠᠷᠠ ᠡᠭᠡ ᠶᠢᠨ ᠬᠠᠢ᠌ᠷ᠎ᠠ᠂ ᠡᠴᠢᠭᠡ ᠶᠢᠨ ᠰᠤᠷᠭᠠᠯ ᠭᠡᠭᠦ ᠬᠤᠤᠰ ᠭᠦᠡᠳᠤ ᠡᠭᠦᠷᠭᠡ ᠶᠢ ᠡᠭᠦᠷᠭᠡᠯᠡᠵᠤ ᠮᠠᠯ ᠰᠦᠷᠦᠭ᠌ ᠶᠢᠡᠨ ᠦᠨᠢᠷ ᠥᠰᠭᠡᠵᠤ ᠣᠷᠤᠯᠭ᠎ᠠ ᠪᠠᠨ ᠨᠡᠮᠡᠭ᠍ᠳᠡᠭᠦᠯᠤᠨ ᠭᠤᠷᠪᠠᠨ ᠬᠡᠦᠬᠡᠳ ᠶᠢᠡᠨ ᠦᠨᠦᠴᠢᠨ ᠪᠣᠯᠪᠠᠴᠤ ᠭᠦᠮᠤᠨ ᠤ ᠳᠤᠤᠷ᠎ᠠ ᠶᠠᠪᠣᠭᠤᠯᠬᠤ ᠦᠭᠡᠶ ᠭᠡᠵᠤ ᠰᠢᠳᠤ ᠵᠠᠭᠤᠨ ᠠᠮᠢᠳᠤᠷᠠᠭᠰᠠᠨ ᠡᠴᠡ ᠶᠡᠭᠡ ᠭᠦᠤ ᠪᠣᠯᠤᠨ ᠪᠠᠭ᠎ᠠ ᠦᠬᠢᠨ ᠨᠢ ᠪᠦᠷ ᠶᠡᠭᠡ ᠰᠤᠷᠭᠠᠭᠤᠯᠢ ᠳᠡᠭᠦᠰᠦᠭᠡᠳ ᠬᠦᠬᠡᠬᠤᠲᠠ ᠳᠤ ᠠᠵᠢᠯ ᠤᠨ ᠪᠠᠢ᠌ᠷᠢ ᠣᠯᠵᠤ᠂ ᠪᠠᠭ᠎ᠠ ᠭᠦᠤ ᠨᠢ ᠬᠤᠶᠠᠷ ᠵᠢᠯ ᠶᠡᠭᠡ ᠰᠤᠷᠭᠠᠭᠤᠯᠢ ᠳᠤ ᠰᠢᠯᠭᠠᠭᠠᠤᠨ ᠣᠷᠤᠭᠰᠠᠨ ᠦᠭᠡᠶ ᠪᠣᠯᠪᠠᠴᠤ ᠭᠠᠴᠠᠭ᠎ᠠ ᠳᠤᠰᠬᠤᠨ ᠳᠠᠭᠠᠨ ᠨᠢᠭᠳᠠᠯᠠᠨ ᠪᠣᠳᠤᠭᠴᠢ ᠶᠢᠨ ᠠᠵᠢᠯ ᠠᠯᠪᠠ ᠬᠠᠭᠠᠵᠤ ᠶᠠᠪᠣᠬᠤ ᠳᠤ ᠡᠪᠦᠭᠡᠨ᠂ ᠪᠠᠭ᠎ᠠ ᠭᠦᠤ ᠪᠠᠨ ᠶᠡᠭᠡ ᠰᠤᠷᠭᠠᠭᠤᠯᠢ ᠳᠤ ᠶᠠᠪᠣᠭᠤᠯᠵᠤ ᠴᠢᠳᠠᠭᠰᠠᠨ ᠦᠭᠡᠶ ᠨᠢᠭᠡ ᠳᠠᠯ᠎ᠠ ᠪᠠᠷ ᠵᠤᠪᠠᠨ᠎ᠠ᠂ ᠭᠡᠪᠠᠴᠤ ᠨᠥᠭᠦᠭᠡ ᠳᠠᠯ᠎ᠠ ᠪᠠᠷ ᠪᠠᠰᠠ 《ᠨᠢᠭᠡ ᠨᠢ ᠴᠤ ᠭᠡᠰᠡᠨ ᠦᠯᠠᠳᠠᠵᠤ ᠨᠤᠳᠤᠭ ᠶᠢᠡᠨ ᠰᠠᠭᠢᠵᠤ ᠨᠤᠭᠤᠯᠤᠤᠷ ᠶᠢᠡᠨ ᠢᠳᠠᠵᠤ ᠳᠡᠭᠡᠳᠦᠰ ᠤᠨ ᠪᠣᠶᠠᠨ ᠭᠠᠵᠠᠷ ᠨᠤᠳᠤᠭ ᠶᠢᠡᠨ ᠡᠵᠡᠯᠡᠵᠤ ᠰᠠᠭᠤᠬᠤ ᠭᠦᠮᠤᠨ ᠲᠡᠶ ᠪᠣᠯᠤᠯ᠎ᠠ》 ᠭᠡᠵᠤ ᠪᠠᠷᠳᠠᠮ ᠪᠣᠳᠤᠵᠤ ᠶᠠᠪᠣᠳᠠᠭ ᠶᠤᠮ᠃ ᠭᠦᠤ ᠨᠢ ᠣᠯᠠᠨ ᠤ ᠳᠤᠮᠳᠠ ᠢᠳᠡᠭᠡᠯ ᠭᠦᠡᠳᠤ ᠲᠡᠶ ᠶᠠᠪᠣᠵᠤ ᠭᠡᠳᠤᠨ ᠵᠢᠯ ᠤᠨ ᠡᠮᠦᠨ᠎ᠡ ᠨᠢᠭᠳᠠᠯᠠᠨ ᠪᠣᠳᠤᠭᠴᠢ ᠪᠠᠢ᠌ᠭᠰᠠᠨ ᠡᠴᠡ ᠪᠠᠨ ᠭᠠᠴᠠᠭᠠᠨ ᠳᠠᠷᠤᠭ᠎ᠠ ᠰᠠᠭᠤᠵᠤ ᠭᠢᠯᠠᠷᠠᠭᠤᠯᠵᠤ ᠶᠠᠪᠣᠬᠤ ᠶᠢ ᠨᠢ ᠬᠠᠷᠠᠭᠰᠠᠨ ᠡᠪᠦᠭᠡᠨ ᠮᠠᠩᠨᠠᠢ ᠳᠠᠨᠠᠢ᠌ᠨ ᠪᠠᠶᠠᠷᠯᠠᠵᠤ ᠦᠷᠯᠦᠭᠡ ᠦᠳᠡᠰᠢ ᠲᠡᠶ ᠳᠠᠮᠠᠴᠠᠨ ᠦᠷᠡᠵᠢᠭᠦᠯᠤᠨ ᠥᠰᠭᠡᠭ᠍ᠰᠡᠨ ᠮᠠᠯ ᠰᠦᠷᠦᠭ᠌ ᠡᠴᠡ ᠪᠠᠨ ᠬᠤᠳᠠᠯᠳᠤᠬᠤ ᠶᠢ ᠨᠢ ᠬᠤᠳᠠᠯᠳᠤᠵᠤ ᠪᠠᠢ᠌ᠭᠠᠤᠨ ᠪᠠᠭ᠎ᠠ ᠭᠦᠤ ᠳᠡᠭᠡᠨ ᠵᠢᠷᠤᠭ ᠰᠢᠭ ᠰᠠᠢ᠌ᠬᠠᠨ ᠪᠠᠷᠢ ᠪᠠᠭᠤᠯᠭᠠᠨ ᠥᠭ᠍ᠴᠤ᠂ ᠭᠦᠳᠡᠭᠡ ᠶᠢᠨ ᠠᠮᠢᠳᠤᠷᠠᠯᠭ᠎ᠠ ᠳᠤ ᠠᠪᠴᠤ ᠭᠡᠯᠡᠪᠠᠯ ᠳᠠᠢ᠌ᠮᠤ ᠣᠯᠠᠨ ᠡᠴᠡ ᠣᠷᠣᠢ᠌ᠯᠠᠮ᠎ᠠ ᠵᠤᠵᠠᠭᠠᠨ ᠭᠦᠷᠦᠩᠭᠡ ᠲᠡᠶ ᠠᠢ᠌ᠯ ᠪᠣᠯᠭᠠᠵᠤ ᠳᠡᠢ᠌ᠯᠦᠭ᠍ᠰᠡᠨ ᠦᠭᠡᠶ ᠴᠤ ᠳᠠᠩᠴᠢ ᠡᠷᠳᠡ ᠳᠠᠯᠠᠢ᠌ᠭᠴᠢ ᠪᠣᠯᠤᠭᠰᠠᠨ ᠭᠦᠭ᠍ᠰᠢᠨ ᠳᠡᠭᠡᠨ ᠣᠰᠤᠯᠳᠤᠮᠠᠷ ᠦᠭᠡᠶ ᠳᠤᠮᠳᠠ ᠵᠡᠷᠭᠡ ᠶᠢᠨ ᠭᠦᠷᠦᠩᠭᠡ ᠲᠡᠶ᠂ ᠸᠠᠭᠠᠷ ᠳᠤᠭᠤᠰᠬ᠎ᠠ ᠪᠠᠷ ᠴᠡᠮᠴᠡᠭᠡᠷ ᠰᠠᠢ᠌ᠬᠠᠨ ᠳᠦᠷᠪᠠᠨ ᠳᠠᠰᠤᠯᠭ᠎ᠠ ᠭᠡᠷ ᠪᠠᠷᠢᠵᠤ᠂ ᠶᠡᠭᠡ ᠪᠠᠭ᠎ᠠ ᠮᠤᠲ᠋ᠤᠷ ᠭᠤᠷᠪᠠᠨ ᠭᠦᠷᠳᠦᠳᠤ᠂ ᠴᠠᠭᠢᠯᠭᠠᠨ ᠭᠡᠷᠡᠭ᠍ᠰᠡᠯ ᠤᠨ ᠶᠠᠭᠤᠮ᠎ᠠ ᠶᠢ ᠪᠦᠷᠢᠨ ᠪᠡᠯᠡᠳᠭᠡᠵᠤ ᠦᠭ‍ᠭᠦᠭᠡᠳ ᠡᠪᠦᠭᠡᠨ ᠤ ᠡᠭᠦᠷᠭᠡ ᠳᠠᠷᠤᠭᠠᠰᠤ ᠨᠢ ᠨᠢᠭᠡ ᠯᠠ ᠭᠦᠩᠭᠡᠷᠡᠭ᠍ᠰᠡᠨ ᠰᠢᠭ᠌ ᠪᠣᠯᠵᠤ 《ᠵᠠ᠂ ᠬᠡᠦᠬᠡᠳ ᠠᠢ᠌ᠯ ᠡᠷᠦᠭᠡ ᠪᠣᠯᠤᠭᠰᠠᠨ ᠬᠣᠢ᠌ᠨ᠎ᠠ ᠠᠮᠢᠳᠤᠷᠠᠯᠭ᠎ᠠ ᠪᠠᠨ ᠶᠠᠭᠠᠭᠢᠵᠤ ᠠᠪᠴᠤ ᠶᠠᠪᠣᠬᠤ ᠶᠢ ᠦᠪᠡᠷ ᠶᠢᠡᠨ ᠮᠡᠳᠡᠭ᠌ ᠡ᠂ ᠡᠪᠦᠭᠡᠨ ᠪᠢ ᠳᠠᠷ ᠲᠡᠶ ᠳᠡᠭᠡᠷ᠎ᠡ ᠪᠠᠨ ᠳᠠᠯ᠎ᠠ ᠪᠠᠨ ᠳᠤᠭᠤᠷᠢᠵᠤ ᠰᠡᠳᠭᠢᠯ ᠠᠮᠤᠷ ᠠᠮᠢᠳᠤᠷᠠᠶ᠎ᠠ ︕》 ᠭᠡᠳ ᠮᠠᠯ ᠰᠦᠷᠦᠭ᠌ ᠶᠢᠡᠨ ᠠᠪᠴᠤ ᠣᠳᠤᠷ ᠶᠢᠡᠷ ᠭᠠᠷᠴᠤ ᠰᠠᠭᠤᠭᠠᠤᠨ ᠨᠠᠯᠢᠶᠠᠤᠨ ᠭᠡᠳᠤᠨ ᠵᠢᠯ ᠪᠣᠯᠤᠭᠰᠠᠨ ᠶᠤᠮ᠃

《ᠴᠠᠭ ᠴᠠᠭ ᠶᠢᠡᠷ ᠶᠢᠡᠨ ᠪᠠᠢ᠌ᠳᠠᠭ ᠦᠭᠡᠶ᠂ ᠴᠠᠭᠢᠯᠳᠠᠭ ᠭᠦᠭᠡ ᠪᠠᠷ ᠶᠢᠡᠨ ᠪᠠᠢ᠌ᠳᠠᠭ ᠦᠭᠡᠶ》 ᠭᠡᠳᠡᠭ᠌ ᠶᠢᠡᠷ ᠣᠷᠴᠢᠮ ᠤᠨ ᠭᠡᠳᠤᠨ ᠵᠢᠯ ᠡᠴᠡ ᠡᠳᠦᠷ ᠲᠡᠭᠡᠨ ᠭᠡᠭᠡᠷ᠎ᠡ ᠭᠠᠳᠠᠨ᠎ᠠ ᠶᠠᠪᠣᠭᠠᠤᠨ ᠥᠭᠡᠷ ᠮᠠᠯ᠂ ᠬᠤᠨᠢᠨ ᠰᠦᠷᠦᠭ᠌ ᠡᠴᠡ ᠣᠠᠳᠤᠤ ᠥᠨᠡᠭᠡ᠂ ᠳᠠᠤᠯᠠᠢ᠂ ᠦᠯᠦᠨ ᠴᠢᠨ᠋ᠸ᠎ᠠ ᠡᠴᠡ ᠥᠭᠡᠷ᠎ᠡ ᠶᠠᠭᠤᠮ᠎ᠠ ᠣᠯᠵᠤ ᠥᠵᠡᠳᠡᠭ᠌ ᠦᠭᠡᠶ ᠵᠢᠷᠠᠨᠳᠠᠢ ᠡᠪᠦᠭᠡᠨ ᠳᠤ ᠬᠠᠷᠢᠨ ᠡᠳᠦᠷ ᠤᠨ ᠮᠠᠷᠭᠠᠰᠢ ᠬᠠᠷ᠎ᠠ ᠴᠠᠭᠠᠨ ᠭᠤᠶᠤ ᠳᠡᠷᠭᠡ ᠨᠤᠭᠤᠳ ᠭᠤᠯᠭᠤᠭᠤᠯᠵᠤ ᠢᠷᠡᠭᠡᠳ ᠵᠤᠭᠰᠤᠪᠠᠯ ᠳᠡᠷᠭᠡᠨ ᠡᠴᠡ ᠰᠤᠨᠢᠨ ᠰᠤᠨᠢᠨ ᠭᠦᠮᠦᠰ ᠪᠠᠭᠤᠯᠴᠠᠵᠤ ᠡᠨᠡ ᠳᠠᠷᠠ ᠠᠭᠤᠯᠠ ᠪᠠᠷ ᠣᠯᠠᠭᠠᠨ ᠳᠤᠭ ᠳᠡᠮᠳᠡᠭ᠌ ᠬᠠᠳᠠᠵᠤ᠂ ᠡᠢ᠌ᠰᠢ ᠳᠠᠢ᠌ᠰᠢ ᠵᠢᠭᠠᠨ ᠳᠤᠭᠢᠬᠤ ᠪᠣᠯᠤᠭᠰᠠᠨ ᠰᠤᠨᠢᠬᠠᠨ ᠥᠵᠡᠭ᠍ᠳᠡᠯ ᠬᠠᠷᠠᠭᠳᠠᠬᠤ ᠪᠣᠯᠤᠭᠰᠠᠨ ᠪᠠ ᠬᠠᠶᠠ ᠵᠠᠷᠢᠮ ᠳᠠᠭᠠᠨ ᠡᠪᠦᠭᠡᠨ ᠢ ᠰᠢᠭᠤᠳ ᠴᠢᠭᠯᠡᠨ ᠢᠷᠠᠵᠤ ᠡᠨᠡ ᠳᠠᠷᠠ ᠶᠢ ᠠᠰᠠᠭᠤᠬᠤ ᠨᠢ ᠣᠯᠠᠳᠠᠭᠰᠠᠨ ᠶᠤᠮ᠃ ᠨᠢᠭᠡ ᠮᠡᠳᠡᠭᠦ ᠳᠤ ᠯᠠ ᠭᠠᠴᠠᠭᠠᠨ ᠳᠠᠷᠤᠭ᠎ᠠ ᠰᠠᠭᠤᠭᠰᠠᠨ ᠭᠦᠤ ᠨᠢ ᠮᠠᠨ ᠤ ᠪᠠᠯᠴᠢᠭᠡᠷ ᠲᠤ ᠴᠠᠢ᠌ᠷ ᠤᠨ ᠠᠭᠤᠷᠬᠠᠢ ᠭᠠᠷᠬᠤ ᠭᠡᠵᠤ ᠪᠠᠢ᠌ᠨ᠎ᠠ ᠭᠡᠳ ᠣᠪᠣᠭ᠎ᠠ ᠵᠤᠭᠤᠰ ᠠᠪᠣᠭᠠᠤᠨ ᠢᠷᠠᠯ᠎ᠠ᠃ ᠳᠡᠭᠡᠭᠡᠳ ᠡᠪᠦᠭᠡᠨ ᠢ ᠬᠤᠨᠢ ᠬᠠᠷᠢᠭᠤᠯᠬᠤ ᠠᠯᠪᠠ ᠡᠴᠡ ᠨᠢ ᠵᠤᠭᠰᠤᠭᠠᠵᠤ᠂ ᠨᠢᠭᠡ ᠨᠠᠰᠤ ᠪᠠᠷ ᠶᠢᠡᠨ ᠣᠢ᠌ᠯᠠ ᠪᠠᠨ ᠥᠵᠡᠭ᠍ᠰᠡᠨ ᠠᠪᠣ ᠪᠠᠨ ᠵᠢᠷᠭᠠᠭᠤᠯᠬᠤ ᠶᠤᠮ ᠭᠡᠳ ᠭᠦᠢ ᠪᠠᠢ᠌ᠵᠠ ᠶᠢ ᠭᠦᠯᠢᠶᠡᠯ ᠦᠭᠡᠶ ᠬᠤᠳᠠ ᠳᠤ ᠣᠷᠤᠵᠤ ᠠᠰᠠᠷ ᠭᠡᠷ ᠲᠤ ᠨᠡᠭᠦᠵᠤ ᠢᠷᠡᠭᠡᠳ ᠬᠠᠭᠠᠰ ᠵᠢᠯ ᠤᠨ ᠨᠢᠭᠤᠷ ᠢ ᠦᠵᠡᠵᠤ ᠪᠠᠢ᠌ᠨ᠎ᠠ᠃ ᠳᠤᠬᠠᠢ ᠶᠢᠨ ᠦᠶ᠎ᠡ ᠳᠤ ᠡᠪᠦᠭᠡᠨ᠄

᠊᠊᠊᠊᠊᠊᠊᠊᠊᠊᠊᠊᠊᠊᠊ ᠪᠢ ᠨᠢᠭᠡ ᠨᠠᠰᠤ ᠪᠠᠷ ᠶᠢᠡᠨ ᠭᠡᠭᠡᠷ᠎ᠡ ᠭᠦᠳᠡᠭᠡ ᠳᠤᠭᠤᠷᠢᠵᠤ ᠳᠠᠳᠤᠭᠰᠠᠨ ᠭᠦᠮᠤᠨ᠂ ᠳᠠᠷᠠ ᠬᠤᠳᠠ ᠮᠤᠳᠠ ᠳᠤ ᠴᠢᠨᠢ ᠣᠴᠢᠭᠠᠤᠨ ᠶᠠᠭᠤ ᠭᠢᠭᠦ ᠪᠣᠢ᠂ ᠪᠢᠳᠡᠭᠦᠷᠡᠵᠤ ᠥᠭᠦᠨ᠎ᠡ᠂ ᠪᠢ ᠨᠤᠳᠤᠭ ᠶᠢᠡᠨ ᠰᠠᠭᠢᠭᠠᠤᠨ ᠬᠤᠴᠤᠷᠠᠶ᠎ᠠ ᠁ ᠭᠡᠰᠡᠨ ᠳᠤ ᠭᠦᠤ ᠨᠢ ᠠᠪᠣ ᠪᠠᠨ ᠶ‍ᠢᠰᠤᠨ ᠬᠤᠶᠠᠷ ᠶᠢᠡᠷ ᠠᠷᠭᠠᠳᠠᠵᠤ᠂ ᠭᠡᠷ ᠳᠡᠷᠭᠡ᠂ ᠭᠦᠷᠢᠶ᠎ᠡ ᠬᠠᠰᠢᠶ᠎ᠠ ᠪᠠᠨ ᠪᠠᠰᠠ ᠠᠭᠤᠷᠬᠠᠢ ᠶᠢᠨ ᠠᠵᠢᠯᠯᠠᠬᠤ ᠰᠠᠭᠤᠷᠢᠨ ᠭᠠᠵᠠᠷ ᠶᠢᠡᠷ ᠳᠦᠷᠢᠶᠠᠰᠤᠯᠠᠵᠤ ᠦᠭ‍ᠭᠦᠭᠡᠳ ᠡᠪᠦᠭᠡᠨ ᠢ ᠠᠯᠪᠠ ᠪᠠᠷ ᠬᠤᠳᠠ ᠳᠤ ᠠᠪᠴᠢᠷᠠᠭᠰᠠᠨ ᠶᠤᠮ᠃

ᠵᠢᠷᠠᠨᠳᠠᠢ ᠡᠪᠦᠭᠡᠨ ᠭᠦᠮᠦᠷᠭᠡᠨ ᠭᠡᠷ ᠤᠨ ᠡᠭᠦᠳᠡ ᠪᠠᠨ ᠨᠡᠭᠡᠭᠡᠵᠤ ᠣᠷᠤᠭᠠᠤᠨ ᠭᠡᠳᠤᠨ ᠴᠠᠭᠠᠰᠤᠨ ᠬᠠᠢ᠌ᠷᠴᠠᠭ ᠳᠡᠭᠡᠷ᠎ᠡ ᠡᠴᠡ ᠠᠮᠠᠰᠠᠷ ᠨᠢ ᠣᠶᠠᠭᠠᠳᠠᠢ ᠰᠢᠷ᠎ᠠ ᠮᠠᠳᠠᠢ ᠶᠢ ᠠᠪᠴᠤ ᠪᠠᠭᠤᠯᠭᠠᠨ ᠣᠶᠠᠭ᠎ᠠ ᠶᠢ ᠨᠢ ᠠᠯᠳᠠᠷᠠᠭᠠᠬᠤ ᠭᠡᠵᠤ ᠪᠠᠢ᠌ᠳᠠᠯ᠎ᠠ ᠭᠠᠳᠠᠨ᠎ᠠ ᠡᠭᠦᠳᠡ ᠨᠡᠭᠡᠭᠡᠭ᠍ᠳᠡᠵᠤ 《ᠳᠤᠱ ᠳᠤᠱ》 ᠭᠡᠰᠡᠨ ᠦᠨᠳᠦᠷ ᠥᠰᠦᠭᠡᠢ ᠲᠡᠶ ᠭᠤᠳᠤᠯ ᠤᠨ ᠳᠠᠭᠤᠨ ᠰᠤᠨᠤᠰᠳᠠᠭᠰᠠᠨ ᠶᠢᠡᠨ᠄

᠊᠊᠊᠊᠊᠊᠊᠊᠊᠊᠊᠊᠊᠊᠊ ᠠᠪᠣ ᠡ᠂ ᠳᠠ ᠶᠠᠭᠤ ᠭᠢᠵᠤ ᠪᠠᠢ᠌ᠬᠤ ᠪᠣᠢ︖ ᠭᠡᠵᠤ ᠪᠠᠭ᠎ᠠ ᠭᠦᠤ ᠪᠠᠷᠢ ᠨᠢ ᠭᠠᠳᠠᠨ᠎ᠠ ᠡᠴᠡ ᠣᠷᠤᠵᠤ ᠢᠷᠡᠭᠦ ᠳᠡᠭᠡᠨ ᠭᠦᠮᠦᠷᠭᠡᠨ ᠭᠡᠷ ᠤᠨ ᠡᠭᠦᠳᠡ ᠨᠢ ᠨᠡᠭᠡᠭᠡᠭ᠍ᠳᠡᠵᠤ ᠪᠠᠢ᠌ᠬᠤ ᠶᠢ ᠥᠵᠡᠭᠡᠳ ᠢᠷᠠᠵᠤ ᠠᠰᠠᠭᠤᠨ᠎ᠠ᠃

᠊᠊᠊᠊᠊᠊᠊᠊᠊᠊᠊᠊᠊᠊᠊ ᠡᠨ᠂ ᠭᠡᠦᠭᠡ ᠡ᠂ ᠪᠢᠳᠠ ᠨᠠᠰᠢ ᠨᠡᠭᠦᠵᠤ ᠢᠷᠡᠭᠦ ᠡᠳᠦᠷ ᠪᠢ ᠬᠤᠵᠢᠮ ᠬᠤᠳᠠ ᠳᠤ ᠣᠷᠤᠭᠠᠤᠨ ᠢᠷᠡᠴᠢᠭᠡᠪᠠᠯ ᠭᠠᠯ ᠳᠠᠭᠢᠬᠤ ᠦᠶ᠎ᠡ ᠳᠤ ᠬᠠᠭᠤᠷᠠᠢ ᠴᠦᠪᠣᠳᠠᠯ ᠣᠯᠳᠠᠬᠤ ᠦᠭᠡᠶ ᠡᠴᠡ ᠠᠶᠤᠭᠠᠤᠨ ᠬᠠᠢ᠌ᠯᠠᠰᠤᠨ ᠮᠤᠳᠤᠨ ᠤ ᠬᠠᠭᠤᠷᠠᠢ ᠴᠦᠪᠣᠳᠠᠯ ᠢ ᠨᠢᠭᠡ ᠠᠳᠬᠤ ᠳᠡᠭᠦᠵᠤ ᠠᠪᠴᠢᠷᠠᠭᠰᠠᠨ ᠶᠤᠮ᠃ ᠦᠨᠦᠳᠤᠷ ᠭᠠᠯ ᠶᠢᠡᠨ ᠳᠠᠭᠢᠬᠤ ᠳᠤ ᠭᠡᠷᠡᠭᠯᠡᠭᠦ ᠦᠭᠡᠶ ᠦᠦ ᠳ᠋ᠠ ︕

᠊᠊᠊᠊᠊᠊᠊᠊᠊᠊᠊᠊᠊᠊᠊ ᠠᠢ ᠳ᠋ᠠ᠂ ᠠᠪᠣ ᠡ᠂ ᠪᠢᠳᠠ ᠴᠢᠨᠢ ᠣᠳᠤ ᠭᠦᠳᠡᠭᠡ ᠶᠢᠨ ᠭᠡᠷ ᠲᠡᠭᠡᠨ ᠦᠭᠡᠶ ᠰᠢᠤ᠂ ᠡ᠊ᠨᠳᠡ ᠴᠢᠨᠢ ᠳᠤᠯᠭ᠎ᠠ ᠴᠤ ᠦᠭᠡᠶ᠂ ᠵᠤᠤᠬ᠎ᠠ ᠴᠤ ᠦᠭᠡᠶ ᠭᠠᠵᠠᠷ ᠳᠠ ᠬᠠᠮᠢᠭ᠎ᠠ ᠪᠠᠨ ᠴᠦᠪᠣᠳᠠᠯ ᠨᠤᠴᠤᠭᠠᠵᠤ ᠭᠠᠯ ᠳᠠᠭᠢᠨ᠎ᠠ ᠳ᠋ᠠ ︖

᠊᠊᠊᠊᠊᠊᠊᠊᠊᠊᠊᠊᠊᠊᠊ ᠁

᠊᠊᠊᠊᠊᠊᠊᠊᠊᠊᠊᠊᠊᠊᠊ ᠠᠰᠠᠷ ᠳᠡᠭᠡᠷ᠎ᠡ᠂ ᠠᠪᠣ ᠭᠦᠤ ᠳᠠ ᠬᠤᠶᠠᠭᠤᠯᠠ ᠶᠢ ᠳᠠᠮᠠᠭᠢ ᠪᠠᠰᠠ ᠳᠠᠳᠠᠭᠤᠯᠬᠤ ᠦᠭᠡᠶ ᠪᠠᠢ᠌ᠳᠠᠯ᠎ᠠ ᠁

᠊᠊᠊᠊᠊᠊᠊᠊᠊᠊᠊᠊᠊᠊᠊ ᠦᠭᠡᠶ᠂ ᠳᠡᠭᠡᠭᠡᠳ ᠭᠠᠯ ᠶᠢᠡᠨ ᠁

᠊᠊᠊᠊᠊᠊᠊᠊᠊᠊᠊᠊᠊᠊᠊ ᠪᠠᠢ᠌ᠴᠢᠬ᠎ᠠ ︕ ᠠᠪᠣ ᠳᠠᠩᠳᠠ ᠭᠡᠷᠡᠭ᠌ ᠦᠭᠡᠶ ᠶᠠᠭᠤᠮ᠎ᠠ ᠶᠢ ᠰᠡᠳᠦᠭᠦ ᠶᠤᠮ᠃

ᠭᠦᠤ ᠪᠠᠷᠢ ᠨᠢ ᠶᠡᠭᠡ ᠠᠭᠤᠷ ᠲᠡᠶ ᠭᠠᠷᠴᠤ ᠶᠠᠪᠣᠬᠤ ᠭᠡᠳ ᠬᠠᠳᠠᠪᠴᠢ ᠠᠯᠬᠤᠳᠠᠯ᠎ᠠ ᠭᠠᠷ ᠣᠳᠠᠰᠤ ᠨᠢ ᠳᠤᠤᠭᠠᠷᠪᠠ᠃

᠊᠊᠊᠊᠊᠊᠊᠊᠊᠊᠊᠊᠊᠊ ᠠᠢ᠂ ᠪᠢ ᠪᠠᠢ᠌ᠨ᠎ᠠ᠂ ᠳᠠ ᠬᠠᠮᠢᠭ᠎ᠠ ᠪᠠᠢ᠌ᠬᠤ ᠪᠣᠢ ︖

᠊᠊᠊᠊᠊᠊᠊᠊᠊᠊᠊᠊᠊᠊᠊ ᠪᠢ ᠰᠠ‍‌ᠶ‍ᠢᠬᠠᠨ ᠭᠡᠷ ᠲᠡᠭᠡᠨ ᠣᠷᠤᠵᠤ ᠢᠷᠠᠯ᠎ᠠ ︕

᠊᠊᠊᠊᠊᠊᠊᠊᠊᠊᠊᠊᠊᠊᠊ ᠪᠢ ᠭᠠᠳᠠᠨ᠎ᠠ ᠰᠤᠮᠤᠨ ᠤ ᠭᠢ ᠤᠳ ᠲᠡᠶ ᠮᠠᠵᠢᠶᠠᠩ ᠨᠠᠭᠠᠳᠴᠤ ᠪᠠᠢ᠌ᠨ᠎ᠠ᠃ ᠦᠳᠡ ᠶᠢᠨ ᠪᠣᠳᠠᠭ᠎ᠠ ᠶᠢ ᠳᠠᠳᠠᠨ ᠲᠡᠶ ᠬᠠᠮᠳᠤ ᠢᠳᠠᠶ᠎ᠠ᠂ ᠴᠢ ᠠᠪᠣ ᠳᠤ ᠨᠢᠭᠡ ᠢᠳᠡᠭᠦ ᠶᠠᠭᠤᠮ᠎ᠠ ᠪᠡᠯᠡᠳᠭᠡᠵᠤ ᠦᠭ‍ᠭᠦᠭᠡᠳ ᠭᠠᠷᠤᠭᠠᠤᠨ ᠢᠷ᠎ᠠ ︕

᠊᠊᠊᠊᠊᠊᠊᠊᠊᠊᠊᠊᠊᠊᠊ ᠠᠢ᠂ ᠪᠣᠯᠤᠨ᠎ᠠ᠂ ᠮᠦᠳᠳᠤ ᠭᠦᠷᠦᠯ᠎ᠡ᠃

ᠭᠦᠤ ᠪᠠᠷᠢ ᠨᠢ ᠰᠠᠨᠳᠤᠷᠠᠤ ᠶᠠᠭᠠᠷᠠᠤ ᠠᠰᠠᠷ ᠥᠭᠡᠳᠡ 《ᠳᠤᠱ ᠳᠤᠱ ᠳᠤᠱ》 ᠭᠦᠶ‍ᠦᠳᠡᠯ ᠶᠢᠡᠷ ᠶᠢᠡᠨ ᠭᠠᠷᠴᠤ ᠶᠠᠪᠣᠪᠠ᠃

ᠵᠢᠷᠠᠨᠳᠠᠢ ᠡᠪᠦᠭᠡᠨ ᠡᠨᠡᠭᠦ ᠰᠢᠷ᠎ᠠ ᠮᠠᠳᠠᠢ ᠶᠢ ᠬᠠᠷᠠᠭᠠᠤᠨ ᠭᠦᠯᠢᠷᠡᠨ᠎ᠡ᠃ ᠬᠤᠳᠠ ᠳᠤ ᠨᠡᠭᠦᠵᠤ ᠢᠷᠡᠭᠦ ᠦᠶᠡᠰ ᠬᠡᠦᠬᠡᠳ ᠨᠢ ᠡᠨᠡ ᠳᠠᠷᠠ ᠪᠠᠨ ᠭᠦᠮᠤᠨ ᠳᠤ ᠦᠭ‍ᠭᠦ ᠶᠢ ᠨᠢ ᠥᠭ᠍ᠴᠤ ᠬᠠᠶᠠᠬᠤ ᠶᠢ ᠨᠢ ᠬᠠᠶᠠᠨ᠎ᠠ ᠭᠡᠭᠦ ᠳᠤ ᠳᠠᠷᠠ ᠡᠪᠦᠭᠡᠨ ᠬᠡᠦᠬᠡᠳ ᠲᠡᠶ ᠪᠠᠨ ᠭᠡᠷᠡᠭᠦᠯ ᠭᠢᠵᠤ ᠄ 《ᠪᠢ ᠦᠪᠡᠷ ᠤᠨ ᠡᠳ᠋ᠯᠡᠵᠤ ᠭᠡᠷᠡᠭᠯᠡᠵᠤ ᠪᠠᠢ᠌ᠭᠰᠠᠨ ᠪᠠᠭ᠎ᠠ ᠰᠠᠭ᠎ᠠ ᠶᠠᠭᠤᠮ᠎ᠠ ᠪᠠᠨ ᠠᠪᠣᠭᠠᠤᠨ ᠶᠠᠪᠣᠶ᠎ᠠ᠃ ᠨᠠᠮᠢ᠋ᠢ ᠥᠭᠦᠭ᠍ᠰᠡᠨ ᠬᠣᠢ᠌ᠨ᠎ᠠ ᠳᠠ ᠬᠠᠶᠠᠪᠠᠴᠤ ᠵᠠᠪᠳᠤᠨ᠎ᠠ》 ᠭᠡᠵᠤ ᠮᠠᠭᠤ ᠰᠠᠢ᠌ᠨ ᠥᠭᠡ ᠭᠡᠯᠡᠵᠤ ᠪᠠᠢ᠌ᠭᠰᠠᠭᠠᠷ ᠨᠢᠭᠡ ᠰᠢᠷ᠎ᠠ ᠮᠠᠳᠠᠢ ᠣᠯᠵᠤ ᠠᠪᠣᠭᠠᠤᠨ ᠭᠦᠭ᠍ᠰᠢᠨ ᠤ ᠭᠢᠨᠢ ᠠᠮᠢᠳᠤ ᠰᠡᠷᠢᠭᠦᠨ ᠪᠠᠢ᠌ᠬᠤ ᠳᠠᠭᠠᠨ ᠦᠪᠡᠷ ᠤᠨ ᠭᠠᠷ ᠶᠢᠡᠷ ᠶᠢᠡᠨ ᠱᠤᠵᠤᠯᠠᠵᠤ ᠡᠯᠳᠡᠭᠡᠳ ᠶᠠᠭᠤᠮ᠎ᠠ ᠪᠣᠯᠭᠠᠵᠤ ᠳᠠᠳᠠᠵᠤ ᠦᠭ‍ᠭᠦᠭ᠍ᠰᠡᠨ ᠥᠵᠦᠭᠦᠷᠰᠤᠨ ᠵᠤᠪᠴᠠᠭ᠎ᠠ᠂ ᠰᠤᠷ᠂ ᠴᠢᠳᠤᠷ᠂ ᠨᠤᠭᠳᠤ᠂ ᠮᠥᠩᠭᠦᠨ ᠬᠠᠵᠠᠭᠠᠷ ᠵᠡᠷᠭᠡ ᠮᠤᠷᠢᠨ ᠤ ᠡᠳ᠋ᠯᠡᠯ ᠭᠡᠷᠡᠭ᠍ᠰᠡᠯ ᠶᠢᠡᠨ᠂ ᠳᠡᠭᠦᠵᠤ ᠢᠷᠡᠭ᠍ᠰᠡᠨ ᠬᠠᠭᠤᠷᠠᠢ ᠬᠠᠢ᠌ᠯᠠᠰᠤᠨ ᠴᠦᠪᠣᠳᠠᠯ ᠲᠡᠶ ᠬᠠᠮᠳᠤ ᠭᠢᠵᠤ ᠣᠶᠠᠭᠠᠤᠨ᠂ ᠡᠪᠦᠭᠡᠨ ᠭᠦᠭ᠍ᠰᠢᠨ ᠬᠤᠶᠠᠷ ᠤᠨ ᠵᠠᠰᠠᠯ ᠳᠤ ᠳᠠᠯᠪᠢᠵᠤ ᠪᠠᠢ᠌ᠭᠰᠠᠨ ᠯᠤᠤ ᠭᠠᠷᠤᠳᠢ ᠶᠢᠨ ᠵᠢᠷᠤᠭ ᠲᠡᠶ ᠵᠢᠵᠢᠭ᠌ ᠳᠠᠪᠰᠠᠭ ᠲᠡᠶ ᠪᠠᠨ ᠠᠪᠴᠤ ᠭᠠᠷᠴᠤ ᠢᠷᠡᠭ᠍ᠰᠡᠨ ᠶᠤᠮ᠃ ᠡᠪᠦᠭᠡᠨ ᠨᠢᠭᠡ ᠯᠠ ᠳᠠᠩ ᠤᠨ ᠰᠥᠭᠦᠮ ᠭᠢᠷᠢᠳᠠᠢ ᠬᠤᠭᠤᠯᠵᠤ ᠶᠠᠭ ᠰᠠᠢ᠌ᠬᠠᠨ ᠳᠤᠯᠭ᠎ᠠ ᠳᠤ ᠪᠠᠭᠳᠠᠬᠤ ᠶᠠᠩᠵᠤ ᠪᠠᠷ ᠪᠡᠯᠡᠳᠭᠡᠵᠤ ᠳᠠᠯᠪᠢᠭᠰᠠᠨ ᠬᠠᠭᠤᠷᠠᠢ ᠴᠦᠪᠣᠳᠠᠯ ᠶᠢᠡᠨ ᠮᠠᠳᠠᠢ ᠡᠴᠡ ᠭᠠᠷᠭᠠᠵᠤ ᠱᠣᠢ᠌ᠨᠢ ᠱᠠᠯ ᠳᠡᠭᠡᠷ᠎ᠡ ᠳᠠᠯᠪᠢᠭᠠᠤᠨ᠄ 《ᠵᠠ᠂ ᠣᠳᠤ ᠪᠢ ᠶᠠᠭᠠᠭᠢᠵᠤ ᠭᠠᠯ ᠶᠢᠠᠨ ᠳᠠᠭᠢᠨ᠎ᠠ ︖ ᠁》 ᠭᠡᠵᠤ ᠦᠯᠦ ᠮᠡᠳᠡᠭ᠌ ᠠᠮᠠᠨ ᠳᠠᠭᠠᠨ ᠲᠦᠳᠦᠨᠡᠨ᠎ᠠ᠃

ᠭᠦᠤ ᠪᠠᠷᠢ ᠨᠢ ᠠᠰᠠᠷ ᠳᠡᠭᠡᠷ᠎ᠡ ᠭᠠᠷᠴᠤ ᠣᠴᠢᠭᠠᠤᠨ ᠬᠠᠷ᠎ᠠ ᠣᠰᠤᠨ ᠳᠤᠳᠤᠷ᠎ᠠ ᠳᠤᠳᠤᠷᠭ᠎ᠠ ᠪᠣᠳᠠᠭ᠎ᠠ ᠠᠭᠰᠢᠭᠠᠵᠤ ᠳᠠᠪᠣᠰᠤ᠂ ᠰᠢᠷ᠎ᠠ ᠳᠤᠰᠤ᠂ ᠱᠠᠭᠠᠳᠠᠩ ᠭᠢᠵᠤ ᠨᠤᠬᠤᠯᠤᠭᠠᠤᠨ ᠠᠮᠤᠰᠤ ᠭᠢᠴᠢᠭᠡᠯ᠎ᠡ ᠭᠡᠵᠤ ᠨᠢᠭᠤᠷ ᠭᠠᠷ ᠶᠢᠡᠨ ᠣᠭᠢᠶᠠᠵᠤ ᠳᠤᠮᠤ ᠳᠤᠯᠢ ᠶᠢᠨ ᠡᠮᠦᠨ᠎ᠡ ᠵᠤᠭᠰᠤᠵᠤ ᠵᠠᠰᠠᠨ ᠴᠢᠮᠠᠵᠤ ᠪᠠᠷᠠᠭᠠᠤᠨ ᠠᠪᠣ ᠨᠢ ᠭᠠᠳᠠᠨ᠎ᠠ ᠡᠴᠡ ᠣᠷᠤᠵᠤ ᠢᠷᠡᠩᠭᠦᠳᠡ᠄

᠊᠊᠊᠊᠊᠊᠊᠊᠊᠊᠊᠊᠊᠊᠊ ᠠᠪᠣ ᠡ᠂ ᠪᠢ ᠠᠮᠤᠰᠤ ᠭᠢᠭᠡᠳ ᠳᠠᠯᠪᠢᠴᠢᠬᠠᠭᠰᠠᠨ ︕ ᠳᠠ ᠢᠳᠡᠴᠢᠭᠡᠭᠡᠳ ᠳᠸᠯᠸᠢᠰ ᠶᠢᠡᠨ ᠥᠵᠡᠭᠡᠳ ᠰᠠᠭᠤ ︕ ᠪᠢ ᠭᠦᠤ ᠲᠡᠶ ᠴᠢᠨᠢ ᠭᠠᠳᠠᠨ᠎ᠠ ᠪᠣᠳᠠᠭ᠎ᠠ ᠢᠳᠡᠭᠦ ᠪᠠᠷ ᠶᠠᠪᠣᠯ᠎ᠠ ᠭᠡᠵᠤ ᠭᠡᠯᠡᠭᠡᠳ ᠭᠠᠷᠴᠤ ᠶᠠᠪᠣᠪᠠ᠃

ᠡᠪᠦᠭᠡᠨ ᠰᠠᠶ‍ᠢ ᠶᠢᠨ ᠭᠦᠤ ᠪᠠᠷᠢ ᠶᠢᠨ ᠶᠢᠡᠨ ᠭᠡᠯᠡᠭ᠍ᠰᠡᠨ ᠥᠭᠡ ᠶᠢ ᠰᠤᠨᠤᠰᠬᠤ ᠲᠡᠶ ᠦᠭᠡᠶ ᠲᠡᠶ ᠬᠠᠷᠢᠭᠤ ᠥᠭᠡ ᠴᠤ ᠳᠤᠤᠭᠠᠷᠤᠭᠰᠠᠨ ᠦᠭᠡᠶ ᠱᠠᠹᠠ ᠳᠡᠭᠡᠷ᠎ᠡ ᠭᠡᠰᠡᠭ᠌ ᠵᠠᠭᠤᠷ᠎ᠠ ᠲᠦᠩᠰᠣᠢ᠌ᠨ ᠰᠠᠭᠤᠭᠰᠠᠨ ᠶᠢᠡᠨ ᠭᠦᠩᠭᠦᠢᠨ ᠰᠠᠭᠤᠭᠰᠠᠨ ᠭᠡᠷᠡᠯ ᠨᠢ ᠬᠠᠷᠢᠭᠰᠠᠨ ᠨᠢᠳᠤᠨ ᠡᠴᠡ ᠨᠢ ᠬᠠᠯᠠᠭᠤᠨ ᠨᠢᠯᠪᠣᠰᠤ 《ᠮᠠᠯᠠᠰ》 ᠭᠢᠨ ᠪᠠᠭᠤᠵᠤ ᠢᠷᠠᠪᠠ᠃ ᠡᠪᠦᠭᠡᠨ ᠡᠨᠡᠦᠭᠡᠨ ᠬᠤᠭᠤᠷᠤᠠᠳᠤ ᠳᠠᠯᠠᠢ᠌ᠭᠴᠢ ᠪᠣᠯᠤᠭᠰᠠᠨ ᠭᠦᠭ᠍ᠰᠢᠨ ᠶᠢᠡᠨ ᠰᠠᠨᠠᠪᠠ᠃ ᠬᠡᠦᠬᠡᠳ ᠨᠢ ᠪᠠᠭ᠎ᠠ ᠪᠠᠢ᠌ᠬᠤ ᠳᠤ ᠵᠢᠯ ᠪᠦᠷᠢ ᠯᠠ ᠰᠠᠷᠠᠢ᠌ᠨ ᠬᠤᠷᠢᠨ ᠭᠤᠷᠪᠠᠨ ᠭᠡᠭ᠍ᠰᠡᠭᠡᠷ ᠭᠦᠭ᠍ᠰᠢᠨ ᠨᠢ ᠭᠡᠷ ᠤᠨ ᠳᠤᠳᠤᠷᠠᠭᠢ ᠪᠠᠨ ᠭᠢᠯᠠᠢ᠌ᠳᠠᠯ᠎ᠠ ᠵᠥᠯᠭᠦᠵᠤ ᠠᠷᠴᠢᠭᠠᠤᠨ ᠦᠨᠡᠰᠤ ᠬᠤᠭ ᠶᠢᠡᠨ ᠭᠡᠭᠡᠵᠤ ᠰᠢᠪᠠᠷ ᠵᠤᠤᠬ᠎ᠠ ᠪᠠᠨ ᠠᠩ ᠴᠠᠪ ᠭᠠᠷᠤᠭᠰᠠᠨ ᠢ ᠨᠢ ᠰᠠᠢ᠌ᠬᠠᠨ ᠮᠢᠯᠢᠶᠠᠭᠠᠤᠨ ᠵᠠᠢ᠌ᠳᠠᠰᠤ ᠲᠡᠶ ᠮᠢᠬ᠎ᠠ ᠴᠢᠨᠠᠵᠤ ᠱᠦᠯᠦ ᠳ᠋ᠤᠨᠢ ᠠᠮᠤᠰᠤ ᠭᠢᠵᠤ ᠭᠠᠯ ᠶᠢᠡᠨ ᠳᠠᠭᠢᠬᠤ ᠪᠠᠷ ᠪᠡᠯᠡᠳᠭᠡᠨ᠎ᠡ᠃ ᠡᠪᠦᠭᠡᠨ ᠭᠤᠷᠪᠠᠨ ᠬᠡᠦᠬᠡᠳ ᠶᠢᠡᠨ ᠳᠠᠭᠠᠭᠤᠯᠵᠤ ᠬᠤᠷᠢᠶ᠎ᠠ ᠬᠠᠰᠢᠶ᠎ᠠ᠂ ᠫᠧᠩ ᠰᠠᠷᠠᠪᠴᠢ ᠪᠠᠨ ᠴᠠᠪᠠᠷᠯᠠᠨ ᠠᠷᠢᠯᠭᠠᠵᠤ᠂ ᠠᠭᠤᠯᠠᠨ ᠳᠤ ᠭᠠᠷᠴᠤ ᠬᠠᠢ᠌ᠯᠠᠰᠤᠨ ᠮᠤᠳᠤᠨ ᠤ ᠬᠠᠭᠤᠷᠠᠢ ᠴᠦᠪᠣᠳᠠᠯ ᠳᠡᠭᠦᠵᠤ ᠢᠷᠡᠭᠡᠳ ᠮᠤᠷᠢ ᠪᠠᠨ ᠡᠮᠡᠭᠡᠯᠡᠨ ᠬᠤᠷᠰᠢᠶᠠᠨ ᠳᠤ ᠣᠴᠢᠵᠤ ᠴᠢᠪᠠᠭ᠎ᠠ᠂ ᠳᠠᠪᠤᠨ ᠥᠩᠭᠡ ᠶᠢᠨ ᠪᠦᠰ ᠵᠡᠷᠭᠡ ᠭᠠᠯ ᠳᠠᠭᠢᠬᠤ ᠶᠠᠭᠤᠮ᠎ᠠ ᠪᠠᠨ ᠬᠤᠳᠠᠯᠳᠤᠨ ᠠᠪᠴᠢᠷᠠᠪᠠᠯ ᠳᠤᠯᠭ᠎ᠠ ᠳᠠᠭᠠᠨ ᠬᠠᠭᠤᠷᠠᠢ ᠴᠦᠪᠣᠳᠠᠯ ᠶᠢᠡᠨ ᠳᠦᠷᠠᠯᠵᠠᠳᠠᠯ᠎ᠠ ᠨᠤᠴᠤᠭᠠᠵᠤ᠂ ᠬᠤᠨᠢᠨ ᠡᠪᠴᠢᠭᠦᠤ᠂ ᠭᠦᠵᠡᠭᠡ ᠲᠡᠶ ᠰᠢᠷ᠎ᠠ ᠳᠤᠰᠤ᠂ ᠬᠠᠭᠤᠷᠤᠭᠰᠠᠨ ᠪᠣᠳᠠᠭ᠎ᠠ᠂ ᠴᠢᠪᠠᠭ᠎ᠠ᠂ ᠴᠠᠢ᠂ ᠬᠤᠨᠢᠨ ᠤ ᠰᠠᠮᠡᠵᠠ ᠥᠭᠡᠭᠦ᠂ ᠬᠤᠷᠤᠳ ᠰᠢᠷ᠎ᠠ ᠳᠤᠰᠤ᠂ ᠳᠠᠪᠤᠨ ᠥᠩᠭᠡ ᠶᠢᠨ ᠪᠦᠰᠡ ᠪᠠᠨ ᠳᠤᠮᠤ ᠫᠢᠯᠠ ᠳᠤ ᠭᠢᠵᠤ ᠳᠠᠯᠪᠢᠭᠠᠤᠨ ᠭᠠᠤᠯᠢᠨ ᠴᠥᠭᠦᠴᠡ ᠲᠡᠶ᠂ ᠦᠯᠦᠨ ᠴᠠᠭᠠᠨ ᠡᠪᠠᠰᠤ ᠪᠠᠷ ᠭᠤᠤᠯ ᠭᠢᠭ᠍ᠰᠡᠨ ᠰᠢᠷ᠎ᠠ ᠳᠤᠰᠤᠨ ᠵᠤᠯᠠ ᠪᠠᠨ ᠪᠠᠳᠮᠠᠯᠠᠳᠠᠯ᠎ᠠ ᠠᠰᠠᠭᠠᠵᠤ ᠳᠠᠯᠪᠢᠭᠠᠤᠨ ᠭᠠᠯ ᠶᠢᠡᠨ ᠭᠦᠭ᠍ᠵᠢᠭᠡᠨ᠂ ᠭᠠᠯ ᠳᠠᠭᠠᠨ ᠰᠠᠷᠬᠤᠤᠨ ᠤᠨ ᠳᠡᠭᠡᠵᠢ᠂ ᠡᠷᠭᠦᠯᠳᠡ ᠪᠠᠨ ᠡᠷᠭᠦᠭᠦ ᠳᠤ ᠭᠠᠯ ᠤᠨ ᠪᠣᠷᠬᠠᠨ ᠪᠠᠶᠠᠷᠯᠠᠭᠰᠠᠨ ᠶᠤᠮ ᠰᠢᠭ ᠣᠴᠢ ᠪᠠᠳᠠᠷᠠᠨ ᠰᠤᠷᠯᠠᠵᠠᠵᠤ᠂ ᠭᠦᠭ᠍ᠰᠢᠨ ᠲᠡᠶ ᠪᠠᠨ ᠬᠡᠦᠬᠡᠳ ᠶᠢᠡᠨ ᠳᠠᠭᠠᠭᠤᠯᠤᠨ ᠭᠤᠯᠤᠮᠳᠠ ᠶᠢᠨ ᠶᠢᠡᠨ ᠡᠮᠦᠨ᠎ᠡ ᠰᠥᠭᠦᠳᠤᠨ ᠵᠠᠯᠪᠠᠷᠢᠵᠤ᠂ ᠵᠢᠯ ᠵᠢᠯ ᠥᠭᠡᠳᠡᠷᠡᠭ᠌᠂ ᠣᠨ ᠣᠨ ᠥᠩᠭᠡ ᠲᠡᠶ᠂ ᠡᠷᠡᠭᠦᠯ ᠮᠡᠨᠳᠦ ᠪᠠᠢ᠌ᠬᠤ ᠶᠢ ᠳᠠᠭᠠᠳᠬᠠᠨ ᠮᠦᠷᠭᠦᠵᠤ ᠭᠤᠷᠪᠠᠨ ᠬᠡᠦᠬᠡᠳ ᠨᠢ ᠣᠯᠠᠨ ᠤ ᠳᠤᠮᠳᠠ ᠣᠴᠤᠯᠠᠨ ᠳᠦᠷᠡᠯᠵᠡᠭᠡ ᠭᠠᠯ ᠤᠨ ᠲᠦᠯᠤ ᠰᠢᠭ᠌ ᠭᠡᠢ᠌ᠮᠦᠷᠢ ᠴᠤᠭ ᠲᠡᠶ᠂ ᠭᠦᠭ᠍ᠵᠢᠯ ᠳᠡᠭ᠍ᠵᠢᠷᠡᠯ ᠲᠡᠶ ᠪᠠᠢ᠌ᠬᠤ ᠶᠢ ᠵᠥᠩᠨᠡᠳᠡᠭ᠌᠃ ᠪᠠᠰᠠ ᠢᠳᠡᠭᠡᠨ ᠣᠮᠳᠠᠭᠠᠨ ᠤ ᠳᠡᠭᠡᠵᠢ ᠪᠠᠨ ᠠᠪᠴᠤ ᠭᠠᠷᠤᠭᠠᠤᠨ᠂ ᠡᠮᠦᠨ᠎ᠡ ᠵᠥᠭ᠌ ᠤᠨ ᠭᠠᠯ ᠰᠢᠳᠦᠭᠡᠨ ᠳᠤ᠂ ᠵᠡᠭᠦᠨ ᠵᠥᠭ᠌ ᠤᠨ ᠳᠡᠭ᠍ᠷᠢ ᠠᠭᠠᠷ ᠲᠤ᠂ ᠪᠠᠷᠠᠭᠤᠨ ᠵᠥᠭ᠌ ᠤᠨ ᠣᠰᠤᠨ ᠰᠢᠳᠦᠭᠡᠨ ᠳᠤ ᠬᠣᠢ᠌ᠨ᠎ᠠ ᠵᠥᠭ᠌ ᠤᠨ ᠳᠡᠭᠡᠳᠦᠰ᠂ ᠪᠠᠷᠠᠭᠤᠨ ᠬᠣᠢ᠌ᠳᠤ ᠵᠥᠭ᠌ ᠤᠨ ᠬᠠᠨ ᠠᠭᠤᠯᠠᠨ ᠳᠠᠭᠠᠨ ᠭᠡᠭᠦ ᠮᠠᠳᠤ ᠨᠠᠷᠠᠨ ᠵᠦᠪ ᠡᠷᠭᠢᠯᠳᠡ ᠪᠠᠷ ᠡᠮᠭᠢ ᠵᠠᠮᠪᠠᠷᠠᠭ᠎ᠠ ᠲᠡᠶ ᠰᠠᠷᠵᠢᠮᠯᠠᠨ ᠡᠷᠭᠦᠳᠡᠭ᠌ ᠶᠤᠮ᠃

ᠡᠪᠦᠭᠡᠨ ᠡᠨᠡᠭᠦ ᠪᠣᠳᠤᠯ ᠡᠴᠡ ᠶᠢᠡᠨ ᠰᠡᠷᠭᠦᠵᠤ ᠬᠠᠨᠴᠤᠢ ᠪᠠᠷ ᠶᠢᠡᠨ ᠨᠢᠯᠪᠣᠰᠤ ᠪᠠᠨ ᠵᠥᠯᠭᠦᠭ᠍ᠰᠡᠨ ᠶᠢᠡᠨ᠄

᠊᠊᠊᠊᠊᠊᠊᠊᠊᠊᠊᠊᠊᠊᠊ ᠠᠢ᠂ ᠪᠢ ᠴᠢᠨᠢ ᠵᠦᠨᠤᠳᠠᠵᠤ ᠪᠠᠢ᠌ᠨ᠎ᠠ ᠰᠢᠤ᠂ ᠰᠠᠢ᠌ᠨ ᠮᠠᠭᠤ ᠡᠳᠦᠷ᠂ ᠮᠠᠭᠤ ᠢᠷᠸ᠎ᠠ ᠲᠡᠶ ᠪᠠᠷ ᠨᠢᠰᠤ ᠨᠢᠯᠪᠣᠰᠤ ᠪᠠᠨ ᠴᠢᠷᠦᠭᠡᠳ᠃ ᠮᠢᠨᠤ ᠴᠢᠩᠭᠢᠵᠤ ᠭᠠᠯ ᠭᠤᠯᠤᠮᠳᠠ᠂ ᠳᠡᠭ᠍ᠷᠢ ᠪᠣᠷᠬᠠᠨ ᠶᠢᠡᠨ ᠳᠠᠭᠢᠭᠰᠠᠨ ᠤ ᠰᠠᠢ᠌ᠨ ᠶᠢᠡᠷ ᠬᠡᠦᠬᠡᠳ ᠮᠢᠨᠢ ᠭᠦᠮᠤᠨ ᠡᠴᠡ ᠳᠤᠤᠷ᠎ᠠ ᠦᠭᠡᠶ ᠠᠮᠢᠳᠤᠷᠠᠵᠤ᠂ ᠨᠤᠳᠤᠭ ᠶᠢᠡᠨ ᠰᠠᠭᠢᠵᠤ ᠨᠤᠭᠤᠯᠤᠤᠷ ᠶᠢᠡᠨ ᠢᠳᠡᠭ᠍ᠰᠡᠨ ᠮᠠᠯᠴᠢᠨ ᠭᠦᠤ ᠴᠤ ᠬᠤᠳᠠ ᠭᠠᠵᠠᠷ ᠢᠷᠠᠵᠤ ᠠᠭᠤᠷ ᠦᠭᠡᠶ ᠪᠣᠳᠠᠭ᠎ᠠ ᠢᠳᠠᠵᠤ ᠣᠳᠤᠭ᠎ᠠ ᠦᠭᠡᠶ ᠭᠡᠷ ᠲᠤ ᠰᠠᠭᠤᠵᠤ ᠪᠠᠢ᠌ᠬᠤ ᠪᠢᠰᠢ ᠦᠦ ︕ ᠭᠦᠮᠤᠨ ᠦᠳᠡᠯᠠᠪᠠᠯ ᠬᠡᠦᠬᠡᠳ ᠤᠨ ᠪᠣᠯᠠᠢ ︕ ᠭᠡᠵᠤ ᠭᠠᠭᠴᠠᠭᠠᠷ ᠶᠢᠡᠨ ᠳᠦᠳᠦᠨᠡᠭ᠍ᠰᠡᠭᠡᠷ ᠦᠪᠡᠷ ᠤᠨ ᠪᠠᠶ᠎ᠠ ᠪᠠᠨ ᠪᠣᠷᠤᠭᠤᠤᠠᠬᠠᠵᠤ ᠡᠪᠦᠳᠦᠭ᠌ ᠶᠢᠡᠨ ᠳᠤᠯᠵᠤ ᠪᠣᠰᠤᠭᠰᠠᠨ ᠶᠢᠡᠨ ᠳᠤᠭᠤᠭᠠᠨ ᠭᠡᠷ ᠲᠡᠭᠡᠨ ᠣᠷᠤᠵᠤ ᠠᠶᠠᠭᠠᠨ ᠬᠤᠷᠭᠤ ᠪᠠᠨ ᠨᠡᠭᠡᠭᠡᠵᠤ ᠬᠤᠶᠠᠷ ᠠᠶᠠᠭ᠎ᠠ ᠠᠪᠬᠤ ᠳᠠᠭᠠᠨ ᠨᠢᠭᠡ ᠠᠶᠠᠭ᠎ᠠ ᠶᠢ ᠨᠢ ᠣᠯᠠᠨ ᠠᠶᠠᠭᠠᠨ ᠤ ᠳᠤᠮᠳᠠ ᠡᠴᠡ ᠣᠠᠴᠠᠯᠠᠨ ᠰᠤᠩᠭ᠋ᠤᠵᠤ᠂ ᠳᠠᠪᠤᠨ ᠬᠤᠰᠢᠭᠤ ᠮᠠᠯ ᠤᠨ ᠵᠢᠷᠤᠭ ᠲᠡᠶ ᠠᠶᠠᠭ᠎ᠠ ᠶᠢ ᠠᠪᠴᠤ᠂ ᠳᠠᠭᠢᠨ ᠨᠢᠭᠡ ᠣᠳᠠᠭ᠎ᠠ ᠣᠰᠤ ᠪᠠᠷ ᠵᠠᠢ᠌ᠯᠠᠵᠤ ᠭᠦᠯᠢ᠌ᠳᠡᠯ᠎ᠡ ᠵᠥᠯᠭᠦᠭᠡᠳ ᠳᠤᠭᠤᠭ᠎ᠠ ᠲᠡᠶ ᠠᠮᠤᠰᠤ ᠡᠴᠡ ᠭᠠᠯ ᠤᠨ ᠳᠡᠭᠡᠵᠢ ᠭᠡᠵᠤ ᠠᠶᠠᠭᠠᠯᠠᠵᠤ ᠳᠠᠯᠪᠢᠭᠠᠤᠨ ᠦᠪᠡᠷ ᠤᠨ ᠠᠶᠠᠭᠠᠨ ᠳᠠᠭᠠᠨ ᠠᠶᠠᠭᠠᠯᠠᠬᠤ ᠭᠡᠰᠡᠨ ᠶᠢᠡᠨ ᠶᠠᠭᠤ ᠨᠢᠭᠡ ᠶᠢ ᠪᠣᠳᠤᠵᠤ ᠣᠯᠤᠭᠰᠠᠨ ᠪᠣᠯᠤᠯᠳᠠᠢ ᠪᠠᠷᠢᠵᠤ ᠪᠠᠢ᠌ᠭᠰᠠᠨ ᠰᠢᠨᠠᠭ᠎ᠠ ᠪᠠᠨ ᠳᠠᠯᠪᠢᠭᠠᠤᠨ ᠭᠦᠯᠳᠡᠭᠡᠭᠦᠷ ᠬᠤᠷᠭᠤ ᠪᠠᠨ ᠨᠡᠭᠡᠭᠡᠵᠤ ᠭᠡᠰᠡᠭ᠌ ᠠᠭᠤᠳᠠᠯᠠᠭᠠᠤᠨ ᠵᠠᠢ᠌ᠳᠠᠰᠤ ᠶᠢ ᠪᠠᠢ᠌ᠴᠢᠬ᠎ᠠ ᠬᠤᠨᠢᠨ ᠮᠢᠬ᠎ᠠ ᠴᠤ ᠡᠷᠢᠵᠤ ᠣᠯᠤᠭᠰᠠᠨ ᠦᠭᠡᠶ ᠳᠤᠯᠠ ᠨᠢᠭᠡ ᠭᠡᠰᠡᠭ᠌ ᠭᠠᠬᠠᠢ ᠶᠢᠨ ᠮᠢᠬ᠎ᠠ ᠭᠠᠷᠭᠠᠵᠤ ᠳᠤᠭᠤᠭᠠᠨ ᠳᠠᠭᠠᠨ ᠣᠰᠤ ᠭᠢᠵᠤ ᠵᠤᠤᠬᠠᠨ ᠤ ᠴᠠᠭᠢᠭᠤᠷ ᠢ ᠨᠢ ᠳᠠᠷᠤᠵᠤ ᠭᠠᠯ ᠵᠤᠯᠭᠠᠭᠤᠯᠵᠤ ᠳᠠᠯᠪᠢᠪᠠ᠃ ᠡᠪᠦᠭᠡᠨ ᠪᠠᠰᠠ ᠦᠪᠡᠷ ᠤᠨ ᠣᠠᠳᠠᠬᠤ ᠦᠷᠦᠭᠡ ᠳᠡᠭᠡᠨ ᠣᠷᠤᠵᠤ ᠦᠨᠦᠭᠢ ᠯᠤᠤ ᠭᠠᠷᠤᠳᠢ ᠶᠢᠨ ᠭᠡ ᠣᠭᠠᠯᠵᠠ ᠲᠡᠶ ᠵᠢᠵᠢᠭ᠌ ᠣᠯᠠᠭᠠᠨ ᠳᠠᠪᠰᠠᠭ ᠡᠴᠡ ᠪᠠᠨ ᠨᠢᠭᠡᠨ ᠭᠦᠭᠡ ᠪᠦᠰᠡᠨ ᠣᠭᠤᠳᠠ ᠭᠠᠷᠭᠠᠵᠤ᠂ ᠭᠦᠭ᠍ᠰᠢᠨ ᠨᠢ ᠠᠮᠢᠳᠤ ᠰᠡᠷᠢᠭᠦᠨ ᠪᠠᠢ᠌ᠬᠤ ᠳᠤ ᠵᠠᠷᠤᠵᠤ ᠪᠠᠢ᠌ᠭᠰᠠᠨ᠂ ᠵᠢᠯ ᠪᠦᠷᠢ ᠭᠠᠯ ᠳᠠᠭᠢᠬᠤ ᠳᠠᠭᠠᠨ ᠭᠡᠷᠡᠭᠯᠡᠳᠡᠭ᠌ ᠣᠯᠠᠭᠠᠨ ᠴᠢᠪᠠᠭ᠎ᠠ᠂ ᠳᠠᠪᠤᠨ ᠥᠩᠭᠡ ᠶᠢᠨ ᠪᠦᠰᠡ ᠶᠢᠨ ᠥᠭᠡᠳᠡᠰᠤ ᠪᠠᠨ ᠭᠠᠷᠭᠠᠨ ᠠᠪᠴᠤ ᠳᠠᠭᠢᠨ ᠳᠤᠭᠤᠭᠠᠨ ᠭᠡᠷ ᠲᠡᠭᠡᠨ ᠣᠷᠤᠵᠤ ᠭᠡᠪ ᠤᠨ ᠴᠠᠢ ᠪᠠᠨ ᠡᠷᠢᠵᠤ ᠭᠠᠷᠭᠠᠭᠠᠤᠨ ᠨᠢᠭᠡ ᠠᠳᠬᠤ ᠭᠢᠷᠢ ᠡᠪᠳᠡᠵᠤ ᠠᠪᠣᠭᠠᠤᠨ᠂ ᠬᠠᠭᠤᠷᠤᠭᠰᠠᠨ ᠪᠣᠳᠠᠭᠠᠨ ᠰᠠᠪᠠ ᠡᠴᠡ ᠴᠢᠮᠭᠢ ᠪᠣᠳᠠᠭ᠎ᠠ ᠠᠪᠴᠤ᠂ ᠴᠠᠢ ᠪᠣᠯᠤᠨ ᠴᠢᠪᠠᠭ᠎ᠠ ᠲᠡᠶ ᠪᠠᠨ ᠬᠤᠯᠢᠭᠠᠤᠨ ᠮᠢᠬ᠎ᠠ ᠰᠢᠯᠵᠠᠷᠠᠬᠤ ᠶᠢ ᠭᠦᠯᠢᠶᠡᠵᠤ ᠰᠠᠭᠤᠨ᠎ᠠ᠃ ᠭᠦᠤ ᠪᠠᠷᠢ ᠨᠢ ᠭᠠᠳᠠᠭᠰᠢ ᠭᠠᠷᠬᠤ ᠪᠣᠯᠭᠠᠨ ᠨᠡᠭᠦᠷᠡᠰᠤᠨ ᠭᠡᠢ ᠵᠤᠤᠬ᠎ᠠ ᠶᠢ ᠶᠠᠭᠠᠭᠢᠵᠤ ᠵᠠᠷᠤᠬᠤ ᠶᠢ ᠵᠢᠭᠠᠵᠤ ᠥᠭ᠍ᠳᠡᠭ᠌ ᠡᠴᠡ ᠵᠢᠷᠠᠨᠳᠠᠢ ᠡᠪᠦᠭᠡᠨ ᠵᠤᠤᠬ᠎ᠠ ᠶᠢᠨ ᠰᠢᠷᠦᠭᠦᠨ ᠵᠥᠭᠡᠯᠡᠨ ᠢ ᠳᠤᠭᠢᠷᠠᠭᠤᠯᠵᠤ ᠴᠢᠳᠠᠳᠠᠭ ᠪᠣᠯᠵᠤ ᠭᠦᠤ ᠪᠣᠯᠤᠨ ᠭᠦᠤ ᠪᠠᠷᠢ ᠨᠢ ᠭᠠᠳᠠᠭᠰᠢ ᠪᠠᠨ ᠳᠤᠳᠤᠭᠰᠢ ᠪᠠᠨ ᠭᠠᠷᠪᠠᠯ ᠣᠮᠪᠣᠯᠤ ᠲᠡᠶ ᠪᠠᠨ ᠬᠤᠶᠠᠭᠤᠯᠠ ᠱᠦᠯᠦ ᠲᠡᠶ ᠰᠢᠩᠭᠡᠨ ᠪᠣᠳᠠᠭ᠎ᠠ᠂ ᠡᠷᠡᠭᠡᠢ ᠭᠤᠯᠢᠷ ᠳᠠᠭᠠᠨ ᠵᠥᠪᠯᠡᠴᠢᠭᠡᠳᠡᠭ᠌᠃ ᠭᠦᠯᠳᠡᠭᠦᠤ ᠮᠢᠬ᠎ᠠ ᠭᠤᠤᠯ ᠳᠠᠭᠠᠨ ᠣᠷᠤᠳᠠᠯ᠎ᠠ ᠭᠡᠰᠦᠭᠡᠳ ᠢᠷᠡᠭᠦᠯᠡᠷ ᠭᠠᠯ ᠢ ᠨᠢ ᠵᠥᠭᠡᠯᠡᠨ ᠳᠡᠭᠡᠷ᠎ᠡ ᠳᠠᠯᠪᠢᠵᠤ ᠰᠢᠯᠵᠠᠷᠠᠬᠤ ᠶᠢ ᠨᠢ ᠨᠢᠳᠤ ᠰᠠᠯᠭᠠᠯ ᠦᠭᠡᠶ ᠭᠦᠯᠢᠶᠡᠵᠤ ᠰᠠᠭᠤᠨ᠎ᠠ᠃ ᠡᠨᠡ ᠬᠤᠷᠤᠮ ᠡᠪᠦᠭᠡᠨ ᠣᠮᠪᠣᠯᠤ ᠪᠠᠨ ᠰᠠᠨᠠᠴᠢᠬᠠᠯ᠎ᠠ᠃ ᠣᠮᠪᠣᠯᠤ ᠨᠢ᠂ ᠴᠢᠯᠦᠭᠡ ᠳᠠᠯᠪᠢᠮᠠᠭᠴᠠ ᠬᠦᠬᠡᠬᠤᠲᠠ ᠳᠤ ᠶᠡᠭᠡ ᠠᠪᠠᠭ᠎ᠠ ᠶᠢᠨ ᠳᠠᠭᠠᠨ ᠰᠢᠨᠡᠯᠡᠭᠡᠳ ᠢᠷᠠᠨ᠎ᠠ ᠭᠡᠳ ᠶᠠᠪᠣᠭᠰᠠᠨ ᠶᠤᠮ᠃ 《ᠮᠠᠭᠤ ᠣᠮᠪᠣᠯᠤ ᠮᠢᠨᠢ ᠠᠷᠪᠠᠨ ᠭᠤᠷᠪᠠ ᠭᠦᠷᠳᠡᠯ᠎ᠡ ᠨᠠᠳᠠ ᠡᠴᠡ ᠳᠦᠭᠡ ᠰᠠᠯᠵᠤ ᠥᠵᠡᠭᠡᠳᠦᠢ ᠰᠢᠤ ᠳ᠋ᠠ᠂ ᠠᠢ᠂ ᠦᠨᠦᠳᠤᠷ ᠣᠮᠪᠣᠯᠤ ᠮᠢᠨᠢ ᠭᠡᠷ ᠲᠡᠭᠡᠨ ᠪᠠᠢ᠌ᠭᠰᠠᠨ ᠪᠣᠯ ᠡᠪᠦᠭᠡ ᠲᠡᠶ ᠪᠠᠨ (ᠭᠦᠷᠦᠤ ᠭᠦᠷᠦᠤ) ᠵᠤᠭᠤᠭᠳᠠᠭᠠᠤᠨ ᠰᠡᠳᠭᠢᠯ ᠤᠨ ᠬᠠᠨᠢ ᠪᠣᠯᠵᠤ ᠬᠤᠶᠠᠭᠤᠯᠠ ᠪᠠᠨ ᠭᠠᠯ ᠶᠢᠡᠨ ᠳᠠᠭᠢᠵᠤ ᠭᠠᠯ ᠤᠨ ᠪᠣᠷᠬᠠᠨ ᠳᠠᠭᠠᠨ ᠮᠦᠷᠭᠦᠭᠦ ᠦᠭᠡᠶ ᠦᠦ ᠳ᠋ᠠ᠂ ᠶᠡᠭᠡ ᠠᠪᠠᠭ᠎ᠠ ᠶᠢᠨ ᠭᠢᠨᠢ ᠴᠤ ᠦᠨᠦᠳᠤᠷ ᠭᠦᠮᠤᠨ ᠣᠯᠠᠨ ᠭᠦᠷ ᠭᠦᠭ᠍ᠵᠢᠶᠡᠨ ᠲᠡᠶ ᠭᠠᠯ ᠶᠢᠡᠨ ᠳᠠᠭᠢᠬᠤ ᠪᠣᠯᠤᠨ᠎ᠠ᠃ ᠵᠠ᠂ ᠬᠡᠦᠬᠡᠳ ᠮᠢᠨᠢ ᠬᠠᠮᠢᠭ᠎ᠠ ᠶᠠᠪᠣᠵᠤ ᠶᠠᠭᠤ ᠭᠢᠭ᠍ᠰᠡᠨ ᠴᠤ ᠪᠦᠷ ᠯᠠ ᠡᠷᠡᠭᠦᠯ ᠮᠡᠨᠳᠦ ᠥᠭᠡᠳᠡ ᠡᠰᠡᠷᠡᠭ᠌ ᠪᠠᠢ᠌ᠪᠠᠯ ᠪᠣᠯᠴᠢᠬᠠᠬᠤ ᠨᠢ ᠳᠠᠷᠠ ᠁》 ᠭᠡᠵᠤ ᠡᠰᠡᠨ ᠪᠣᠰᠠᠨ ᠢ ᠪᠣᠳᠤᠨ ᠰᠠᠭᠤᠭᠰᠠᠭᠠᠷ ᠳᠤᠭᠤᠭ᠎ᠠ ᠲᠡᠶ ᠮᠢᠬ᠎ᠠ ᠪᠠᠨ ᠮᠠᠷᠳᠠᠵᠤ 《ᠰᠢᠷ ᠰᠢᠷ ᠁》 ᠳᠤᠭᠤᠭ᠎ᠠ ᠲᠡᠶ ᠱᠦᠯᠦ ᠪᠠᠭ᠎ᠠ ᠭᠦᠭᠡᠷᠴᠤ ᠵᠤᠤᠬᠠᠨ ᠳᠡᠭᠡᠷ᠎ᠡ ᠱᠠᠷᠴᠢᠭᠢᠨᠠᠨ ᠳᠤᠤᠭᠠᠷᠬᠤ ᠳᠤ ᠰᠠ‍‌ᠶᠢ ᠪᠣᠳᠤᠯ ᠶᠢᠡᠨ ᠳᠠᠰᠤᠯᠵᠤ᠂ ᠳᠤᠭᠤᠭᠠᠨ ᠳ᠋ᠠᠭᠢ ᠮᠢᠬ᠎ᠠ ᠪᠠᠨ ᠰᠠᠪᠬ᠎ᠠ ᠪᠠᠷ ᠴᠢᠴᠢᠵᠤ ᠥᠵᠡᠭᠦ ᠳᠤ ᠰᠢᠯᠵᠠᠷᠠᠭᠰᠠᠨ ᠪᠠᠢ᠌ᠪᠠ᠃

ᠵᠢᠷᠠᠨᠳᠠᠢ ᠡᠪᠦᠭᠡᠨ ᠵᠤᠤᠬᠠᠨ ᠤ ᠭᠠᠯ ᠢ ᠨᠢ ᠮᠤᠰᠭᠢᠵᠤ ᠣᠠᠳᠠᠷᠭᠠᠭᠠᠤᠨ ᠮᠢᠬ᠎ᠠ ᠶᠢ ᠳᠤᠭᠤᠭ᠎ᠠ ᠡᠴᠡ ᠭᠠᠷᠭᠠᠵᠤ ᠪᠠᠭ᠎ᠠ ᠭᠦᠷᠦᠭᠡᠭᠡᠳ ᠬᠤᠢ ᠲᠡᠶ ᠭᠢᠳᠤᠭ᠎ᠠ ᠪᠠᠷ ᠶᠢᠡᠨ ᠠᠶᠠᠭᠠᠨ ᠳᠤᠳᠤᠷ᠎ᠠ ᠭᠦᠰᠭᠦᠯᠡᠵᠤ ᠦᠨᠦᠭᠢ ᠪᠡᠯᠡᠳᠭᠡᠵᠤ ᠳᠠᠯᠪᠢᠭᠰᠠᠨ ᠡᠷᠭᠦᠯᠳᠡ ᠳᠡᠭᠡᠷ᠎ᠡ ᠪᠠᠨ ᠭᠢᠵᠤ ᠬᠤᠯᠢᠵᠤ ᠳᠠᠯᠪᠢᠭᠠᠤᠨ᠂ ᠣᠷᠤᠢ ᠬᠤᠶᠠᠷ ᠬᠡᠦᠬᠡᠳ ᠨᠢ ᠢᠷᠠᠪᠠᠯ ᠭᠤᠶᠤᠵᠤ ᠪᠠᠢ᠌ᠭᠰᠠᠭᠠᠷ ᠠᠰᠠᠷ ᠤᠨ ᠬᠤᠩᠭᠢᠯ ᠳᠤ ᠴᠤ ᠭᠡᠰᠡᠨ ᠪᠠᠭ᠎ᠠ ᠴᠦᠪᠣᠳᠠᠯ ᠨᠤᠴᠤᠭᠠᠵᠤ ᠪᠠᠢ᠌ᠭᠠᠤᠨ ᠭᠡᠩᠰᠢᠭᠦᠤ ᠪᠠᠨ ᠰᠢᠳᠠᠭᠠᠵᠤ ᠡᠷᠭᠦᠯᠳᠡ ᠪᠠᠨ ᠡᠷᠭᠦᠶ᠎ᠡ ᠭᠡᠵᠤ ᠪᠦᠷ ᠰᠠᠢ᠌ᠬᠠᠨ ᠪᠡᠯᠡᠳᠭᠡᠵᠤ ᠳᠠᠯᠪᠢᠴᠢᠬᠠᠭᠠᠤᠨ ᠬᠠᠨ ᠠᠭᠤᠯᠠ ᠬᠤᠷᠮᠤᠰᠳᠠ ᠳᠡᠭ᠍ᠷᠢ᠂ ᠡᠪᠦᠭᠡ ᠳᠡᠭᠡᠳᠦᠰ ᠲᠡᠭᠡᠨ ᠭᠠᠯ ᠤᠨ ᠲ᠋ᠡᠭᠡᠵᠢ ᠪᠠᠨ ᠡᠷᠭᠦᠴᠢᠭᠡᠶ᠎ᠡ ᠭᠡᠳ ᠬᠠᠮᠢᠭ᠎ᠠ ᠣᠴᠢᠵᠤ ᠡᠷᠭᠦᠯᠳᠡ ᠪᠠᠨ ᠡᠷᠭᠦᠭᠦ ᠪᠠᠨ ᠪᠣᠳᠤᠨ᠎ᠠ᠃ ᠠᠰᠠᠷ ᠡᠴᠡ ᠪᠠᠭᠤᠵᠤ ᠭᠦᠷᠢᠶᠡᠨ ᠳᠤᠮᠳᠠᠭᠢ ᠬᠤᠸᠠᠷ ᠤᠨ ᠵᠠᠰᠠᠭᠠᠯ ᠳᠤᠮᠳᠠ ᠣᠷᠤᠭᠠᠤᠨ ᠡᠷᠭᠦᠯᠳᠡ ᠪᠠᠨ ᠡᠷᠭᠦᠶ᠎ᠡ ᠭᠡᠭᠦ ᠳᠤ ᠦᠨᠦ ᠠᠷᠪᠢᠨ ᠭᠢᠳᠠᠤᠨ ᠤᠳ ᠤᠨ ᠳᠤᠭᠤᠭᠢᠯᠠᠬᠤ᠂ ᠣᠷᠴᠢᠨ ᠳᠤᠭᠤᠷᠢᠨ ᠢ ᠪᠣᠭᠢᠷᠳᠠᠭᠤᠯᠤᠯ᠎ᠠ ᠭᠡᠵᠤ ᠰᠠᠢ᠌ᠨ ᠮᠠᠭᠤ ᠡᠳᠦᠷ ᠭᠦᠮᠤᠨ ᠳᠤ ᠬᠠᠷᠢᠶᠠᠭᠳᠠᠬᠤ ᠡᠴᠡ ᠪᠠᠨ ᠠᠶᠤᠵᠤ ᠠᠷᠭ᠎ᠠ ᠪᠣᠳᠤᠭᠰᠠᠭᠠᠷ ᠦᠪᠡᠷ ᠤᠨ ᠣᠠᠳᠠᠯᠭ᠎ᠠ ᠶᠢᠨ ᠦᠷᠦᠭᠡᠨ ᠤ ᠶᠢᠡᠨ ᠪᠠᠷᠠᠭᠤᠨ ᠬᠣᠢ᠌ᠰᠢ ᠬᠠᠨᠳᠤᠭᠰᠠᠨ ᠴᠤᠩᠬᠤ ᠶᠢ ᠰᠠᠨᠠᠭᠠᠨ ᠳᠤ ᠣᠷᠤᠵᠤ ᠴᠤᠩᠬᠤ ᠪᠠᠨ ᠨᠡᠭᠡᠭᠡᠴᠢᠭᠡᠳ ᠄

᠊᠊᠊᠊᠊᠊᠊᠊᠊᠊᠊᠊᠊᠊᠊ ᠣᠮ ᠮᠠ ᠬᠤ ᠁ ᠬᠤᠷᠮᠤᠰᠳᠠ ᠳᠡᠭ᠍ᠷᠢ᠂ ᠪᠣᠭᠳᠠ ᠬᠠᠨ ᠠᠭᠤᠯᠠ᠂ ᠪᠣᠷᠬᠠᠨ ᠰᠠᠭᠢᠭᠤᠰᠤ᠂ ᠳᠡᠭᠡᠳᠤ ᠶᠢᠨ ᠮᠢᠨᠢ ᠠᠷᠢᠭᠤᠨ ᠰᠦᠨᠠᠰᠤ ᠦᠷᠤᠰᠢᠶᠠ ︕ ᠁ ᠭᠡᠵᠤ ᠬᠤᠪᠢᠩ ᠲᠡᠶ ᠠᠷᠢᠭᠢ ᠪᠠᠨ ᠬᠤᠠᠳᠠᠭ᠎ᠠ ᠪᠠᠷ ᠭᠠᠳᠠᠭᠰᠢ ᠪᠠᠨ ᠰᠡᠷᠵᠢᠮᠯᠡᠭᠡᠳ ᠠᠶᠠᠭ᠎ᠠ ᠲᠡᠶ ᠠᠮᠤᠰᠤ ᠪᠠᠨ ᠬᠠᠯᠪᠠᠭ᠎ᠠ ᠪᠠᠷ ᠪᠠᠷᠠᠭᠤᠨ ᠬᠣᠢ᠌ᠰᠢ ᠡᠷᠭᠦᠵᠤ ᠪᠠᠢ᠌ᠳᠠᠯ᠎ᠠ ᠪᠠᠢ᠌ᠨᠠᠤ ᠳ᠋ᠠ᠂ ᠶᠤᠷᠤ ᠶᠢᠨ ᠶᠤᠷᠤ ᠪᠠᠷ ᠨᠢ ᠡᠨᠡ ᠡᠳᠦᠷ ᠤᠨ ᠵᠢᠪᠠᠷ ᠨᠢ ᠶᠠᠭ ᠰᠠᠢ᠌ᠬᠠᠨ ᠪᠠᠷᠠᠭᠤᠨ ᠬᠣᠢ᠌ᠨ᠎ᠠ ᠡᠴᠡ ᠰᠠᠯᠭᠢᠯᠠᠵᠤ ᠦᠨᠦ ᠡᠷᠭᠦᠯᠳᠡ ᠶᠢᠨ ᠠᠮᠤᠰᠤ ᠨᠢ ᠳᠤᠤᠷᠠᠳᠤ ᠠᠰᠠᠷ ᠤᠨ ᠭᠢᠨ ᠰᠠᠶ‍ᠢᠬᠠᠨ ᠵᠤᠭᠤᠰ ᠥᠭ᠍ᠴᠤ ᠪᠠᠢ᠌ᠭᠠᠤᠨ ᠵᠥᠯᠭᠦᠭᠦᠯᠵᠤ ᠠᠪᠣᠭᠰᠠᠨ ᠮᠣᠢ᠌ᠯ ᠬᠠᠷ᠎ᠠ ᠰᠢᠯ ᠳᠡᠭᠡᠷ᠎ᠡ ᠨᠢ 《ᠫᠢᠯ ᠫᠢᠯ》 ᠨᠠᠭᠠᠯᠳᠤᠵᠤ ᠳᠤᠰᠤ ᠱᠠᠭᠠᠳᠠᠩ ᠲᠡᠶ ᠶᠤᠮ ᠪᠢᠯᠠ᠂ ᠰᠢᠯ ᠳᠡᠭᠡᠷ᠎ᠡ ᠳᠤᠰᠤᠮᠠᠭᠴᠠ ᠴᠠᠪᠠᠤ ᠰᠢᠭ ᠨᠠᠭᠠᠯᠳᠤᠵᠤ ᠦᠵᠡᠵᠤ ᠪᠠᠢ᠌ᠳᠠᠯ᠎ᠠ ᠳᠤᠤᠷ᠎ᠠ ᠠᠰᠠᠷ ᠤᠨ ᠭᠢᠨ ᠣᠢ᠌ᠮᠠᠯᠳᠤᠵᠤ ᠬᠣᠢ᠌ᠳᠤ ᠴᠤᠩᠬᠤ ᠪᠠᠨ ᠨᠡᠭᠡᠭᠡᠳ ᠳᠡᠭᠡᠭ᠍ᠰᠢ ᠪᠠᠨ ᠬᠠᠷᠠᠵᠤ ᠥᠵᠡᠴᠢᠭᠡᠭᠡᠳ ᠡᠪᠦᠭᠡᠨ ᠳᠡᠭᠡᠷ᠎ᠡ ᠠᠰᠠᠷ ᠡᠴᠡ ᠭᠠᠳᠠᠭᠰᠢ ᠬᠠᠶᠠᠵᠤ ᠭᠠᠷᠭᠠᠵᠤ ᠪᠠᠢ᠌ᠬᠤ ᠶᠢ ᠬᠠᠷᠠᠭᠠᠤᠨ ᠡᠷ᠎ᠡ ᠡᠮᠡᠰ ᠶᠢᠡᠷ ᠶᠢᠡᠨ ᠪᠠᠷᠭᠢᠷᠠᠯᠴᠠᠨ ᠭᠢᠳᠠᠤᠨ ᠶᠢᠡᠷ ᠄

᠊᠊᠊᠊᠊᠊᠊᠊᠊᠊᠊᠊᠊᠊᠊ ᠰᠧ ᠯᠤᠤ ᠮᠸᠩ ᠭᠦ᠂ ᠶᠠᠭᠠᠭᠢᠵᠤ ᠪᠠᠢ᠌ᠬᠤ ᠪᠣᠢ ︖ ᠥᠭᠦᠯ ᠳᠠᠭᠠᠷᠢᠭᠰᠠᠨ ᠮᠠᠭᠤ ᠮᠤᠩᠭ᠋ᠤᠯ᠂ ᠰᠤᠯᠢᠶᠠᠷᠠᠴᠢᠬᠠᠪᠠ ᠦᠦ ︖ ᠦᠷ᠎ᠡ ᠠᠴᠢᠷ ᠴᠢᠨᠢ ᠥᠭᠦᠵᠤ ᠳᠠᠭᠤᠰᠪᠠ ᠦᠦ᠂ ᠳᠠᠨ ᠢ ᠬᠠᠮᠢᠶᠠᠷᠬᠤ ᠭᠦᠮᠤᠨ ᠦᠭᠡᠶ ᠪᠣᠯᠪᠠᠤ ⁉ ᠁ ᠭᠡᠭᠦ ᠵᠠᠯᠠᠭᠤ ᠪᠦᠰᠡᠭᠦᠢ ᠶᠢᠨ ᠴᠢᠰ ᠭᠡᠰᠡᠨ ᠬᠠᠷᠢᠶᠠᠯ ᠤᠨ ᠥᠭᠡ ᠶᠢ ᠡᠪᠦᠭᠡᠨ ᠪᠠᠷᠤᠭ ᠲᠦᠯᠤᠪ ᠢ ᠨᠢ ᠳᠦᠭᠦᠭᠡᠷᠴᠤ ᠴᠢᠭᠢ ᠨᠢ ᠳᠣᠢ᠌ᠷᠠᠵᠤ ᠴᠡᠭᠡᠵᠢ ᠨᠢ ᠪᠢᠳᠡᠭᠦᠷᠡᠭᠡᠳ ᠠᠶᠤᠵᠤ ᠰᠠᠨᠳᠤᠷᠤᠭᠰᠠᠨ ᠭᠦᠴᠤᠨ ᠳᠡᠭᠡᠨ ᠴᠤᠩᠬᠤ ᠪᠠᠨ ᠬᠠᠭᠠᠨ᠎ᠠ ᠭᠡᠵᠤ ᠪᠠᠢ᠌ᠭᠠᠤᠨ ᠪᠠᠷᠢᠵᠤ ᠪᠠᠢ᠌ᠭᠰᠠᠨ ᠠᠶᠠᠭ᠎ᠠ ᠪᠠᠨ ᠴᠤᠩᠬᠤᠨ ᠳᠠᠢ᠌ᠰᠠᠨ ᠳᠡᠭᠡᠷ᠎ᠡ ᠠᠯᠳᠠᠭᠠᠤᠨ ᠬᠠᠭ᠎ᠠ ᠣᠴᠢᠵᠤ ᠠᠶᠠᠭᠠᠨ ᠳ᠋ᠠᠭᠢ ᠠᠮᠤᠰᠤ ᠴᠤᠩᠬᠤᠨ ᠳᠤᠰᠢᠶ᠎ᠠ ᠪᠠᠢ᠌ᠭᠰᠠᠨ ᠣᠠᠳᠠᠬᠤ ᠣᠷᠤ ᠶᠢᠨ ᠪᠦᠳᠡᠭᠡᠯᠭᠡ ᠶᠢ ᠪᠢᠯᠳᠠᠪᠠ᠃ ᠡᠪᠦᠭᠡᠨ ᠣᠯᠠᠮ ᠰᠠᠨᠳᠤᠷᠴᠤ 《ᠰᠢᠭᠡᠭ᠍ᠰᠡᠨ ᠭᠡᠷᠡᠭ᠌ ᠢ ᠨᠢ ᠶᠠᠭᠠᠭᠢᠶ᠎ᠠ ᠭᠡᠵᠤ ᠪᠠᠢ᠌ᠳᠠᠯ᠎ᠠ ᠪᠠᠭᠠᠭᠰᠠᠨ ᠭᠡᠷᠡᠭ᠌ ᠳᠠᠳᠠᠵᠤ᠂ ᠳᠤᠰᠤ ᠱᠠᠭᠠᠳᠠᠩ ᠲᠡᠶ ᠠᠮᠤᠰᠤ ᠪᠠᠷ ᠪᠢᠯᠳᠠᠭᠰᠠᠨ ᠪᠦᠳᠡᠭᠡᠯᠭᠡ ᠶᠢ ᠭᠦᠤ ᠪᠠᠷᠢ ᠨᠢ ᠢᠷᠡᠭᠡᠳ ᠦᠵᠡᠪᠠᠯ ᠪᠠᠰᠠ ᠠᠭᠤᠷᠯᠠᠵᠤ ᠭᠠᠴᠢᠭᠳᠠᠬᠤ ᠶᠢ ᠪᠣᠳᠤᠵᠤ ᠭᠦᠶ‍ᠦᠵᠤ ᠭᠠᠷᠤᠭᠠᠤᠨ ᠠᠯᠴᠢᠭᠤᠷ ᠠᠪᠴᠢᠷᠠᠭᠠᠤᠨ ᠵᠥᠯᠭᠦᠭᠦ ᠭᠡᠵᠤ ᠣᠷᠤᠯᠳᠤᠵᠤ ᠪᠠᠢ᠌ᠳᠠᠯ᠎ᠠ 《ᠳᠤᠱ ᠳᠤᠱ᠂ ᠳᠦᠱ ᠳᠦᠱ》 ᠳᠤᠤᠷ᠎ᠠ ᠠᠰᠠᠷ ᠡᠴᠡ ᠭᠡᠳᠤᠨ ᠭᠦᠮᠤᠨ ᠭᠠᠷᠴᠤ ᠢᠷᠡᠭᠡᠳ ᠬᠠᠭᠠᠯᠭ᠎ᠠ ᠶᠢ ᠨᠢ ᠭᠦᠴᠦᠳᠡᠢ ᠪᠠᠯᠪᠠᠵᠤ ᠄

᠊᠊᠊᠊᠊᠊᠊᠊᠊᠊᠊᠊᠊᠊᠊ ᠭᠦᠮᠤᠨ ᠪᠠᠢ᠌ᠨᠠᠤ ︖ ᠡᠭᠦᠳᠡ ᠪᠠᠨ ᠨᠡᠭᠡ ︕ ᠁ᠭᠡᠵᠤ ᠨᠠᠷᠢᠨ ᠪᠦᠳᠦᠭᠦᠨ ᠬᠤᠭᠤᠯᠠᠢ ᠪᠠᠷ ᠪᠠᠷᠭᠢᠷᠠᠯᠴᠠᠨ᠎ᠠ᠃ ᠡᠪᠦᠭᠡᠨ ᠠᠶᠤᠬᠤ ᠳᠠᠭᠠᠨ ᠴᠢᠭᠢ ᠪᠠᠨ ᠬᠤᠶᠠᠷ ᠭᠠᠷ ᠤᠨ ᠠᠯᠠᠭ᠎ᠠ ᠪᠠᠷ ᠶᠢᠡᠨ ᠳᠠᠭ ᠪᠦᠳᠡᠭᠡᠵᠤ᠄

᠊᠊᠊᠊᠊᠊᠊᠊᠊᠊᠊᠊᠊᠊᠊ ᠭᠠᠯ ᠤᠨ ᠪᠣᠷᠬᠠᠨ ᠦᠷᠤᠰᠢᠶᠠ ︕ ᠭᠠᠯ ᠤᠨ ᠪᠣᠷᠬᠠᠨ ᠦᠷᠤᠰᠢᠶᠠ ︕ ᠁ ᠭᠡᠵᠤ ᠨᠢᠳᠤ ᠪᠠᠨ ᠳᠠᠭ ᠠᠨᠢᠴᠢᠬᠠᠭᠠᠤᠨ ᠠᠮᠠᠨ ᠳᠠᠭᠠᠨ ᠲᠦᠳᠦᠨᠡᠨ᠎ᠠ᠃

᠊᠊᠊᠊᠊᠊᠊᠊᠊᠊᠊᠊᠊᠊᠊ ᠲᠦᠩ ᠲᠦᠩ ᠁

ᠡᠪᠦᠭᠡᠨ ᠤ ᠠᠮᠠᠨ ᠳᠠᠷᠨᠢ ᠣᠢ᠌ᠯᠠᠳᠤᠯ ᠭᠠᠷᠭᠠᠭᠰᠠᠨ ᠤ ᠦᠦ ︕ ᠬᠠᠭᠠᠯᠭ᠎ᠠ ᠶᠢ ᠪᠠᠯᠪᠠᠯᠠᠬᠤ ᠪᠠᠨ ᠪᠠᠢ᠌ᠭᠠᠤᠨ 《ᠳᠤᠱ ᠳᠤᠱ》 ᠳᠠᠭᠤ ᠪᠣᠯᠤᠨ ᠳᠤᠤᠷ᠎ᠠ ᠠᠰᠠᠷ ᠤᠨ ᠡᠭᠦᠳᠡ 《ᠫᠠᠩ》 ᠭᠡᠵᠤ ᠬᠠᠭᠠᠭᠠᠭᠳᠠᠬᠤ ᠳᠠᠭᠤᠨ ᠰᠤᠨᠤᠰᠳᠠᠬᠤ ᠳᠤ ᠡᠪᠦᠭᠡᠨ ᠤ ᠳᠤᠳᠤᠷ᠎ᠠ ᠪᠠᠭ᠎ᠠ ᠠᠭᠤᠵᠢᠷᠠᠵᠤ ᠣᠴᠢᠯ᠎ᠠ᠃

ᠵᠢᠷᠠᠨᠳᠠᠢ ᠡᠪᠦᠭᠡᠨ ᠪᠠᠯᠢᠳᠠᠨ ᠰᠠᠨᠳᠤᠷᠬᠤ᠂ ᠪᠠᠴᠢᠮᠳᠠᠨ ᠠᠭᠤᠷᠯᠠᠬᠤ ᠬᠤᠤᠰᠯᠠᠵᠤ ᠳᠤᠳᠤᠷ᠎ᠠ ᠨᠢ ᠭᠠᠯ ᠠᠪᠣᠯᠴᠠᠬᠤ ᠰᠢᠭ᠂ ᠪᠦᠵᠦᠡᠭ᠌ ᠡᠪᠦᠷᠯᠡᠭ᠍ᠰᠡᠨ ᠴᠤ ᠰᠢᠭ᠌ ᠳᠤᠭᠳᠠᠪᠣᠷᠢ ᠠᠯᠳᠠᠨ ᠠᠭᠤᠷ ᠭᠢᠯᠢᠩ᠂ ᠭᠤᠮᠤᠳᠠᠯ ᠪᠣᠭᠢᠨᠢᠳᠤᠯ ᠤᠨ ᠠᠯᠢ ᠠᠯᠢ ᠨᠢ ᠳᠠᠪᠬᠤᠴᠠᠵᠤ ᠢᠷᠡᠭᠦᠯᠡᠷ᠂ ᠠᠰᠠᠷ ᠲᠤ ᠨᠡᠭᠦᠵᠤ ᠣᠷᠤᠵᠤ ᠢᠷᠡᠭ᠍ᠰᠡᠨ ᠡᠴᠡ ᠰᠡᠭᠦᠯᠡᠷ ᠳᠠᠳᠠᠬᠤ ᠪᠠᠨ ᠪᠠᠢ᠌ᠭᠰᠠᠨ ᠳᠠᠮᠠᠭᠢ ᠳ᠋ᠠᠢ ᠪᠠᠨ ᠡᠷᠢᠵᠤ ᠭᠠᠷᠭᠠᠨ ᠨᠢᠭᠡ ᠭᠠᠩᠰᠠ ᠨᠤᠴᠤᠭᠠᠨ ᠠᠪᠴᠤ ᠳᠠᠳᠠᠵᠤ ᠰᠠᠭᠤᠭᠰᠠᠨ ᠶᠢᠡᠨ ᠳᠠᠭᠢᠨ ᠡᠷᠢᠶᠡᠨ ᠠᠷᠢᠭᠢᠨ ᠬᠤᠤᠪᠢᠩ ᠳᠠᠭᠠᠨ ᠠᠷᠢᠭᠢ ᠳᠦᠭᠦᠷᠭᠡᠨ ᠠᠪᠴᠤ ᠭᠦᠯᠳᠡᠭᠡᠭᠦᠷ ᠬᠤᠷᠭᠤᠨ ᠡᠴᠡ ᠥᠯᠡᠳᠡᠭᠦᠷ ᠭᠦᠢᠳᠡᠨ ᠨᠤᠭᠤᠭ᠎ᠠ ᠶᠢ ᠰᠢᠷᠡᠭᠡᠨ ᠳᠡᠭᠡᠷ᠎ᠡ ᠪᠠᠨ ᠭᠠᠷᠭᠠᠨ ᠳᠠᠯᠪᠢᠵᠤ ᠣᠤᠭᠤᠵᠤ ᠡᠭᠢᠯᠡᠪᠡ᠃

ᠠᠷᠢᠭᠢ ᠭᠡᠳᠡᠭ᠌ ᠶᠠᠭᠤᠮ᠎ᠠ ᠴᠢᠨᠢ ᠭᠦᠮᠤᠨ ᠪᠠᠶᠠᠷᠯᠠᠭᠰᠠᠨ ᠴᠠᠭ ᠲᠤ ᠣᠤᠭᠤᠪᠠᠯ ᠪᠠᠯ ᠪᠣᠷᠠᠮ ᠰᠢᠭ ᠰᠠᠢ᠌ᠬᠠᠨ ᠪᠠᠢ᠌ᠵᠤ ᠭᠦᠮᠤᠨ ᠤ ᠰᠡᠳᠭᠢᠯ ᠴᠤ ᠲᠠᠭᠠᠨ ᠰᠡᠷᠭᠦᠵᠤ ᠢᠷᠠᠨ᠎ᠠ ᠭᠡᠭᠦᠯᠡᠷ ᠣᠷᠤᠭᠤᠳᠠᠭᠠᠤᠨ ᠣᠢ᠌ᠤᠠᠬᠤ ᠦᠶᠡᠰ ᠣᠤᠭᠤᠪᠠᠯ ᠣᠶᠠᠷᠠᠯ ᠭᠤᠮᠤᠳᠠᠯ ᠪᠣᠯᠵᠤ ᠬᠤᠪᠢᠷᠠᠬᠤ ᠶᠢ ᠨᠢ ᠭᠡᠯᠡᠭᠦ ᠦᠭᠡᠶ᠂ ᠣᠤᠯ ᠡᠴᠡ ᠪᠠᠨ ᠪᠠᠢ᠌ᠵᠤ ᠪᠠᠢ᠌ᠭᠰᠠᠨ ᠦᠭᠡᠶ ᠠᠭᠤᠷ ᠣᠮᠤᠭ ᠴᠤ ᠭᠦᠭ᠍ᠵᠢᠭᠡᠳ ᠢᠷᠡᠭᠦ ᠶᠤᠮ ᠪᠠᠢ᠌ᠨ᠎ᠠ᠃ ᠡᠪᠦᠭᠡᠨ ᠶᠠᠭ ᠰᠠᠢ᠌ᠬᠠᠨ ᠬᠤᠤᠪᠢᠩ ᠲᠡᠶ ᠠᠷᠢᠭᠢ ᠶᠢ ᠬᠠᠭᠠᠰᠯᠠᠵᠤ᠂ ᠠᠭᠠᠭ ᠤᠨ ᠭᠦᠤ ᠠᠭᠤᠰᠭᠢ ᠵᠢᠷᠦᠭᠡ ᠶᠢ ᠨᠢ ᠮᠠᠯ ᠭᠡᠳᠡᠯ᠎ᠡ ᠬᠠᠯᠠᠭᠤᠯᠤᠭᠠᠤᠨ ᠢᠷᠡᠭᠦ ᠳᠤ ᠦᠨᠦᠳᠤᠷ ᠤᠨ ᠳᠠᠳᠠᠭᠰᠠᠨ ᠣᠷᠰᠢᠭ ᠶᠠᠷᠰᠢᠭ ᠶᠢᠡᠨ ᠪᠣᠳᠤᠨ ᠪᠣᠳᠤᠨ ᠥᠭᠡᠳᠡ ᠦᠭᠡᠶ ᠰᠠᠨᠠᠭᠳᠠᠵᠤ᠂ 《ᠡᠢ᠌ᠮᠤ ᠣᠠᠴᠠᠭᠠᠢ ᠡᠳᠦᠷ ᠳᠠᠯ᠎ᠠ ᠶᠢᠨ ᠰᠠᠢ᠌ᠨ ᠡᠷ᠎ᠡ ᠪᠢ ᠢᠩᠭᠢᠵᠤ ᠳᠠᠷ ᠦᠭᠡᠶ ᠮᠠᠭᠤ ᠭᠢᠳᠠᠤᠨ ᠤᠨ ᠬᠠᠷᠢᠶᠠᠯ ᠵᠥᠭᠡᠯ ᠢ ᠠᠮᠰᠠᠨ᠎ᠠ ᠭᠡᠭ᠍ᠴᠢ ᠨᠢ》 ᠭᠡᠵᠤ ᠦᠶ᠎ᠡ ᠦᠶ᠎ᠡ ᠳᠤᠳᠤᠷ᠎ᠠ ᠨᠢ ᠪᠠᠭ᠍ᠳᠡᠷᠡᠨ ᠭᠡᠯᠡᠵᠤ ᠳᠠᠢ᠌ᠯᠤᠰᠢ ᠦᠭᠡᠶ ᠪᠣᠭᠢᠨᠢᠳᠤᠯ ᠬᠤᠭᠤᠯᠠᠢ ᠳᠡᠭᠡᠷ᠎ᠡ ᠨᠢ ᠵᠠᠩᠭᠢᠷᠠᠵᠤ ᠭᠠᠰᠢᠭᠤᠨ ᠨᠢᠯᠪᠣᠰᠤ ᠪᠣᠯᠤᠨ ᠡᠩᠭᠡᠷ ᠣᠷᠤᠭᠤ ᠨᠢ ᠪᠠᠭᠤᠭᠠᠤᠨ ᠢᠷᠡᠴᠢᠭᠡᠭᠦ ᠨᠢ ᠡ᠃

ᠡᠪᠦᠭᠡᠨ ᠡᠨᠡ ᠮᠠᠳᠤ ᠠᠷᠢᠭᠢ ᠪᠠᠨ ᠰᠢᠮᠠᠨ ᠰᠢᠮᠠᠨ ᠡᠯᠳᠡᠪ ᠢ ᠪᠣᠳᠤᠨ ᠨᠢᠯᠪᠣᠰᠤ ᠪᠠᠨ ᠠᠷᠴᠢᠨ ᠠᠷᠴᠢᠨ ᠰᠠᠭᠤᠵᠤ ᠪᠠᠢ᠌ᠳᠠᠯ᠎ᠠ᠂ ᠠᠰᠠᠷ ᠤᠨ ᠱᠠᠳᠤ ᠪᠠᠷ ᠬᠤᠶᠠᠷ ᠭᠦᠮᠤᠨ ᠵᠤᠭᠤᠭ ᠲᠡᠶ᠂ ᠭᠦᠷ ᠲᠡᠶ ᠳᠦᠷᠴᠢᠭᠢᠨᠠᠨ ᠭᠠᠷᠴᠤ ᠢᠷᠡᠭᠦ ᠨᠢ ᠳᠤᠭᠤᠯᠳᠠᠬᠤ ᠳᠤ ᠭᠡᠳᠥᠢᠨ ᠳᠤᠤᠷ᠎ᠠ ᠠᠰᠠᠷ ᠤᠨ ᠡᠭᠦᠳᠡ ᠪᠠᠰᠠ 《ᠳᠦᠷᠳ᠋》 ᠭᠢᠨ ᠨᠡᠭᠡᠭᠡᠭ᠍ᠳᠡᠨ ᠬᠤᠶᠠᠷ ᠭᠦᠮᠤᠨ 《ᠳᠦᠱ᠂ ᠳᠠᠱ》 ᠳᠡᠭᠡᠭ᠍ᠰᠢ ᠭᠠᠷᠴᠤ ᠢᠷᠡᠭᠦ ᠨᠢ ᠰᠤᠨᠤᠰᠳᠠᠨ᠎ᠠ᠃

ᠡᠪᠦᠭᠡᠨ ᠭᠦᠭᠡᠷᠦᠭᠦᠢ᠂ ᠭᠡᠮ ᠶᠢᠡᠨ ᠭᠢᠭ᠍ᠰᠡᠨ ᠭᠦᠮᠤᠨ ᠭᠡᠭᠡᠨ ᠣᠬᠠᠭᠠᠨ ᠲᠡᠶ ᠭᠡᠳᠡᠭ᠌ ᠶᠢᠡᠷ ᠬᠤᠶᠠᠷ ᠬᠡᠦᠬᠡᠳ ᠨᠢ ᠢᠷᠠᠯ᠎ᠠ ᠶᠢ ᠭᠠᠳᠠᠷᠯᠠᠭᠠᠤᠨ᠂ ᠰᠠᠨᠳᠤᠷᠴᠤ ᠬᠤᠤᠪᠢᠩ ᠲᠡᠶ ᠠᠷᠢᠭᠢ ᠪᠠᠨ ᠴᠠᠰᠢ ᠲᠦᠯᠭᠢᠵᠤ᠂ ᠠᠶᠠᠭ᠎ᠠ ᠠᠪᠴᠤ ᠳᠤᠭᠤᠭ᠎ᠠ ᠡᠴᠡ ᠠᠯᠢ ᠭᠡᠳᠥᠢᠨ ᠭᠦᠷᠴᠢᠭᠡᠭ᠍ᠰᠡᠨ ᠠᠮᠤᠰᠤ ᠪᠠᠨ ᠠᠶᠠᠭᠠᠯᠠᠵᠤ ᠠᠪᠬᠤ ᠭᠡᠵᠤ ᠪᠠᠢ᠌ᠳᠠᠯ᠎ᠠ ᠡᠭᠦᠳᠡ ᠨᠡᠭᠡᠭᠡᠭ᠍ᠳᠡᠭᠦ ᠲᠡᠶ ᠵᠡᠷᠭᠡ ᠳᠤᠤᠷ᠎ᠠ ᠠᠰᠠᠷ ᠤᠨ ᠡᠷ᠎ᠡ ᠡᠮ᠎ᠡ ᠬᠤᠶᠠᠭᠤᠯᠠ ᠠᠮᠠᠳᠠᠨ ᠠᠪᠴᠤ ᠳᠡᠭᠡᠷ᠎ᠡ ᠳᠠᠭᠤᠨ ᠶᠢᠡᠷ ᠠᠪᠣ ᠶᠢᠨ ᠭᠢᠨᠢ ᠭᠢᠭ᠍ᠰᠡᠨ ᠭᠡᠷᠡᠭ᠌ ᠢ ᠳᠤᠭᠠᠴᠢᠨ ᠬᠠᠷᠢᠶᠠᠵᠤ ᠭᠦᠤ ᠶᠢ ᠨᠢ ᠳᠤᠭᠳᠤᠷᠴᠤ ᠴᠢᠩᠭ᠋ᠠᠭᠠᠵᠤ ᠵᠢᠭᠤᠷᠠᠯᠳᠤᠭᠰᠠᠭᠠᠷ ᠬᠠᠭᠠᠯᠭ᠎ᠠ ᠨᠢ ᠪᠠᠭᠳᠠᠨ ᠶᠠᠳᠠᠨ ᠢᠪ ᠲᠦᠯᠭᠢᠨ ᠣᠷᠤᠵᠤ ᠢᠷᠠᠪᠠ᠃

ᠦᠨᠦ ᠭᠢᠳᠠᠤᠨ ᠡᠮ᠎ᠡ ᠭᠦᠶ‍ᠦᠵᠤ ᠣᠴᠢᠮᠠᠭᠴᠠ ᠡᠪᠦᠭᠡᠨ ᠤ ᠡᠩᠭᠡᠯᠵᠦᠭᠦᠷ ᠡᠴᠡ ᠨᠢ ᠪᠠᠵᠠᠭᠳᠠᠨ ᠠᠪᠴᠤ᠄

᠊᠊᠊᠊᠊᠊᠊᠊᠊᠊᠊᠊᠊᠊᠊ ᠴᠢ ᠳᠤᠤᠷ᠎ᠠ ᠪᠠᠭᠤᠵᠤ ᠮᠢᠨᠤ ᠴᠤᠩᠬᠤᠨ ᠰᠢᠯ ᠢ ᠦᠵᠡ ︕ ᠭᠡᠵᠤ ᠡᠪᠦᠭᠡᠨ ᠢ ᠭᠠᠳᠠᠭᠰᠢ ᠴᠢᠷᠤᠨ᠎ᠠ᠃ ᠭᠠᠳᠠᠨ᠎ᠠ ᠣᠯᠠᠭᠤᠯᠠ ᠠᠷᠢᠭᠢ ᠣᠤᠭᠤᠭᠠᠤᠨ ᠳᠡᠭᠡᠷ᠎ᠡ ᠬᠠᠯᠰᠠᠭᠤ ᠬᠠᠷᠢᠵᠤ ᠢᠷᠡᠭ᠍ᠰᠡᠨ ᠭᠦᠤ ᠨᠢ ᠪᠠᠢ᠌ᠵᠤ ᠦᠦ᠂ ᠠᠪᠣ ᠶᠢᠨ ᠶᠢᠡᠨ ᠭᠢᠳᠠᠤᠨ ᠡᠮ᠎ᠡ ᠶᠢᠨ ᠭᠠᠷ ᠲᠤ ᠠᠩᠭ᠋ᠠᠯᠵᠠᠵᠤ ᠪᠠᠢ᠌ᠬᠤ ᠶᠢ ᠨᠢ ᠬᠠᠷᠠᠭᠠᠤᠨ᠂ ᠮᠤᠩᠭ᠋ᠤᠯ ᠤᠨ ᠣᠮᠤᠭ ᠨᠢ ᠭᠦᠳᠡᠯᠵᠤ ᠳᠠᠭᠢᠶ᠎ᠠ ᠰᠢᠭᠦᠷᠡᠭᠦ ᠡᠯᠢᠶ᠎ᠡ ᠰᠢᠭ᠌ ᠳᠠᠪ ᠭᠢᠨ ᠦᠨᠦ ᠭᠢᠳᠠᠤᠨ ᠡᠷᠡᠭ᠍ᠳᠡᠢ ᠶᠢ ᠰᠢᠯᠢᠨ ᠭᠦᠵᠦᠭᠦᠤ ᠡᠴᠡ ᠨᠢ ᠠᠳᠬᠤᠵᠤ ᠠᠪᠣᠭᠠᠤᠨ ᠳᠠᠭᠢᠮ ᠶᠢᠠᠷ ᠨᠢ ᠨᠤᠭᠤ ᠣᠴᠢᠳᠠᠯ᠎ᠠ ᠳᠠᠷᠤᠵᠤ ᠣᠨᠠᠭᠠᠭᠠᠤᠨ ᠨᠢᠷᠤᠭᠤᠨ ᠳᠡᠭᠡᠷ᠎ᠡ ᠨᠢ ᠡᠪᠦᠳᠦᠭᠯᠡᠭᠡᠳ ᠵᠠᠪᠳᠤᠪᠠ᠃ ᠭᠦᠤ ᠶᠢᠨ ᠭᠢᠨ ᠭᠦᠯ ᠳᠤᠤᠷᠠᠭᠢ ᠡᠷ᠎ᠡ ᠨᠢ 《ᠠᠢ ᠶᠤᠤ᠂ ᠮᠠᠢ ᠶᠤᠤ ᠁》 ᠭᠡᠵᠤ ᠡᠷᠢᠶᠡᠨ ᠰᠠᠷᠠᠯ ᠪᠠᠷᠭᠢᠷᠠᠵᠤ ᠭᠦᠷᠦᠰᠦᠯᠢᠭ᠌ ᠳᠤᠮᠤ ᠡᠷ᠎ᠡ ᠠᠷᠢᠭᠢᠨ ᠬᠠᠯᠠᠭᠤᠨ ᠳᠡᠭᠡᠭ᠍ᠰᠢ ᠪᠠᠳᠠᠷᠠᠵᠤ ᠭᠦᠵᠦᠭᠦᠨ ᠳᠡᠭᠡᠨ ᠳᠤᠯᠳᠠᠯ᠎ᠠ ᠣᠯᠠᠢ᠌ᠭᠠᠤᠨ᠂ ᠬᠤᠶᠠᠷ ᠨᠢᠳᠤ ᠨᠢ ᠣᠯᠠᠭᠠᠨ ᠶᠢᠡᠷ ᠡᠷᠭᠢᠯᠳᠦᠵᠤ ᠠᠯᠠᠬᠤ ᠠᠭᠤᠷ ᠳᠡᠭ᠍ᠷᠢ ᠳᠤ ᠳᠤᠯᠤᠭᠰᠠᠨ ᠢ ᠬᠠᠷᠠᠭᠰᠠᠨ ᠭᠢᠳᠠᠤᠨ ᠡᠮ᠎ᠡ ᠄

᠊᠊᠊᠊᠊᠊᠊᠊᠊᠊᠊᠊᠊᠊᠊ ᠳᠠ᠂ ᠶᠠᠭᠠᠭᠢᠬᠤ ᠭᠡᠵᠤ ᠪᠠᠢ᠌ᠬᠤ ᠶᠤᠮ ︖ ᠮᠢᠨᠤ ᠡᠷᠡᠭ᠍ᠳᠡᠢ ᠶᠢ ᠳᠠᠯᠪᠢ ︕

᠊᠊᠊᠊᠊᠊᠊᠊᠊᠊᠊᠊᠊᠊᠊ ᠳᠠ ᠮᠢᠨᠤ ᠠᠪᠣ ᠶᠢ ᠳᠠᠯᠪᠢ᠂ ᠦᠨᠦᠳᠤᠷ ᠳᠠ ᠮᠢᠨᠤ ᠠᠪᠣ ᠶᠢ ᠡᠢ᠌ᠮᠤ ᠳᠠᠢ᠌ᠮᠤ ᠪᠣᠯᠭᠠᠴᠢᠬᠠᠪᠠᠯ᠂ ᠪᠢ ᠡᠨᠡ ᠱᠣᠢ᠌ᠱᠤᠭ ᠤᠨ ᠰᠢᠭᠡᠰᠤ ᠶᠢᠨ ᠭᠦᠵᠦᠭᠦᠤ ᠶᠢ ᠳᠠᠭᠢᠶ᠎ᠠ ᠮᠤᠰᠭᠢᠬᠤ ᠰᠢᠭ ᠮᠤᠰᠭᠢᠵᠤ ᠬᠠᠶᠠᠨ᠎ᠠ ︕ ᠭᠡᠵᠤ ᠭᠢᠳᠠᠤᠨ ᠶᠢᠡᠷ ᠡᠭᠡᠳᠡᠨ ᠳᠡᠭᠡᠳᠡᠨ ᠬᠠᠰᠭᠢᠷᠬᠤ ᠳᠤ᠂ ᠳᠠᠷᠠ ᠡᠮ᠎ᠡ ᠡᠪᠦᠭᠡᠨ ᠤ ᠡᠩᠭᠡᠯᠵᠦᠭᠦᠷ ᠡᠴᠡ ᠨᠢ ᠪᠠᠵᠠᠭᠳᠠᠬᠤ ᠪᠠᠨ ᠪᠠᠬᠠᠨ ᠰᠤᠯᠠᠳᠬᠠᠭᠰᠠᠨ ᠪᠣᠯᠪᠠᠴᠤ᠂ ᠳᠤᠳᠠᠭᠠᠬᠤ ᠡᠴᠡ ᠨᠢ ᠠᠶᠤᠭᠰᠠᠨ ᠶᠤᠮᠰᠢᠭ ᠡᠪᠦᠭᠡᠨ ᠤ ᠬᠠᠨᠴᠤᠢ ᠡᠴᠡ ᠨᠢ ᠵᠢᠭᠤᠷᠠᠵᠤ ᠵᠤᠭᠰᠤᠨ᠎ᠠ᠃ ᠭᠦᠤ ᠪᠠᠷᠢ ᠨᠢ ᠡᠭᠦᠨ ᠢ ᠨᠢ ᠰᠠᠯᠭᠠᠨ᠎ᠠ᠂ ᠳᠡᠭᠦᠨ ᠢ ᠨᠢ ᠬᠤᠷᠢᠭᠯᠠᠨ᠎ᠠ ᠭᠡᠵᠤ ᠨᠠᠰᠢ ᠴᠠᠰᠢ ᠭᠦᠶ‍ᠦᠵᠤ ᠪᠠᠢ᠌ᠭᠰᠠᠨ ᠶᠢᠡᠨ ᠴᠤᠬᠤᠮ ᠶᠠᠮᠠᠷ ᠶᠠᠪᠣᠳᠠᠯ ᠪᠣᠯᠤᠭᠰᠠᠨ ᠢ ᠮᠡᠳᠡᠭᠦ ᠭᠡᠵᠤ ᠠᠪᠣ ᠶᠢᠨ ᠶᠢᠡᠨ ᠣᠠᠳᠠᠯᠭ᠎ᠠ ᠶᠢᠨ ᠦᠷᠦᠭᠡᠨ ᠳᠤ ᠣᠷᠤᠵᠤ᠂ ᠴᠤᠩᠬᠤᠨ ᠳᠠᠢ᠌ᠰᠠᠨ ᠳᠡᠭᠡᠷᠡᠭᠢ ᠠᠶᠠᠭᠠᠨ ᠬᠠᠭᠠᠷᠬᠠᠢ᠂ ᠠᠮᠤᠰᠤ ᠪᠠᠷ ᠪᠢᠯᠳᠠᠭᠰᠠᠨ ᠣᠷᠤᠨ ᠪᠦᠳᠡᠭᠡᠯᠭᠡ ᠵᠡᠷᠭᠡ ᠶᠢ ᠥᠵᠡᠭᠡᠳ ᠠᠷᠢᠭᠢᠨ ᠬᠠᠯᠠᠭᠤᠨ ᠨᠢ ᠳᠡᠭᠡᠭ᠍ᠰᠢ ᠪᠠᠳᠠᠷᠠᠵᠤ ᠭᠠᠯ ᠣᠮᠤᠭ ᠨᠢ ᠳᠦᠷᠡᠯᠵᠡᠭ᠍ᠰᠡᠨ ᠪᠣᠯᠤᠯᠳᠠᠢ᠂ ᠠᠷᠪᠢᠨ ᠶᠠᠭᠤᠮ᠎ᠠ ᠶᠢ ᠳᠤᠩᠭ᠋ᠠᠵᠤ ᠠᠮᠵᠢᠯ ᠦᠭᠡᠶ᠄

᠊᠊᠊᠊᠊᠊᠊᠊᠊᠊᠊᠊᠊᠊᠊ ᠡᠨᠡ ᠴᠢᠨᠢ ᠶᠠᠭᠤ ᠪᠣᠯᠵᠤ ᠪᠠᠢ᠌ᠭ᠎ᠠ ᠨᠢ ᠡᠨᠡ ᠪᠣᠢ ︖ ᠠᠢ᠌ᠯ ᠭᠡᠷ ᠠᠮᠢᠳᠤᠷᠠᠵᠤ᠂ ᠰᠢᠨᠠᠯᠠᠵᠤ ᠪᠠᠢ᠌ᠬᠤ ᠮᠠ‍‌ᠶ‍ᠢᠭ ᠪᠠᠢ᠌ᠨ᠎ᠠ ᠦᠦ ︖ ᠪᠢ ᠡᠨᠡ ᠭᠡᠷ ᠲᠤ ᠠᠮᠢᠳᠤᠷᠠᠬᠤ ᠶᠢᠨ ᠠᠷᠭ᠎ᠠ ᠦᠭᠡᠶ ᠪᠣᠯᠤᠯ᠎ᠠ᠂ ᠪᠢ ᠳᠦᠷᠭᠦᠮ ᠳᠡᠭᠡᠨ ᠬᠠᠷᠢᠵᠤ ᠰᠢᠨᠠᠯᠠᠨ᠎ᠠ ᠭᠡᠵᠤ ᠶᠠᠭᠤᠮ᠎ᠠ ᠭᠡᠦᠮ᠎ᠡ ᠪᠠᠨ ᠪᠠᠭᠴᠠᠯᠠᠬᠤ ᠪᠠᠷ ᠪᠣᠭᠴᠤ ᠮᠤᠭᠴᠤ ᠭᠡᠳ ᠰᠣᠢ᠌ᠤᠨ ᠪᠣᠯᠤᠭᠠᠤᠨ ᠢᠷᠡᠭᠦᠯᠡᠷ ᠡᠪᠦᠭᠡᠨ ᠰᠠ‍‌ᠶ‍ᠢᠬᠠᠨ ᠭᠢᠳᠠᠤᠨ ᠡᠮ᠎ᠡ ᠳᠤ ᠡᠩᠭᠡᠯᠵᠦᠭᠦᠷ ᠡᠴᠡ ᠪᠠᠨ ᠪᠠᠵᠠᠭᠳᠠᠵᠤ ᠠᠮᠢᠰᠬᠤᠯ ᠪᠦᠭᠯᠡᠷᠡᠭᠡᠳ ᠪᠠᠢ᠌ᠭᠰᠠᠨ ᠲᠡᠶ ᠭᠦᠤ ᠪᠠᠷᠢ ᠶᠢᠨ ᠶᠢᠡᠨ ᠶᠠᠪᠣᠨ᠎ᠠ ᠭᠡᠵᠤ ᠠᠭᠠᠰᠢᠯᠠᠬᠤ ᠶᠢ ᠨᠢ ᠬᠠᠷᠠᠭᠰᠠᠨ ᠲᠡᠶ ᠡᠪᠦᠭᠡᠨ ᠤ ᠡᠯᠢᠭᠡᠨ ᠭᠡᠢ ᠵᠢᠷᠦᠭᠡᠨ ᠴᠢᠰᠤ ᠳᠡᠭᠡᠭ᠍ᠰᠢ ᠭᠦᠭᠡᠷᠴᠤ ᠭᠡᠨᠡᠳᠲᠡ ᠨᠢᠳᠤ ᠨᠢ ᠬᠠᠷᠠᠯᠠᠨ ᠭᠦᠰᠡᠷ 《ᠭᠦᠰ》 ᠭᠡᠳᠡᠯ᠎ᠡ ᠰᠠᠪᠠᠵᠤ ᠣᠨᠠᠪᠠ᠃ ᠠᠪᠣ ᠶᠢᠨ ᠶᠢᠡᠨ ᠰᠠᠪᠠᠵᠤ ᠣᠨᠠᠬᠤ ᠶᠢ ᠬᠠᠷᠠᠭᠰᠠᠨ ᠭᠦᠤ ᠨᠢ ᠄

᠊᠊᠊᠊᠊᠊᠊᠊᠊᠊᠊᠊᠊᠊᠊ ᠠᠪᠣ ᠡ᠂ ᠭᠡᠵᠤ ᠳᠠᠭᠤ ᠠᠯᠳᠠᠨ ᠠᠪᠣ ᠶᠢ ᠪᠠᠨ ᠣᠴᠢᠵᠤ ᠳᠠᠪᠠᠷᠢᠵᠤ ᠠᠪᠬᠤ ᠶᠢᠨ ᠬᠤᠭᠤᠷᠤᠠᠳᠤ ᠭᠦᠤ ᠶᠢᠨ ᠭᠢᠨ ᠭᠦᠯ ᠳᠤᠤᠷ᠎ᠠ ᠨᠤᠭᠳᠣᠢ᠌ᠵᠤ ᠪᠠᠢ᠌ᠭᠰᠠᠨ ᠭᠢᠳᠠᠤᠨ ᠵᠠᠯᠠᠭᠤ ᠪᠣᠰᠤᠨ᠎ᠠ ᠭᠡᠳ ᠳᠡᠯᠴᠢᠯᠡᠭᠦ ᠳᠤ ᠡᠪᠦᠭᠡᠨ ᠰᠠᠪᠠᠵᠤ ᠣᠨᠠᠬᠤ ᠳᠤ ᠠᠶᠤᠭᠰᠠᠨ ᠭᠢᠳᠠᠤᠨ ᠡᠮ᠎ᠡ ᠶᠠᠭᠠᠭᠢᠬᠤ ᠪᠠᠨ ᠣᠯᠬᠤ ᠦᠭᠡᠶ ᠳᠡᠨᠡᠭ᠍ᠰᠢᠷᠡᠨ ᠵᠤᠭᠰᠤᠵᠤ ᠪᠠᠢ᠌ᠭᠰᠠᠨ ᠶᠢᠡᠨ ᠭᠡᠨᠡᠳᠲᠡ ᠰᠡᠭᠡᠰᠭᠢᠵᠤ ᠪᠠᠢ᠌ᠳᠠᠯ ᠮᠠᠭᠤᠬᠠᠢ ᠵᠥᠭ᠌ ᠲᠡᠭᠡᠨ ᠬᠠᠨᠳᠤᠭᠰᠠᠨ ᠢ ᠣᠬᠠᠭᠠᠷᠠᠵᠤ ᠡᠷ᠎ᠡ ᠪᠠᠨ ᠲᠦᠰᠢᠵᠤ ᠪᠣᠰᠬᠠᠭᠠᠤᠨ ᠭᠠᠷ ᠡᠴᠡ ᠨᠢ ᠴᠢᠷᠦᠭ᠍ᠰᠡᠭᠡᠷ ᠭᠤᠳ ᠭᠠᠷᠤᠭᠠᠤᠨ ᠳᠤᠳᠠᠭᠠᠴᠢᠬᠠᠪᠠ᠃

᠊᠊᠊᠊᠊᠊᠊᠊᠊᠊᠊᠊᠊᠊᠊ ᠠᠪᠣ ᠡ᠂ ᠠᠪᠣ ᠡ ︕ ᠁ ᠭᠡᠵᠤ ᠭᠦᠤ ᠨᠢ ᠠᠪᠣ ᠶᠢᠨ ᠶᠢᠡᠨ ᠮᠦᠷᠤ ᠡᠴᠡ ᠨᠢ ᠰᠡᠭ᠍ᠰᠦᠷᠡᠨ᠂ ᠭᠦᠤ ᠪᠠᠷᠢ ᠨᠢ ᠴᠤ ᠭᠦᠶᠤᠨ ᠢᠷᠠᠵᠤ 《ᠭᠦᠮᠤᠨ》 ᠳᠡᠭᠡᠷ᠎ᠡ ᠨᠢ ᠰᠢᠭᠢᠦᠡᠭᠡᠵᠤ ᠪᠠᠢ᠌ᠭᠠᠤᠨ ᠠᠷᠠᠢ ᠠᠮᠢ ᠣᠷᠤᠭᠤᠯᠵᠤ ᠠᠪᠣᠪᠠ᠃ ᠡᠰᠡᠯᠡ ᠠᠮᠢᠨ ᠭᠡᠷᠡᠭ᠌ ᠭᠠᠷᠴᠢᠬᠠᠬᠤ ᠰᠢᠬᠠᠭᠰᠠᠨ ᠢ ᠬᠠᠷᠠᠭᠰᠠᠨ ᠭᠦᠤ ᠪᠠᠷᠢ ᠨᠢ ᠣᠭᠢᠯᠠᠵᠤ ᠣᠠᠵᠢᠬᠤ ᠪᠠᠨ ᠳᠠᠭ ᠵᠤᠭᠰᠤᠵᠤ ᠪᠠᠭᠴᠠᠯᠠᠵᠤ ᠪᠠᠢ᠌ᠭᠰᠠᠨ ᠶᠠᠭᠤᠮ᠎ᠠ ᠭᠡᠦᠮ᠎ᠡ ᠪᠠᠨ ᠪᠢᠯᠠᠭᠤᠳᠠᠵᠤ ᠶᠠᠪᠣᠭᠤᠯᠤᠭᠠᠤᠨ ᠣᠠᠳᠠᠬᠤ ᠦᠷᠦᠭᠡ ᠳᠡᠭᠡᠨ ᠣᠷᠤᠭᠠᠤᠨ ᠬᠠᠭᠠᠯᠭ᠎ᠠ ᠪᠠᠨ 《ᠫᠠᠰ》 ᠭᠡᠳᠡᠯ᠎ᠡ ᠬᠠᠭᠠᠭᠠᠤᠨ ᠣᠷᠤᠢ ᠣᠷᠤᠭᠤ ᠪᠠᠨ ᠭᠦᠡᠵᠢᠯᠡ ᠨᠥᠮᠦᠷᠦᠭᠡᠳ ᠭᠡᠪᠳᠡᠪᠡ᠃

ᠠᠪᠣ ᠪᠠᠨ ᠲᠦᠰᠢᠵᠤ ᠳᠤᠯᠤᠭᠠᠤᠨ ᠱᠠᠹᠠ ᠳᠡᠭᠡᠷ᠎ᠡ ᠠᠪᠠᠴᠢᠵᠤ ᠰᠠᠭᠤᠯᠭᠠᠭᠰᠠᠨ ᠭᠦᠤ ᠨᠢ ᠱᠠᠹᠠ ᠲᠦᠰᠢᠵᠤ ᠳᠠᠩᠭ᠋ᠠᠢ᠌ᠵᠤ ᠪᠠᠢ᠌ᠭᠰᠠᠨ ᠶᠢᠡᠨ ᠣᠳᠠᠯ ᠦᠭᠡᠶ ᠬᠠᠮᠠᠷ ᠳᠠᠳᠠᠨ ᠬᠤᠷᠭᠢᠷᠠᠪᠠ᠃ ᠡᠨᠡ ᠊ᠭ᠍ᠱᠡᠨ ᠳᠤ ᠭᠦᠤ ᠶᠢᠨ ᠭᠢᠨ ᠬᠠᠮᠠᠷ ᠳᠠᠳᠠᠬᠤ ᠳᠠᠭᠤᠨ ᠢ ᠭᠠᠷᠭᠠᠪᠠᠯ ᠡᠨᠡ ᠭᠡᠷ ᠲᠤ ᠵᠡᠭᠦᠤ ᠣᠨᠠᠭᠰᠠᠨ ᠴᠤ ᠰᠤᠨᠤᠰᠳᠠᠮᠠᠷ ᠢᠯᠤᠮ ᠵᠢᠯᠦᠮᠭᠡᠨ ᠪᠣᠯᠪᠠ᠃ ᠬᠤᠶᠠᠷ ᠬᠡᠦᠬᠡᠳ ᠨᠢ ᠭᠦᠷᠴᠤ ᠢᠷᠠᠪᠠᠯ ᠬᠠᠢ᠌ᠯᠠᠰᠤᠨ ᠴᠦᠪᠣᠳᠠᠯ ᠶᠢᠡᠨ ᠨᠤᠴᠤᠭᠠᠵᠤ ᠭᠠᠯ ᠶᠢᠡᠨ ᠳᠠᠭᠢᠨ᠎ᠠ ᠭᠡᠵᠤ ᠰᠠᠢ᠌ᠬᠠᠨ ᠰᠠᠨᠠᠵᠤ ᠪᠠᠢ᠌ᠭᠰᠠᠨ ᠡᠪᠦᠭᠡᠨ ᠤ ᠳᠤᠳᠤᠷ᠎ᠠ ᠨᠢᠭᠡ ᠯᠠ ᠡᠳᠡᠭᠡᠳ ᠭᠦᠡᠳᠡᠢ᠌ᠭᠡᠨ ᠰᠠᠨᠠᠭᠳᠠᠵᠤ 《ᠠᠢ ︕ ᠡᠭᠡᠷᠡᠮ᠎ᠡ ᠳᠠᠯ᠎ᠠ ᠳᠠᠭᠠᠨ ᠠᠮᠢᠳᠤᠷᠠᠵᠤ ᠪᠠᠢ᠌ᠭᠰᠠᠨ ᠴᠤ ᠪᠣᠯᠤᠭᠠᠰᠠᠢ》 ᠭᠡᠵᠤ ᠪᠣᠳᠤᠮᠠᠭᠴᠠ ᠶᠠᠭᠠᠭᠢᠬᠤ ᠶᠢᠨ ᠠᠷᠭ᠎ᠠ ᠦᠭᠡᠶ ᠠᠢ᠌ᠯ ᠰᠠᠭᠠᠬᠠᠯᠳᠠ ᠶᠢᠨ ᠭᠦᠮᠦᠰ᠂ ᠭᠦᠷᠰᠢ ᠵᠡᠷᠭᠡᠯᠳᠡᠭᠡ ᠶᠢᠨ ᠡᠪᠦᠭᠡᠨ ᠰᠠᠮᠠᠭᠠᠤᠨ ᠦᠶ᠎ᠡ ᠬᠤᠷᠠᠭ ᠤᠨ ᠭᠦᠮᠦᠰ ᠨᠢ ᠡᠷᠢᠭ᠍ᠳᠡᠭᠦ ᠰᠢᠭ᠌ ᠪᠣᠯᠬᠤᠯᠠᠷ ᠡᠨᠡ ᠭᠠᠵᠠᠷ ᠨᠢᠭᠡ ᠴᠠᠭ ᠴᠤ ᠭᠡᠰᠡᠨ ᠰᠠᠭᠤᠶ᠎ᠠ ᠭᠡᠵᠤ ᠰᠠᠨᠠᠬᠤ ᠦᠭᠡᠶ ᠪᠣᠯᠪᠠ᠃ 《ᠦᠨᠦᠳᠤᠷ ᠤᠨ ᠢᠩᠭᠢᠵᠤ ᠡᠯᠳᠡᠪ ᠶᠢᠡᠷ ᠠᠭᠠᠰᠢᠯᠠᠨ ᠳᠡᠭᠡᠷ᠎ᠡ ᠳᠤᠤᠷ᠎ᠠ ᠠᠰᠠᠷ ᠢ ᠥᠢᠮᠡᠭᠦᠯᠵᠤ ᠪᠠᠷᠢᠶᠠᠤᠨ ᠬᠡᠦᠬᠡᠳ ᠲᠡᠭᠡᠨ ᠣᠷᠰᠢᠭ ᠶᠠᠷᠰᠢᠭ ᠳᠠᠳᠠᠭᠠᠤᠨ᠂ ᠨᠢᠭᠡ ᠨᠠᠰᠤ ᠶᠢ ᠨᠤᠮᠤᠬᠠᠨ ᠰᠢᠳᠤᠷᠭᠤ ᠶᠠᠪᠣᠵᠤ᠂ ᠨᠤᠳᠤᠭ ᠣᠰᠤᠨ ᠳᠠᠭᠠᠨ ᠭᠡᠷᠰᠡᠤ ᠳᠤᠮᠤᠭᠠᠳᠠᠢ᠂ ᠭᠢᠨᠠᠭᠤᠷ ᠯᠠᠪᠳᠠᠭᠤᠨ ᠡᠷ᠎ᠡ ᠭᠡᠵᠤ ᠭᠦᠮᠤᠨ ᠳᠤ ᠭᠦᠡᠳᠦᠳᠭᠡᠭ᠍ᠳᠡᠵᠤ ᠶᠠᠪᠣᠭᠰᠠᠨ ᠵᠢᠷᠠᠨᠳᠠᠢ ᠪᠢ᠂ ᠭᠡᠷᠡᠭ᠌ ᠡᠴᠡ ᠭᠠᠷᠴᠤ ᠭᠡᠳᠡ ᠳᠡᠷᠯᠡᠭᠦ ᠶᠢᠨ ᠥᠵᠦᠭᠦᠷ ᠣᠷᠰᠢᠭ ᠳᠠᠳᠠᠵᠤ ᠪᠣᠯᠠᠢ ᠪᠠᠨ ᠴᠢᠷᠦᠭᠡᠳ ᠁》 ᠭᠡᠵᠤ ᠪᠣᠳᠤᠬᠤ ᠳᠤᠳᠤᠮ ᠮᠠᠷᠭᠠᠰᠢ ᠶᠢᠨ ᠨᠠᠷᠠ ᠶᠢ ᠡ᠊ᠨᠳᠡ ᠪᠢ ᠶᠠᠭᠠᠭᠢᠵᠤ ᠦᠵᠡᠶ᠎ᠠ ︕ ᠬᠡᠦᠬᠡᠳ ᠲᠡᠭᠡᠨ ᠶᠠᠭᠤ ᠴᠤ ᠭᠡᠵᠤ ᠭᠡᠯᠡᠶ᠎ᠡ᠂ ᠵᠠᠯᠠᠭᠤ ᠳᠠᠭᠠᠨ ᠳᠠᠭ᠎ᠠ ᠶᠢ ᠴᠢᠭᠢᠳᠡᠭᠡᠳ ᠠᠪᠣᠪᠠᠯ ᠭᠦᠷᠪᠠᠳᠡᠯ᠎ᠡ ᠳᠠᠳᠠᠵᠤ ᠰᠠᠭᠤᠯᠭᠠᠵᠤ ᠪᠠᠢ᠌ᠭᠰᠠᠨ ᠭᠡᠭᠦᠷ ᠪᠠᠷ᠎ᠠ ᠲᠡᠶ ᠳᠤᠷᠪᠢᠯᠢᠭ ᠡᠷ᠎ᠡ ᠥᠳᠡᠯᠭᠦ ᠶᠢᠨ ᠥᠵᠦᠭᠦᠷ᠂ ᠦᠯᠵᠡᠢ ᠪᠠᠯᠭᠡ ᠲᠡᠶ ᠰᠠᠢ᠌ᠨ ᠡᠳᠦᠷ ᠥᠯᠦᠭ᠍ᠴᠢᠨ ᠮᠠᠭᠤ ᠭᠢᠳᠠᠤᠨ ᠡᠮ᠎ᠡ ᠳᠤ ᠡᠩᠭᠡᠯᠵᠡᠭᠦᠷ ᠡᠪᠴᠢᠭᠦᠤ ᠡᠴᠡ ᠪᠠᠨ ᠪᠠᠵᠠᠭᠳᠠᠭᠤᠯᠵᠤ ᠭᠦᠯ ᠳᠤᠤᠷ᠎ᠠ ᠨᠢ ᠰᠠᠪᠠᠵᠤ ᠣᠨᠠᠨ᠎ᠠ ᠭᠡᠭ᠍ᠴᠢ ᠭᠡᠢ᠌ᠮᠦᠷᠢ ᠭᠡᠪᠳᠡᠭ᠍ᠰᠡᠨ ᠭᠡᠷᠡᠭ᠌ ᠪᠣᠯᠪᠠᠤ ⁈ ᠭᠡᠵᠤ ᠪᠣᠳᠤᠭᠠᠤᠨ ᠭᠢᠵᠠᠭᠠᠯᠠᠰᠢ ᠦᠭᠡᠶ ᠢᠴᠢᠩᠭᠦᠷᠢ ᠭᠦᠷᠴᠤ᠂ ᠡᠨᠡ ᠰᠦᠨᠢ ᠳᠡᠭᠡᠨ ᠨᠤᠳᠤᠭ ᠣᠷᠤᠬᠤ ᠴᠢᠩᠭ᠋᠎ᠠ ᠪᠣᠳᠤᠯ ᠪᠦᠭᠦ ᠪᠠᠶ᠎ᠠ ᠶᠢ ᠨᠢ ᠡᠵᠡᠮᠳᠡᠪᠡ᠃

ᠡᠪᠦᠭᠡᠨ ᠣᠠᠳᠠᠬᠤ ᠦᠷᠦᠭᠡ ᠳᠡᠭᠡᠨ ᠣᠷᠤᠵᠤ ᠳᠡᠷᠯᠢᠭ᠌ ᠶᠢᠡᠨ ᠠᠪᠴᠤ ᠡᠮᠦᠰᠤᠨ ᠪᠦᠰᠡ ᠪᠠᠨ ᠪᠦᠰᠡᠯᠡᠭᠡᠳ ᠣᠯᠠᠭᠠᠨ ᠳᠠᠪᠰᠠᠭ ᠶᠢᠡᠨ ᠨᠡᠭᠡᠭᠡᠵᠤ ᠦᠨᠦᠭᠢ ᠪᠦᠰᠡ ᠣᠭᠤᠳᠠ ᠪᠠᠨ ᠭᠠᠷᠭᠠᠨ ᠠᠪᠴᠤ ᠪᠡᠯᠡᠳᠭᠡᠵᠤ ᠳᠠᠯᠪᠢᠭᠰᠠᠨ ᠭᠠᠯ ᠤᠨ ᠡᠷᠭᠦᠯᠳᠡ ᠪᠠᠨ ᠣᠭᠤᠳᠠᠯᠠᠵᠤ ᠠᠪᠣᠭᠠᠤᠨ ᠬᠠᠭᠠᠰ ᠯᠤᠩᠬᠤ ᠬᠠᠷ᠎ᠠ ᠠᠷᠢᠭᠢ ᠲᠡᠶ ᠡᠪᠦᠷᠯᠡᠭᠡᠳ᠂ ᠬᠠᠭᠠᠯᠭ᠎ᠠ ᠪᠠᠨ ᠭᠢᠴᠢᠶᠡᠮᠵᠢᠳᠡᠢ᠌ᠭᠡᠨ ᠨᠡᠭᠡᠭᠡᠵᠤ ᠬᠠᠭᠠᠭᠠᠤᠨ᠂ ᠭᠦᠩᠭᠡᠨ ᠭᠦᠩᠭᠡᠨ ᠠᠯᠬᠤᠭᠰᠠᠭᠠᠷ ᠠᠰᠠᠷ ᠤᠨ ᠱᠠᠳᠤ ᠶᠢ ᠪᠠᠭᠤᠵᠤ ᠭᠠᠳᠠᠨ᠎ᠠ ᠬᠤᠭ ᠨᠤᠪᠰᠢ ᠶᠢᠨ ᠬᠠᠢ᠌ᠷᠴᠠᠭ ᠢ ᠳᠦᠰᠢᠭᠦᠯᠤᠨ ᠪᠠᠢ᠌ᠭᠰᠠᠨ ᠨᠢᠭᠡ ᠱᠠᠯᠠ ᠶᠢᠨ ᠵᠥᠯᠭᠦᠭᠦᠷ ᠤᠨ ᠡᠰᠢ ᠶᠢ ᠣᠯᠵᠤ ᠠᠪᠣᠭᠠᠤᠨ ᠨᠢᠷᠤᠭᠤ ᠳᠠᠭᠠᠨ ᠭᠦᠰᠢᠭᠡᠳ ᠳᠤᠮᠤ ᠡᠭᠦᠳᠡ ᠪᠠᠷ ᠭᠠᠷᠴᠤ ᠠᠰ ᠪᠠᠷᠠᠭᠤᠨ ᠬᠣᠢ᠌ᠰᠢ ᠨᠤᠳᠤᠭ ᠵᠥᠭ᠌ ᠶᠢᠡᠨ ᠢᠳᠡᠷᠭᠡᠭ᠌ ᠠᠯᠬᠤᠭ᠎ᠠ ᠪᠠᠷ ᠠᠯᠬᠤᠯᠠᠪᠠ᠃

ᠨᠢᠭᠡ ᠡᠳᠦᠷ ᠮᠤᠩᠭᠢᠨᠠᠭᠠᠤᠨ ᠭᠠᠯ ᠶᠢᠡᠨ ᠳᠠᠭᠢᠬᠤ ᠶᠢ ᠪᠣᠤ ᠭᠡᠯᠡ᠂ ᠪᠣᠳᠠᠭ᠎ᠠ ᠴᠤ ᠣᠯᠴᠤ ᠢᠳᠡᠭ᠍ᠰᠡᠨ ᠦᠭᠡᠶ ᠳᠡᠭᠡᠷ᠎ᠡ ᠪᠠᠨ ᠪᠠᠷᠴᠢᠳ ᠳᠠᠷᠢᠭᠠᠤᠨ ᠠᠷᠢᠭᠢᠨ ᠬᠠᠯᠠᠭᠤᠨ ᠶᠢᠡᠷ ᠭᠠᠷᠴᠤ ᠢᠷᠡᠭ᠍ᠰᠡᠨ ᠡᠪᠦᠭᠡᠨ᠂ ᠭᠦᠮᠤᠨ ᠠᠮᠢᠳᠠᠨ ᠤ ᠭᠦᠯ ᠥᠢᠮᠡᠭᠡᠨ ᠳᠡᠭ᠍ᠳᠡᠭ᠍ᠰᠡᠨ ᠬᠤᠳᠠ ᠡᠴᠡ ᠵᠠᠢ᠌ᠳᠠᠭᠤ ᠭᠠᠷᠴᠤ ᠢᠷᠡᠭᠡᠳ ᠦᠨᠦᠭᠢ ᠭᠦᠢᠳᠡᠨ ᠴᠡᠪᠳᠡᠭ᠌ ᠴᠢᠷᠠᠢ ᠨᠤᠭᠤᠳ ᠡᠴᠡ ᠰᠠᠯᠵᠤ᠂ ᠪᠠᠶ᠎ᠠ ᠰᠡᠳᠭᠢᠯ ᠨᠢ ᠪᠠᠭ᠎ᠠ ᠭᠦᠩᠭᠡᠷᠡᠭ᠍ᠰᠡᠨ ᠰᠢᠭ᠌ ᠰᠠᠨᠠᠭᠳᠠᠭᠰᠠᠨ ᠴᠤ ᠦᠳᠡᠰᠢ ᠶᠢᠨ ᠪᠦᠷᠦᠢ ᠶᠢᠨ ᠵᠢᠭᠡᠭᠦᠨ ᠵᠢᠪᠠᠷ ᠡᠩᠭᠡᠯᠵᠦᠭᠦᠷ ᠡᠪᠴᠢᠭᠦᠤ ᠶᠢ ᠮᠥᠯᠥᠢᠯᠭᠡᠨ ᠬᠠᠭᠠᠷᠢᠬᠤ ᠳᠤ᠂ ᠭᠠᠷᠴᠤ ᠢᠷᠡᠭᠦ ᠦᠶᠡᠰ ᠭᠦᠮᠦᠷᠭᠡᠨ ᠳᠡᠭᠡᠨ ᠣᠷᠤᠵᠤ ᠵᠤᠪᠴᠠᠭ᠎ᠠ ᠪᠠᠨ ᠰᠤᠯᠢᠵᠤ ᠡᠮᠦᠰᠦᠭ᠍ᠰᠡᠨ ᠦᠭᠡᠶ ᠮᠦᠷᠳᠡᠭᠡᠨ ᠮᠠᠯᠠᠭᠠᠢ ᠪᠠᠨ ᠴᠤ ᠵᠡᠭᠦᠭ᠍ᠰᠡᠨ ᠦᠭᠡᠶ ᠳᠡᠭᠡᠨ ᠭᠡᠮᠰᠢᠭ᠍ᠰᠡᠨ ᠪᠣᠯᠪᠠᠴᠤ᠄

᠊᠊᠊᠊᠊᠊᠊᠊᠊᠊᠊᠊᠊᠊᠊ ᠮᠢᠨᠤ ᠬᠤᠨᠢ ᠬᠠᠷᠢᠭᠤᠯᠵᠤ ᠠᠭᠤᠯᠠ ᠳᠤᠭᠤᠷᠢᠵᠤ᠂ ᠳᠠᠯ᠎ᠠ ᠳᠤᠭᠤᠯᠤᠭᠠᠤᠨ ᠴᠠᠭᠠᠨ ᠵᠤᠳ᠂ ᠣᠯᠠᠭᠠᠨ ᠦᠶᠡᠷ ᠲᠤ ᠭᠦᠶ‍ᠦᠵᠤ ᠪᠠᠢ᠌ᠭᠰᠠᠨ ᠢ ᠪᠣᠳᠤᠪᠠᠯ ᠡᠨᠡ ᠠᠰ ᠵᠠᠮ ᠳᠠᠭᠠᠨ ᠣᠷᠤᠯ᠎ᠠ ᠭᠡᠭ᠍ᠰᠡᠭᠡᠷ ᠵᠠᠭᠤ ᠳᠠᠪᠢᠨ ᠭᠠᠵᠠᠷ ᠨᠠᠳᠠᠳᠤ ᠶᠠᠭᠤ ᠯᠠ ᠪᠠᠢ᠌ᠬᠤ ᠪᠣᠢ᠂ ᠪᠢ ᠵᠠᠯᠠᠭᠤ ᠳᠠᠭᠠᠨ ᠨᠢᠭᠡ ᠮᠠᠭᠤ ᠴᠤᠭᠤᠷᠬᠠᠢ ᠢᠰᠡᠭᠡᠢ ᠣᠢ᠌ᠮᠤᠰᠤ ᠲᠡᠶ ᠮᠠᠢ᠌ᠵᠢᠭᠢ ᠭᠤᠳᠤᠯ ᠢ ᠫᠠᠷ ᠫᠠᠷ ᠴᠢᠷᠦᠭᠡᠳ ᠠᠷᠪᠠᠨ ᠭᠡᠳᠤᠨ ᠥᠭᠡᠷ ᠳᠡᠷᠭᠡᠨ ᠤ ᠠᠶᠠᠨ ᠶᠢᠡᠨ ᠭᠦᠳᠦᠯᠦᠭᠡᠳ ᠡᠵᠢ ᠨᠠᠭᠤᠷ ᠡᠴᠡ ᠳᠡᠭᠡᠭᠡᠵᠤ ᠠᠪᠴᠢᠷᠠᠭᠰᠠᠨ ᠳᠠᠪᠣᠰᠤ ᠪᠠᠨ ᠪᠠᠭᠠᠷᠢᠨ ᠳᠠᠷᠢᠶ᠎ᠠ ᠳᠤ ᠠᠪᠠᠴᠢᠵᠤ ᠪᠣᠷᠤᠯᠠᠭᠤᠯᠬᠤ ᠭᠡᠳ ᠠᠯᠠᠭ ᠮᠤᠷᠢᠨ ᠳᠠᠪᠠᠭ᠎ᠠ᠂ ᠳᠣᠢ᠌ᠮᠠᠷᠳᠤ ᠶᠢᠨ ᠳᠠᠪᠠᠭ᠎ᠠ ᠶᠢ ᠳᠠᠪᠠᠵᠤ 《ᠬᠠᠭᠠᠨ ᠳᠤᠭᠤᠪᠠᠢ》 ᠶᠢ ᠳᠠᠭᠠᠷᠢᠭᠠᠤᠨ ᠵᠡᠭᠦᠨ ᠡᠮᠦᠨᠡᠰᠢ ᠠᠶᠠᠯᠠᠵᠤ ᠪᠠᠢ᠌ᠭᠰᠠᠨ ᠢ ᠪᠣᠳᠤᠪᠠᠯ ᠁ ᠭᠡᠵᠤ ᠭᠢᠵᠠᠭᠠᠷ ᠦᠭᠡᠶ ᠨᠡᠯᠦᠭᠡᠷ ᠳᠠᠯ᠎ᠠ ᠶᠢᠨ ᠶᠢᠡᠨ ᠠᠭᠤᠳᠠᠮ ᠵᠠᠢ ᠳᠤ ᠬᠤᠨᠢᠨ ᠳᠠᠭᠠᠨ ᠵᠠᠷᠤᠳᠠᠭ ᠳᠠᠰᠢᠭᠤᠷ ᠶᠢᠡᠨ ᠨᠢᠷᠤᠭᠤᠨ ᠳᠠᠭᠠᠨ ᠭᠦᠰᠢᠴᠢᠭᠡᠭᠡᠳ ᠰᠦᠷᠦᠭ᠌ ᠤᠨ ᠶᠢᠡᠨ ᠬᠣᠢ᠌ᠨ᠎ᠠ ᠡᠴᠡ ᠰᠡᠳᠭᠢᠯ ᠳᠠᠢ᠌ᠪᠣᠭᠤᠬᠠᠨ ᠠᠯᠬᠤᠵᠤ ᠪᠠᠢ᠌ᠭ᠎ᠠ ᠶᠤᠮᠰᠢᠭ ᠵᠥᠯᠭᠦᠭᠦᠷ ᠤᠨ ᠡᠰᠢ ᠶᠢ ᠨᠢᠷᠤᠭᠤᠨ ᠳᠠᠭᠠᠨ ᠭᠦᠰᠢᠭᠡᠳ 《ᠳᠠᠪ ᠳᠠᠪ》 ᠢᠳᠡᠷᠡᠭᠦᠨ ᠠᠯᠬᠤᠨ᠎ᠠ᠃

᠊᠊᠊᠊᠊᠊᠊᠊᠊᠊᠊᠊᠊᠊᠊ ᠮᠢᠨᠤ ᠡᠨᠡ ᠪᠣᠯᠢᠭᠠᠷᠢᠨ ᠭᠤᠳᠤᠯ ᠴᠢᠨᠢ ᠠᠰᠠᠷ ᠤᠨ ᠱᠠᠳᠤ ᠪᠠᠷ ᠳᠡᠭᠡᠭ᠍ᠰᠢ ᠳᠤᠷᠤᠭᠰᠢ ᠶᠠᠪᠣᠬᠤ ᠳᠤ ᠭᠦᠡᠳᠤ ᠭᠦᠰᠢᠭᠦᠨ ᠰᠠᠨᠠᠭᠳᠠᠪᠠᠴᠤ ᠳᠠᠯ᠎ᠠ ᠳᠠᠭᠠᠨ ᠭᠠᠷᠤᠯ᠎ᠠ ᠭᠡᠭ᠍ᠰᠡᠭᠡᠷ ᠮᠠᠩᠬᠠᠨ ᠳᠠᠯᠠᠢ ᠳ᠋ᠠᠭᠢ ᠳᠡᠮᠡᠭᠡᠨ ᠳᠠᠪᠠᠭ ᠭᠡᠵᠤ ᠮᠠᠳᠠ ᠭᠡᠵᠤ ᠠᠮᠠᠨ ᠳᠠᠭᠠᠨ ᠲᠦᠳᠦᠨᠡᠨ ᠶᠠᠭ ᠯᠠ ᠰᠢᠩᠭᠡᠯᠢᠭ᠌ ᠡᠴᠡ ᠭᠠᠷᠤᠭᠰᠠᠨ ᠰᠢᠪᠠᠤᠬᠠᠢ ᠰᠢᠭ ᠣᠷᠤᠢ ᠪᠦᠷᠦᠢ ᠶᠢᠨ ᠭᠡᠭᠡᠷ᠎ᠡ ᠭᠦᠳᠡᠭᠡ ᠶᠢᠨ ᠳᠤᠩᠭ᠋ᠠᠯᠠᠭ ᠠᠭᠤᠷ ᠠᠮᠢᠰᠬᠤᠯ ᠳᠤ ᠳᠦᠷᠪᠠᠨ ᠡᠷᠭᠡᠳᠡᠨ ᠳᠠᠪᠤᠨ ᠴᠤᠯᠤ ᠨᠢ ᠠᠷᠢᠭᠤᠰᠤᠨ᠂ ᠪᠠᠶ᠎ᠠ ᠴᠢᠩᠭ᠋ᠠᠷᠠᠵᠤ ᠠᠪᠬᠤ ᠳᠤ ᠰᠡᠳᠭᠢᠯ ᠰᠡᠷᠭᠦᠵᠤ ᠢᠷᠡᠭᠦ ᠳᠤ 《ᠡᠷ᠎ᠡ ᠪᠣᠷᠤ ᠬᠠᠷᠴᠠᠭᠠᠢ》 ᠵᠢ ᠣᠷᠳᠤᠯᠠᠭᠤᠯᠵᠤ ᠭᠠᠷᠤᠯ᠎ᠠ᠃ ᠭᠢᠳᠠᠤᠨ ᠤᠨ ᠳᠤᠮᠳᠠ ᠰᠢᠪᠰᠢᠭ᠌ ᠶᠢᠡᠨ ᠥᠵᠡᠭᠦᠯᠭᠦ ᠦᠭᠡᠶ᠂ ᠨᠤᠳᠤᠭ ᠲᠠᠭᠠᠨ ᠭᠦᠷᠴᠤ ᠭᠠᠯ ᠶᠢᠡᠨ ᠳᠠᠭᠢᠨ᠎ᠠ ᠭᠡᠰᠡᠨ ᠭᠠᠭᠴᠠ ᠪᠣᠳᠤᠯ ᠳᠠᠯᠠ ᠭᠦᠷᠦᠭ᠍ᠰᠡᠨ ᠵᠢᠷᠠᠨᠳᠠᠢ ᠡᠪᠦᠭᠡᠨ ᠢ ᠢᠩᠭᠢᠵᠤ ᠬᠤᠯᠠ ᠵᠠᠮ ᠢ ᠡᠯᠭᠦᠭᠦᠯᠦᠭ᠍ᠰᠡᠨ ᠡᠴᠡ᠂ ᠮᠠᠷᠭᠠᠰᠢ ᠪᠣᠯᠳᠠᠯ᠎ᠠ ᠮᠠᠩᠭ᠋ᠤᠰ ᠤᠨ ᠠᠮᠠ ᠰᠢᠭ ᠲᠦᠨᠡᠷ ᠬᠠᠷᠠᠩᠭ᠋ᠤᠢ ᠡᠪᠦᠯ ᠤᠨ ᠭᠦᠢᠳᠡᠨ ᠦᠳᠡᠰᠢ ᠭᠦᠭᠡᠷᠦᠭᠦᠢ ᠡᠪᠦᠭᠡᠨ ᠶᠢᠡᠷ ᠶᠠᠮᠠᠷ ᠳᠤᠭᠯᠠᠭᠠᠮ ᠪᠠᠷᠢᠬᠤ ᠶᠢ ᠭᠡᠨ ᠴᠤ ᠳᠠᠭᠠᠮᠠᠭᠯᠠᠬᠤᠶ᠎ᠠ ᠪᠠᠷᠭᠡ᠃ ᠵᠢᠷᠠᠨᠳᠠᠢ ᠡᠪᠦᠭᠡᠨ ᠠᠷᠢᠭᠢᠨ ᠬᠠᠯᠰᠠᠭᠤ ᠪᠠ ᠠᠭᠤᠷ ᠤᠨ ᠢᠳᠠ ᠪᠠᠷ ᠬᠠᠷᠠᠩᠭ᠋ᠤᠢ ᠰᠦᠨᠢ ᠵᠠᠮ ᠭᠦᠭᠡᠭᠡᠵᠤ ᠪᠠᠢ᠌ᠬᠤ ᠪᠣᠯᠪᠠᠴᠤ ᠭᠦᠳᠡᠭᠡ ᠦᠰᠴᠦ ᠳᠦᠷᠦᠭᠡᠳ ᠬᠠᠷᠬᠠᠨ ᠪᠠᠭ᠎ᠠ ᠡᠴᠡ ᠪᠠᠨ ᠭᠡᠭᠡᠷ᠎ᠡ ᠭᠦᠳᠡᠭᠡ ᠪᠠᠷ ᠡᠷᠢᠯ ᠰᠤᠷᠠᠭ᠂ ᠠᠶᠠᠨ ᠵᠠᠮ ᠳᠤ ᠶᠠᠪᠣᠵᠤ ᠰᠤᠷᠤᠭᠰᠠᠨ ᠵᠤᠷᠰᠢᠯ ᠶᠢᠡᠷ ᠶᠢᠡᠨ ᠳᠤᠭᠢᠭᠤᠷ ᠳᠤᠯᠤᠭᠠᠨ ᠣᠳᠤ᠂ ᠭᠤᠷᠪᠠᠨ ᠨᠤᠬᠠᠢ ᠪᠠᠷ ᠵᠥᠭ᠌ ᠴᠢᠭᠯᠡᠯ ᠶᠢᠡᠨ ᠳᠤᠭᠳᠠᠭᠠᠵᠤ ᠪᠠᠷᠠᠭᠤᠨ ᠬᠣᠢ᠌ᠰᠢ ᠶᠠᠪᠣᠬᠤ ᠴᠠᠷᠳᠠᠮᠠᠯ ᠵᠠᠮ ᠢ ᠳᠠᠭᠠᠵᠤ ᠠᠯᠬᠤᠭᠰᠠᠭᠠᠷ ᠠᠯᠠᠭ ᠮᠤᠷᠢᠨ ᠳᠠᠪᠠᠭ᠎ᠠ ᠶᠢ ᠥᠩᠭᠡᠷᠡᠮᠡᠭ᠍ᠴᠡ ᠠᠷᠢᠭᠢ ᠨᠢ ᠰᠡᠷᠭᠦᠵᠤ ᠭᠡᠳᠡᠰᠤ ᠨᠢ ᠭᠤᠷᠴᠢᠭᠢᠨᠠᠵᠤ ᠬᠤᠶᠠᠷ ᠭᠦᠯ ᠨᠢ ᠰᠠᠨᠠᠭ᠎ᠠ ᠪᠠᠷ ᠨᠢ ᠵᠠᠷᠤᠭᠳᠠᠬᠤ ᠦᠭᠡᠶ ᠪᠣᠯᠵᠤ ᠢᠷᠠᠪᠠ᠃

ᠡᠪᠦᠭᠡᠨ ᠦᠯᠦᠰᠴᠤ ᠳᠠᠭᠠᠷᠠᠬᠤ ᠳᠠᠭᠠᠨ ᠡᠪᠦᠷ ᠳᠤᠨᠢ ᠪᠠᠢ᠌ᠭ᠎ᠠ ᠭᠠᠯ ᠤᠨ ᠳᠠᠭᠢᠯᠭ᠎ᠠ ᠪᠠᠨ ᠰᠠᠨᠠᠭᠠᠨ ᠳᠤ ᠣᠷᠤᠵᠤ ᠡᠪᠦᠷ ᠶᠢᠡᠨ ᠳᠠᠮᠳᠠᠷᠢᠵᠤ ᠥᠵᠡᠭ᠍ᠰᠡᠨ ᠶᠢᠡᠨ ᠦᠪᠡᠷ ᠤᠨ ᠡᠷᠭᠡ ᠦᠭᠡᠶ ᠭᠠᠷ ᠶᠢᠡᠨ ᠣᠷᠤᠭᠤᠯᠵᠤ ᠣᠭᠤᠳᠠ ᠶᠢ ᠠᠳᠬᠤᠨ ᠠᠪᠣᠭᠰᠠᠨ ᠶᠢᠡᠨ 《ᠭᠠᠯ ᠤᠨ ᠳᠠᠭᠢᠯᠭ᠎ᠠ ᠶᠢᠨ ᠳᠡᠭᠡᠵᠢ ᠪᠠᠨ ᠪᠢ ᠦᠪᠡᠷ ᠶᠢᠡᠨ ᠢᠳᠡᠴᠢᠭᠡᠭᠡᠳ ᠶᠠᠭᠠᠭᠢᠵᠤ ᠪᠣᠯᠤᠨ᠎ᠠ ᠳ᠋ᠠ᠂ ᠰᠦᠨᠢ ᠳᠤᠮᠳᠠ ᠡᠴᠡ ᠡᠮᠦᠨ᠎ᠡ ᠨᠤᠳᠤᠭ ᠲᠠᠭᠠᠨ ᠭᠦᠷᠴᠤ ᠰᠡᠳᠭᠢᠯ ᠶᠢᠡᠨ ᠠᠭᠤᠵᠢᠷᠠᠳᠠᠯ᠎ᠠ ᠭᠠᠯ ᠶᠢᠡᠨ ᠳᠠᠭᠢᠶ᠎ᠠ》 ᠭᠡᠵᠤ ᠪᠣᠳᠤᠭᠰᠠᠨ ᠶᠢᠡᠨ 《ᠠᠷᠢᠭᠢᠨ ᠤ ᠳᠡᠭᠡᠵᠢ ᠢᠷᠤᠭᠠᠷ ᠲᠠᠭᠠᠨ ᠭᠡᠳᠡᠭ᠌ ᠶᠤᠮ᠂ ᠬᠠᠭᠠᠰ ᠯᠤᠩᠬᠤ ᠶᠤᠮ ᠴᠢᠨᠢ ᠨᠢᠭᠡ ᠬᠤᠶᠠᠷ ᠣᠭᠤᠴᠢᠵᠤ ᠭᠤᠤᠯ ᠶᠢᠡᠨ ᠬᠠᠯᠠᠭᠤᠯᠤᠭᠠᠤᠨ ᠠᠪᠣᠶ᠎ᠠ》᠂ ᠦᠨᠡᠨ ᠡᠢ᠌ᠮᠤ ᠶᠤᠰᠤ ᠪᠠᠢ᠌ᠳᠠᠭ ᠦᠦ᠂ ᠦᠪᠡᠷ ᠤᠨ ᠪᠠᠶ᠎ᠠ ᠪᠠᠨ ᠳᠠᠢ᠌ᠤᠠᠬᠠᠷᠠᠭᠤᠯᠤᠭᠰᠠᠨ ᠤ ᠦᠦ᠂ ᠡᠪᠦᠭᠡᠨ ᠢᠩᠭᠢᠵᠤ ᠪᠣᠳᠤᠭᠠᠤᠨ ᠯᠤᠩᠬᠤᠨ ᠠᠮᠠᠰᠠᠷ ᠢ ᠠᠪᠴᠤ 《ᠭᠦᠤᠨ ᠭᠦᠤᠨ》 ᠬᠤᠶᠠᠷ ᠪᠠᠯᠭᠤᠭᠠᠤᠨ ᠦᠷᠭᠦᠯᠵᠢᠯᠡᠨ ᠠᠯᠬᠤᠪᠠ᠃

᠊᠊᠊᠊᠊᠊᠊᠊᠊᠊᠊᠊᠊᠊᠊ ᠡᠨᠡ ᠰᠦᠨᠢ ᠵᠠᠮ ᠤᠨ ᠳᠡᠷᠭᠡ ᠣᠨᠤᠭ᠎ᠠ ᠴᠤ ᠳᠠᠭ ᠡ᠃ ᠪᠣᠳᠤᠬᠤ ᠳᠤ ᠯᠠ ᠪᠦᠷ ᠭᠡᠷ ᠭᠡᠷ ᠲᠡᠭᠡᠨ ᠭᠠᠯ ᠶᠢᠡᠨ ᠳᠠᠭᠢᠭᠠᠤᠨ ᠬᠠᠯᠠᠭᠤᠨ ᠳᠤᠯᠠᠭᠠᠨ ᠳᠠᠪᠳᠠᠢ᠌ᠬᠠᠨ ᠰᠠᠭᠤᠵᠠᠭᠠᠵᠤ ᠪᠠᠢ᠌ᠭ᠎ᠠ ᠪᠠᠢ᠌ᠯᠭᠦᠢ ᠭᠡᠵᠤ ᠭᠠᠭᠴᠠᠭᠠᠷ ᠲᠦᠳᠦᠨᠡᠨ᠎ᠠ᠃ ᠡᠪᠦᠭᠡᠨ ᠬᠤᠶᠠᠷ ᠣᠭᠤᠴᠢ ᠠᠷᠢᠭᠢᠨ ᠢᠳᠠ ᠪᠠᠷ ᠳᠣᠢ᠌ᠮᠠᠷᠳᠤ ᠶᠢᠨ ᠳᠠᠪᠠᠭ᠎ᠠ ᠶᠢ ᠳᠠᠪᠠᠭᠠᠤᠨ ᠴᠠᠰᠢ ᠪᠠᠭᠤᠬᠤ ᠦᠶᠡᠰ ᠭᠦᠯ ᠨᠢ ᠨᠤᠭᠤ ᠨᠤᠭᠤ ᠣᠴᠢᠭᠠᠤᠨ ᠰᠠᠨᠠᠭ᠎ᠠ ᠪᠠᠷ ᠨᠢ ᠵᠠᠷᠤᠭᠳᠠᠵᠤ ᠦᠭ‍ᠭᠦ ᠦᠭᠡᠶ ᠪᠣᠯᠬᠤᠯᠠᠷ ᠭᠡᠷᠰᠡᠤ ᠭᠦᠮᠤᠨ᠂ ᠭᠡᠷᠡᠭ᠌ ᠪᠣᠯᠠᠢ ᠵᠥᠭ᠌ ᠶᠢᠡᠨ ᠬᠠᠨᠳᠤᠬᠤ ᠶᠢ ᠰᠤᠪᠢᠨ ᠳᠦᠰᠦᠭᠡᠯᠡᠵᠤ ᠵᠠᠮ ᠳᠤ ᠳᠡᠷᠭᠡ ᠣᠨᠤᠭ᠎ᠠ ᠬᠠᠷᠭᠤᠬᠤ ᠶᠢ ᠭᠦᠰᠡᠭ᠍ᠰᠡᠨ ᠨᠢ ᠡᠨᠡ ᠶᠤᠮ ᠪᠠᠢ᠌ᠨ᠎ᠠ᠃ ᠳᠠᠷᠠ ᠪᠠᠭ᠎ᠠ ᠵᠤᠭᠰᠤᠰᠭᠢᠵᠤ ᠠᠪᠣᠭᠰᠠᠨ ᠶᠢᠡᠨ ᠰᠠᠭᠤᠵᠤ ᠯᠠ ᠪᠣᠯᠬᠤ ᠦᠭᠡᠶ᠂ ᠰᠠᠭᠤᠬᠤ ᠳᠤ ᠭᠦᠷᠪᠠᠯ ᠳᠠᠭᠢᠵᠤ ᠪᠣᠰᠴᠤ ᠳᠡᠢ᠌ᠯᠭᠦ ᠦᠭᠡᠶ ᠪᠣᠯᠤᠨ᠎ᠠ ᠭᠡᠳᠡᠭ᠌ ᠶᠢᠡᠨ ᠳᠤᠳᠤᠷᠬᠠᠢ ᠮᠠᠳᠠᠵᠤ ᠨᠢᠷᠤᠭᠤᠨ ᠳᠤ ᠭᠦᠰᠢᠭ᠍ᠰᠡᠨ ᠵᠥᠯᠭᠦᠭᠦᠷ ᠤᠨ ᠡᠰᠢ ᠪᠠᠨ ᠳᠠᠶᠠᠭ ᠪᠣᠯᠭᠠᠨ ᠳᠤᠯᠵᠤ ᠦᠷᠭᠦᠯᠵᠢᠯᠡᠨ ᠠᠯᠬᠤᠨ᠎ᠠ᠃

ᠡᠪᠦᠭᠡᠨ ᠵᠢᠷᠦᠭᠡᠨ ᠳᠠᠮᠢᠷ ᠶᠢᠡᠨ ᠴᠢᠩᠭ᠋ᠠᠯᠠᠨ ᠥᠭᠦᠭ᠍ᠰᠡᠨ ᠴᠤ ᠪᠢ ᠨᠤᠳᠤᠭ ᠣᠰᠤᠨ ᠳᠠᠭᠠᠨ ᠭᠦᠷᠴᠤ ᠪᠠᠢ᠌ᠭᠠᠤᠨ ᠪᠣᠯᠤᠶ᠎ᠠ ᠭᠡᠳ ᠦᠪᠡᠷ ᠢ ᠪᠠᠨ ᠵᠤᠷᠢᠭᠵᠢᠭᠤᠯᠵᠤ ᠵᠤᠷᠢᠮᠠᠭ ᠠᠯᠬᠤᠬᠤ ᠳᠠᠭᠠᠨ ᠵᠠᠯᠠᠭᠤ ᠶᠢᠨ ᠦᠶ᠎ᠡ ᠶᠢᠨ ᠠᠳᠤᠭᠤ ᠬᠠᠷᠢᠭᠤᠯᠵᠤ ᠪᠠᠢ᠌ᠬᠤ ᠳᠠᠭᠠᠨ ᠠᠭᠤᠯᠠ ᠭᠢᠷ᠎ᠠ ᠪᠠᠷ ᠠᠳᠤᠭᠤ ᠪᠠᠨ ᠳᠠᠭᠤᠵᠤ ᠳᠤᠪᠳᠤᠯᠠᠵᠤ ᠪᠠᠢ᠌ᠭᠠᠤᠨ ᠮᠤᠷᠢ ᠨᠢ ᠪᠦᠳᠦᠷᠢᠵᠤ ᠥᠩᠭᠦᠷᠢᠨ ᠣᠨᠠᠭᠠᠤᠨ ᠰᠢᠩᠭ᠋ᠠᠷᠢ ᠶᠢᠨ ᠶᠠᠰᠤ ᠨᠢ ᠬᠤᠭᠤᠷᠠᠭᠰᠠᠨ ᠳᠤ ᠰᠢᠳᠤ ᠵᠠᠭᠤᠵᠤ ᠪᠦᠰᠡ ᠪᠠᠨ ᠠᠯᠳᠠᠷᠭᠠᠨ ᠠᠪᠴᠤ ᠬᠠᠷᠠᠭᠠᠨ᠎ᠠ ᠶᠢᠨ ᠮᠤᠳᠤ ᠶᠢ ᠬᠤᠭᠤᠯᠤᠨ ᠬᠤᠶᠠᠷ ᠳᠠᠯ᠎ᠠ ᠳ᠋ᠤᠨᠢ ᠪᠠᠷᠢᠵᠤ ᠪᠦᠰᠡ ᠪᠠᠷ ᠶᠢᠡᠨ ᠪᠠᠭᠯᠠᠵᠤ ᠣᠶᠠᠭᠠᠤᠨ ᠮᠤᠷᠢᠨ ᠳᠠᠭᠠᠨ ᠮᠤᠷᠳᠠᠵᠤ ᠡᠮᠡᠭᠡᠯ ᠤᠨ ᠪᠦᠭᠦᠷᠭᠡ ᠪᠠᠨ ᠳᠦᠰᠢᠭᠡᠳ ᠭᠡᠷ ᠲᠡᠭᠡᠨ ᠬᠠᠷᠢᠭᠠᠤᠨ ᠢᠷᠡᠴᠢᠭᠡᠭ᠍ᠰᠡᠨ ᠪᠠᠢ᠌ᠳᠠᠭ ᠰᠦᠰᠦ ᠲᠡᠶ ᠡᠷ᠎ᠡ ᠪᠠᠢ᠌ᠭᠰᠠᠨ ᠳ᠋ᠠ ᠪᠢ ᠴᠢᠨᠢ ︕ ᠭᠡᠵᠤ ᠪᠠᠶ᠎ᠠ ᠪᠠᠨ ᠵᠤᠷᠢᠭᠵᠢᠭᠤᠯᠵᠤ ᠶᠠᠪᠣᠨ᠎ᠠ᠃

ᠡᠪᠦᠭᠡᠨ ᠳᠤᠮᠳᠠ ᠶᠢᠨ ᠳᠠᠪᠠᠭ᠎ᠠ ᠠᠮᠠᠨ ᠳᠤ ᠭᠦᠷᠦᠮᠡᠭ᠍ᠴᠡ ᠭᠡᠳᠡᠰᠤ ᠨᠢ ᠭᠤᠷᠴᠢᠭᠢᠨᠠᠵᠤ ᠳᠤᠳᠤᠷ᠎ᠠ ᠨᠢ ᠬᠠᠷᠠᠯᠠᠭᠠᠤᠨ ᠣᠷᠤᠭᠰᠢ ᠨᠢᠭᠡ ᠠᠯᠬᠤᠮ ᠴᠤ ᠶᠠᠪᠣᠵᠤ ᠳᠡᠢ᠌ᠯᠭᠦ ᠦᠭᠡᠶ ᠪᠣᠯᠤᠯ᠎ᠠ᠃ ᠦᠷᠯᠦᠭᠡ ᠨᠢᠭᠡ ᠠᠳᠬᠤ ᠬᠠᠭᠤᠷᠤᠭᠰᠠᠨ ᠪᠣᠳᠠᠭ᠎ᠠ ᠲᠡᠶ ᠴᠠᠢ ᠣᠤᠭᠤᠭᠰᠠᠨ ᠡᠴᠡ ᠳᠤᠭᠳᠤᠮ ᠨᠢᠭᠡ ᠡᠳᠦᠷ ᠶᠠᠭᠤᠮ᠎ᠠ ᠢᠳᠡᠭ᠍ᠰᠡᠨ ᠦᠭᠡᠶ᠂ ᠠᠳᠠᠭ ᠲᠠᠭᠠᠨ ᠭᠡᠷ ᠡᠴᠡ ᠪᠠᠨ ᠭᠠᠷᠴᠤ ᠢᠷᠡᠭᠦ ᠳᠡᠭᠡᠨ ᠮᠠᠯᠠᠭᠠᠢ ᠴᠤ ᠵᠡᠭᠦᠭ᠍ᠰᠡᠨ ᠦᠭᠡᠶ᠂ ᠪᠠᠭᠡᠯᠡᠢ ᠴᠤ ᠠᠪᠣᠭᠰᠠᠨ ᠦᠭᠡᠶ ᠳᠡᠭᠡᠨ ᠭᠡᠮᠰᠢᠵᠤ ᠪᠦᠭᠦ ᠪᠠᠶ᠎ᠠ ᠨᠢ ᠭᠦᠢᠳᠡᠨ ᠣᠷᠭᠢᠵᠤ ᠰᠤᠯᠠᠷᠠᠭᠠᠤᠨ ᠢᠷᠡᠭᠦᠯᠡᠷ ᠡᠪᠦᠷ ᠳᠠᠭᠢ ᠠᠷᠢᠭᠢ ᠪᠠᠨ ᠭᠠᠷᠭᠠᠵᠤ ᠄ 《ᠪᠢ ᠴᠢᠨᠢ ᠡᠷᠭᠦᠯᠳᠡ ᠶᠢᠨ ᠠᠷᠢᠭᠢ ᠪᠠᠨ ᠠᠪᠤᠨ ᠠᠪᠤᠨ ᠭᠦᠡᠳᠦᠷᠦᠭ᠍ᠰᠡᠭᠡᠷ ᠳᠠᠭᠤᠰᠬᠠᠴᠢᠬᠤ ᠨᠢ ᠦᠦ᠂ ᠵᠠ ᠶᠠᠭᠠᠭᠢᠬᠤᠪ᠂ ᠦᠨᠡᠨ ᠰᠡᠳᠭᠢᠯ ᠪᠠᠢ᠌ᠪᠠᠰᠤ ᠰᠤᠢᠳᠤ ᠡᠪᠠᠰᠤ ᠡᠷᠭᠦᠪᠠᠴᠤ ᠰᠥᠵᠢᠭ᠌ ᠭᠦᠢᠴᠡᠵᠤ ᠪᠣᠯᠤᠨ᠎ᠠ》 ᠭᠡᠵᠤ ᠳᠦᠳᠦᠨᠡᠭᠡᠳ ᠯᠤᠩᠬᠤ ᠲᠡᠶ ᠠᠷᠢᠭᠢ ᠶᠢ ᠪᠦᠳᠦᠭᠦᠨ ᠴᠤ ᠨᠢᠭᠡ ᠣᠭᠤᠴᠢᠭᠠᠤᠨ ᠦᠷᠭᠦᠯᠵᠢᠯᠡᠨ ᠵᠠᠮᠨᠠᠪᠠ᠃

ᠡᠪᠦᠭᠡᠨ ᠨᠤᠳᠤᠭ ᠲᠠᠭᠠᠨ ᠭᠦᠷᠪᠠᠯ ᠭᠡᠨ ᠤ ᠳᠤ ᠣᠴᠢᠬᠤ ᠪᠠᠨ ᠪᠣᠳᠤᠨ᠎ᠠ᠃ ᠦᠪᠡᠷ ᠤᠨ ᠭᠡᠷ ᠨᠢ ᠠᠭᠤᠷᠬᠠᠢ ᠶᠢᠨ ᠰᠠᠭᠤᠷᠢᠨ ᠭᠠᠵᠠᠷ ᠪᠣᠯᠤᠭᠰᠠᠨ ᠤ ᠣᠴᠢᠷ ᠬᠠᠷᠢᠭᠠᠤᠨ ᠳᠡᠭᠦᠨ ᠤ ᠣᠷᠤ ᠭᠡᠵᠤ ᠦᠭᠡᠶ ᠰᠢᠤ ᠳ᠋ᠠ᠃ ᠵᠡᠭᠦᠨ ᠠᠢ᠌ᠯ ᠤᠨ ᠳᠠᠷᠢᠮ᠎ᠠ ᠭᠡᠦᠭᠡᠨ ᠳᠡᠭᠦᠤ ᠨᠢ ᠰᠠᠨᠠᠭᠠᠨ ᠳ᠋ᠤᠨᠢ ᠳᠤᠯᠠᠰᠭᠢᠨ ᠣᠷᠤᠪᠠ᠃ 《ᠭᠦᠭᠡᠷᠦᠭᠦᠢ᠂ ᠳᠠᠷᠠ ᠮᠢᠨᠢ ᠮᠠᠨ ᠢ ᠨᠡᠭᠦᠭᠡᠳ ᠭᠠᠷᠴᠤ ᠢᠷᠡᠭᠦ ᠡᠳᠦᠷ ᠬᠤᠶᠠᠷ ᠭᠡᠰᠡᠭ᠌ ᠬᠤᠷᠤᠳ ᠶᠢᠡᠨ ᠪᠠᠭᠯᠠᠭᠠᠤᠨ ᠠᠪᠴᠢᠷᠠᠵᠤ ᠮᠢᠨᠤ ᠭᠠᠷ ᠲᠤ ᠠᠳᠬᠤᠭᠤᠯᠤᠭᠠᠤᠨ ᠠᠷᠤ ᠡᠴᠡ ᠨᠢᠯᠪᠣᠰᠤ ᠪᠠᠨ ᠠᠷᠴᠢᠨ ᠬᠤᠴᠤᠷᠤᠭᠰᠠᠨ ᠶᠤᠮ ᠳ᠋ᠡ》 ᠭᠡᠵᠤ ᠪᠣᠳᠤᠮᠠᠭᠴᠠ ᠳᠠᠷᠢᠮ᠎ᠠ ᠶᠢᠨ ᠡᠨᠡᠷᠢᠩᠭᠦᠢ ᠳᠦᠷᠢ ᠥᠵᠡᠭ᠍ᠳᠡᠵᠤ ᠪᠠᠢ᠌ᠮᠠᠷ ᠪᠣᠯᠵᠤ ᠡᠷᠳᠡᠭᠡᠨ ᠭᠦᠷᠴᠤ ᠣᠴᠢᠭᠠᠤᠨ ᠬᠠᠯᠠᠭᠤᠨ ᠳᠤᠯᠠᠭᠠᠨ ᠬᠠᠩᠵᠤᠨ ᠳᠡᠭᠡᠷ᠎ᠡ ᠨᠢ ᠵᠠᠪᠢᠯᠠᠨ ᠰᠠᠭᠤᠵᠤ᠂ ᠬᠠᠷᠠᠭᠰᠠᠨ᠂ ᠰᠤᠨᠤᠰᠤᠭᠰᠠᠨ ᠰᠤᠨᠢᠨ ᠶᠢᠡᠨ ᠶᠠᠷᠢᠵᠤ ᠦᠭ‍ᠭᠦᠨ᠎ᠡ᠂ ᠭᠡᠴᠢᠨᠡᠨ ᠵᠢᠯ ᠤᠨ ᠪᠣᠳᠤᠵᠤ ᠰᠠᠨᠠᠭᠰᠠᠨ ᠭᠦᠰᠡᠯ ᠰᠠᠨᠠᠭ᠎ᠠ ᠪᠠᠨ ᠳᠤᠭᠠᠴᠢᠨ᠎ᠠ᠂ ᠳᠠᠷᠠ ᠮᠢᠨᠢ ᠯᠠᠪ ᠪᠠᠶᠠᠷᠯᠠᠬᠤ ᠪᠠᠢ᠌ᠬ᠎ᠠ᠃ ᠵᠢᠷᠠᠨᠳᠠᠢ ᠡᠪᠦᠭᠡᠨ ᠵᠢᠭᠦᠷ ᠣᠷᠭᠤᠭᠠᠤᠨ ᠨᠢᠰᠴᠢᠭᠦ ᠶᠢ ᠰᠠᠨᠠᠨ᠎ᠠ᠃ ᠭᠦᠭ᠍ᠰᠢᠨ ᠡᠴᠡ ᠨᠢ ᠬᠣᠢ᠌ᠨᠠᠭᠢ ᠰᠡᠳᠭᠢᠯ ᠰᠠᠨᠠᠭᠠᠨ ᠤ ᠭᠢᠨᠢ ᠥᠮᠦᠭ᠌ ᠳᠦᠰᠢᠭ᠌ ᠪᠣᠯᠵᠤ ᠢᠷᠡᠭ᠍ᠰᠡᠨ ᠨᠤᠳᠤᠭ ᠣᠰᠤᠨ ᠤ ᠭᠡᠦᠭᠡᠨ ᠳᠡᠭᠦᠤ ᠨᠢ ᠡᠭᠦᠳᠡᠨ ᠳᠡᠭᠡᠨ ᠭᠦᠯᠢᠶᠡᠵᠤ ᠪᠠᠢ᠌ᠮᠠᠷ ᠰᠠᠨᠠᠭᠳᠠᠵᠤ ᠠᠯᠬᠤᠭ᠎ᠠ ᠨᠢ ᠣᠯᠠᠮ ᠢᠳᠡᠷᠡᠭᠦᠨ ᠪᠣᠯᠵᠤ ᠢᠷᠠᠨ᠎ᠠ᠃ ᠳᠠᠷᠢᠮ᠎ᠠ ᠶᠢᠨ ᠭᠡᠴᠢᠨᠡᠨ ᠵᠢᠯ ᠦᠨᠦᠴᠢᠨ ᠬᠡᠦᠬᠡᠳ ᠤᠨ ᠭᠢᠨ ᠣᠷᠠᠩᠬᠠᠢ ᠰᠠᠷᠠᠩᠬᠠᠢ ᠶᠢ ᠨᠢ ᠣᠶᠤᠵᠤ ᠳᠤᠪᠭᠢᠨ᠂ ᠦᠨᠢᠶ᠎ᠡ ᠮᠠᠯ ᠢ ᠨᠢ ᠰᠠᠭᠠᠵᠤ᠂ ᠪᠣᠳᠠᠭ᠎ᠠ ᠬᠠᠭᠤᠷᠴᠤ ᠢᠩᠳᠤᠵᠤ ᠥᠭ᠍ᠴᠤ ᠪᠠᠢ᠌ᠭᠰᠠᠨ ᠡᠴᠡ ᠪᠦᠰᠡᠭᠦᠢ ᠡᠵᠡᠭᠳᠡᠢ ᠦᠭᠡᠶ ᠡᠵᠡᠭᠦᠢ ᠠᠢ᠌ᠯ ᠭᠡᠵᠤ ᠮᠡᠳᠡᠭ᠍ᠳᠡᠭ᠍ᠰᠡᠨ ᠦᠭᠡᠶ ᠠᠮᠢᠳᠤᠷᠠᠯ ᠳᠤ ᠨᠢ ᠳᠦᠰᠢᠭ᠌ ᠪᠣᠯᠵᠤ ᠪᠠᠢ᠌ᠭᠰᠠᠨ ᠶᠤᠮ᠃ ᠳᠠᠷᠢᠮ᠎ᠠ ᠶᠢ ᠢᠳᠠᠷ ᠨᠠᠰᠤᠨ ᠤ ᠦᠶ᠎ᠡ ᠳ᠋ᠤᠨᠢ ᠡᠷ᠎ᠡ ᠨᠥᠭᠦᠷ ᠨᠢ ᠳᠠᠪᠣᠰᠤᠨ ᠠᠶᠠᠨ ᠳᠤ ᠶᠠᠪᠣᠭᠠᠤᠨ ᠵᠠᠮ ᠳᠠᠭᠠᠨ ᠳᠦᠷᠭᠡᠨ ᠡᠪᠡᠳᠴᠢᠨ ᠶᠢᠡᠷ ᠨᠠᠰᠤ ᠪᠣᠯᠵᠤ ᠭᠦᠭᠡᠷᠦᠭᠦᠢ ᠳᠡᠭᠦᠨ ᠳᠤ ᠦᠨᠦᠴᠢᠨ ᠪᠠᠯᠪᠠᠰᠤᠨ ᠬᠤᠷᠸ᠎ᠠ ᠶᠢᠨ ᠬᠠᠳᠠᠭᠤ ᠵᠤᠪᠠᠯᠠᠩ ᠳᠤᠯᠭᠠᠷᠠᠵᠤ ᠬᠡᠦᠬᠡᠳ ᠶᠢᠡᠨ ᠭᠦᠮᠤᠨ ᠪᠣᠯᠭᠠᠬᠤ ᠭᠡᠵᠤ ᠦᠰᠦ ᠪᠠᠨ ᠴᠠᠢ᠌ᠳᠠᠯ᠎ᠠ ᠣᠢ᠌ᠯᠠ ᠪᠠᠨ ᠦᠵᠡᠯ᠎ᠠ ᠳ᠋ᠠ᠃ ᠵᠢᠷᠠᠨᠳᠠᠢ ᠡᠪᠦᠭᠡᠨ ᠭᠦᠭ᠍ᠰᠢᠨ ᠡᠴᠡ ᠪᠠᠨ ᠰᠡᠭᠦᠯᠡᠷ ᠬᠤᠶᠠᠷ ᠭᠡᠷ ᠬᠠᠷᠢᠯᠴᠠᠨ ᠬᠠᠪᠰᠤᠷᠴᠤ᠂ ᠳᠠᠷᠢᠮ᠎ᠠ ᠦᠨᠢᠶ᠎ᠡ ᠮᠠᠯ ᠨᠤᠤᠰᠤ ᠭᠢᠯᠭᠠᠰᠤᠨ ᠤ ᠦᠶ᠎ᠡ ᠳᠤ ᠬᠠᠪᠰᠤᠷᠴᠤ᠂ ᠵᠢᠷᠠᠨᠳᠠᠢ ᠡᠪᠦᠭᠡᠨ ᠲᠦᠯᠡᠭᠡ ᠮᠤᠳᠤ ᠶᠢ ᠨᠢ ᠤᠢ᠌ᠷᠠᠳᠤᠭᠤᠯᠵᠤ᠂ ᠡᠪᠠᠰᠤ ᠬᠠᠳᠤᠯᠠᠩ ᠳᠤ᠂ ᠫᠧᠩ ᠰᠠᠷᠠᠪᠴᠢ ᠳᠠᠷᠤᠬᠤ ᠳ᠋ᠤᠨᠢ ᠭᠦᠴᠤᠨ ᠮᠦᠷᠤ ᠪᠣᠯᠵᠤ ᠡᠶ᠎ᠡ ᠡᠪᠳᠡᠢ ᠠᠢ᠌ᠯ ᠵᠡᠷᠭᠡᠯᠳᠡᠭᠡ ᠠᠮᠢᠳᠤᠷᠠᠵᠤ᠂ ᠳᠠᠷᠢᠮ᠎ᠠ ᠭᠡᠴᠢᠨᠡᠨ ᠣᠳᠠᠭ᠎ᠠ ᠵᠢᠷᠠᠨᠳᠠᠢ ᠳᠤ ᠬᠠᠨᠢ ᠳᠦᠰᠢᠭ᠌ ᠪᠣᠯᠵᠤ ᠬᠠᠷᠢᠯᠴᠠᠨ ᠬᠠᠪᠰᠤᠷᠤᠯᠴᠠᠵᠤ ᠠᠮᠢᠳᠤᠷᠠᠬᠤ ᠶᠢ ᠭᠦᠰᠡᠭ᠍ᠰᠡᠨ ᠴᠤ ᠡᠪᠦᠭᠡᠨ ᠦᠪᠡᠷ ᠤᠨ ᠭᠦᠭ᠍ᠰᠢᠨ ᠳᠡᠭᠡᠨ ᠳᠠᠩᠭ᠋ᠠᠷᠢᠭᠯᠠᠵᠤ ᠦᠷ᠎ᠡ ᠬᠡᠦᠬᠡᠳ ᠶᠢᠡᠨ ᠦᠪᠡᠷ ᠶᠢᠡᠨ ᠭᠦᠮᠤᠨ ᠪᠣᠯᠭᠠᠵᠤ᠂ ᠬᠡᠦᠬᠡᠳ ᠶᠢᠡᠨ ᠬᠣᠢ᠌ᠳᠤ ᠣᠷᠢᠳᠤ ᠶᠢᠨ ᠭᠠᠷ ᠳᠤᠤᠷ᠎ᠠ ᠣᠷᠤᠭᠤᠯᠬᠤ ᠦᠭᠡᠶ ᠭᠡᠰᠡᠨ ᠰᠡᠢ᠌ᠳᠮᠡᠭᠡᠢ ᠪᠣᠳᠤᠯ ᠳᠠᠭᠠᠨ ᠠᠪᠳᠠᠵᠤ ᠳᠠᠷᠢᠮ᠎ᠠ ᠶᠢᠨ ᠭᠦᠰᠡᠯ ᠰᠡᠳᠭᠢᠯ ᠢ ᠨᠢ ᠶᠠᠷᠤ ᠭᠦᠯᠢᠶᠡᠵᠤ ᠠᠪᠣᠭᠰᠠᠨ ᠦᠭᠡᠶ ᠭᠦᠭᠡᠷᠦᠭᠦᠢ ᠳᠡᠭᠦᠨ ᠢ ᠭᠤᠮᠤᠳᠠᠭᠠᠵᠤ ᠶᠠᠪᠣᠭᠰᠠᠨ ᠥᠩᠭᠡᠷᠡᠯᠳᠡ ᠲᠡᠶ᠃ ᠳᠠᠷᠠ ᠦᠨᠦ ᠬᠤᠶᠠᠷ ᠬᠡᠦᠬᠡᠳ ᠶᠢᠡᠨ ᠭᠦᠮᠤᠨ ᠤ ᠵᠡᠷᠭᠡ ᠳᠤ ᠭᠦᠷᠭᠡᠵᠤ ᠠᠢ᠌ᠯ ᠭᠡᠷ ᠪᠣᠯᠭᠠᠭᠠᠤᠨ ᠭᠠᠭᠴᠠᠭᠠᠷ ᠶᠢᠡᠨ ᠠᠮᠢᠳᠤᠷᠠᠵᠤ ᠪᠠᠢ᠌ᠨ᠎ᠠ᠃ ᠵᠢᠷᠠᠨᠳᠠᠢ ᠡᠪᠦᠭᠡᠨ ᠡᠳᠡᠭᠡᠷ ᠢ ᠪᠣᠳᠤᠭᠰᠠᠭᠠᠷ ᠨᠢᠭᠡ ᠮᠡᠳᠡᠭᠦ ᠳᠤ ᠵᠠᠬ᠎ᠠ ᠶᠢᠨ ᠳᠠᠪᠠᠭ᠎ᠠ ᠶᠢᠨ ᠳᠤᠤᠷ᠎ᠠ ᠭᠦᠷᠦᠭᠡᠳ ᠢᠷᠡᠴᠢᠭᠡᠭ᠍ᠰᠡᠨ ᠪᠠᠢ᠌ᠪᠠ᠃ ᠭᠡᠰᠡᠭ᠌ ᠨᠢᠳᠤ ᠨᠢ ᠬᠠᠷᠠᠯᠠᠵᠤ ᠠᠮᠢᠰᠬᠤᠭ᠎ᠠ ᠳᠠᠪᠬᠤᠴᠠᠨ᠎ᠠ᠃

   ᠡᠪᠦᠭᠡᠨ ᠰᠢᠳᠤ ᠵᠠᠭᠤᠨ ᠳᠦᠩᠭᠡᠵᠢ ᠵᠠᠬ᠎ᠠ ᠶᠢᠨ ᠳᠠᠪᠠᠭ᠎ᠠ ᠶᠢ ᠳᠠᠪᠠᠵᠤ ᠭᠠᠷᠤᠮᠠᠭᠴᠠ ᠳᠠᠨᠢᠯ ᠳᠠᠰᠤᠯ ᠨᠤᠳᠤᠭ ᠤᠨ ᠠᠭᠤᠯᠠ ᠳᠤᠯᠤᠭᠠᠤᠨ ᠪᠦᠷᠦᠭ᠌ ᠪᠠᠷᠤᠭ ᠪᠦᠷᠳᠡᠯᠵᠡᠵᠤ᠂ ᠢᠵᠢᠯᠢᠰᠢᠨ ᠳᠠᠰᠤᠯᠴᠠᠭᠰᠠᠨ ᠨᠤᠳᠤᠭ ᠤᠨ ᠰᠠᠯᠭᠢ ᠦᠨᠦᠷ ᠶᠢᠡᠷ ᠶᠢᠡᠨ ᠰᠡᠷᠡᠭ᠍ᠳᠡᠵᠤ ᠳᠠᠪᠠᠭᠠᠨ ᠣᠷᠤᠢ ᠳᠡᠭᠡᠷᠡᠭᠢ ᠰᠦᠯᠳᠡ ᠣᠪᠣᠭ᠎ᠠ ᠠᠯᠤᠰ ᠤᠨ ᠠᠶᠠᠨ ᠳᠤ ᠮᠤᠷᠳᠠᠭᠠᠤᠨ ᠪᠣᠴᠠᠨ ᠢᠷᠡᠭᠡ ᠦᠷ᠎ᠡ ᠪᠠᠨ ᠠᠯᠠᠭ᠎ᠠ ᠪᠠᠨ ᠳᠡᠯᠭᠡᠨ ᠣᠭᠳᠤᠨ ᠠᠪᠴᠤ ᠪᠠᠢ᠌ᠭ᠎ᠠ ᠡᠭᠡ ᠭᠦᠮᠤᠨ ᠰᠢᠭ᠌ ᠡᠭᠡᠯᠢᠳᠡᠢ ᠳᠠᠭᠠᠳᠠᠢ ᠰᠠᠨᠠᠭᠳᠠᠬᠤᠯᠠᠷ᠂ ᠳᠤᠳᠤᠷ᠎ᠠ ᠨᠢ ᠨᠢᠭᠡ ᠯᠠ ᠠᠭᠤᠵᠢᠷᠠᠨ ᠣᠴᠢᠭᠰᠠᠨ ᠶᠢᠡᠨ ᠪᠦᠳᠡᠴᠢᠨ ᠳᠠᠮᠠᠴᠢᠨ ᠴᠢᠯᠠᠭᠤ ᠣᠪᠣᠭ᠎ᠠ ᠳᠡᠷᠭᠡᠳᠡ ᠮᠥᠯᠭᠦᠨ ᠭᠦᠷᠴᠤ ᠴᠢᠯᠠᠭᠤᠨ ᠣᠪᠣᠭ᠎ᠠ ᠶᠢ ᠡᠯᠢᠭᠡᠳᠡᠨ ᠳᠠᠭᠤ ᠳᠠᠯᠪᠢᠨ ᠨᠢᠭᠡ ᠵᠡᠷᠭᠡ ᠣᠭᠢᠯᠠᠭᠰᠠᠨ ᠶᠢᠡᠨ ᠳᠠᠭᠢᠭᠠᠤᠨ ᠪᠣᠰᠬᠤ ᠭᠡᠰᠡᠨ ᠴᠢᠨᠢ ᠣᠷᠤᠨ ᠳᠠᠭᠠᠨ ᠯᠠᠭ ᠭᠡᠳᠡᠯ᠎ᠡ ᠰᠠᠭᠤᠪᠠ᠃ ᠳᠠᠷᠠ ᠣᠷᠤᠨ ᠡᠴᠡ ᠪᠠᠨ ᠳᠠᠭᠢᠭᠠᠤᠨ ᠪᠣᠰᠴᠤ ᠳᠡᠢ᠌ᠯᠦᠭ᠍ᠰᠡᠨ ᠦᠭᠡᠶ᠃ ᠭᠤᠷᠪᠠ ᠶ‍ᠢᠰᠤᠨ ᠤ ᠭᠦᠢᠳᠡᠨ ᠵᠢᠪᠠᠷ ᠶᠠᠰᠤ ᠨᠠᠪᠳᠠᠷᠠᠮ᠎ᠠ ᠦᠯᠢᠶᠠᠵᠤ᠂ ᠬᠤᠶᠠᠷ ᠴᠢᠭᠢ ᠪᠠᠨ ᠳᠡᠮᠳᠡᠷᠢᠭᠡᠳ ᠥᠵᠡᠭᠦ ᠳᠤ ᠬᠤᠯᠳᠤᠰᠤ ᠪᠠᠷ ᠭᠢᠭ᠍ᠰᠡᠨ ᠰᠢᠭ᠌ ᠬᠤᠷᠴᠠᠢ᠌ᠴᠢᠬᠠᠭᠠᠤᠨ ᠯᠠ ᠪᠠᠢ᠌ᠨ᠎ᠠ᠃ ᠭᠦᠭᠡᠷᠦᠭᠦᠢ ᠳᠠᠷᠠ ᠭᠡᠳᠤ ᠣᠳᠠᠭ᠎ᠠ ᠡᠪᠦᠳᠦᠭ᠌ ᠶᠢᠡᠷ ᠶᠢᠡᠨ ᠢᠳᠠᠯᠠᠨ ᠳᠠᠶᠠᠭ ᠶᠢᠡᠨ ᠳᠤᠯᠵᠤ ᠪᠣᠰᠬᠤ ᠭᠡᠵᠤ ᠣᠷᠤᠯᠳᠤᠭᠰᠠᠨ ᠪᠣᠯᠪᠠᠴᠤ ᠪᠣᠰᠴᠤ ᠳᠡᠢ᠌ᠯᠦᠭ᠍ᠰᠡᠨ ᠦᠭᠡᠶ ᠳᠤᠯᠠ ᠯᠤᠩᠬᠤ ᠲᠡᠶ ᠠᠷᠢᠭᠢ ᠪᠠᠨ ᠭᠠᠷᠭᠠᠭᠠᠤᠨ ᠣᠭᠤᠴᠢᠬᠤ ᠭᠡᠰᠡᠨ ᠶᠢᠡᠨ ᠢᠷᠤᠭᠠᠷ ᠳᠤᠨᠢ ᠳᠠᠮᠠᠢ ᠥᠯᠡᠳᠡᠭ᠍ᠰᠡᠨ ᠦᠭᠡᠶ ᠪᠠᠨ ᠮᠡᠳᠡᠭᠡᠳ ᠣᠭᠤᠴᠢᠬᠤ ᠪᠠᠨ ᠪᠣᠯᠢᠵᠤ ᠣᠪᠣᠭ᠎ᠠ ᠳᠡᠭᠡᠷ᠎ᠡ ᠡᠴᠡ ᠭᠤᠷᠪᠠᠨ ᠴᠢᠯᠠᠭᠤ ᠠᠪᠴᠤ ᠣᠴᠠᠭᠯᠠᠨ ᠳᠠᠯᠪᠢᠵᠤ᠂ ᠡᠪᠦᠷ ᠡᠴᠡ ᠪᠠᠨ ᠭᠠᠯ ᠳᠠᠭᠢᠯᠭ᠎ᠠ ᠶᠢᠨ ᠡᠷᠭᠦᠯᠳᠡ ᠪᠠᠨ ᠭᠠᠷᠭᠠᠨ ᠣᠭᠤᠳᠠᠨ ᠤ ᠠᠮᠠᠰᠠᠷ ᠢ ᠨᠢ ᠠᠯᠳᠠᠷᠭᠠᠨ᠎ᠠ ᠭᠡᠭᠦᠯᠡᠷ ᠭᠠᠷ ᠤᠨ ᠠᠷᠪᠠᠨ ᠬᠤᠷᠤᠭᠤ ᠨᠢ ᠭᠦᠯᠳᠡᠭᠡᠳ ᠮᠤᠳᠤ ᠪᠠᠷ ᠭᠢᠭ᠍ᠰᠡᠨ ᠮᠠᠳᠤ ᠰᠠᠨᠠᠭ᠎ᠠ ᠪᠠᠷ ᠨᠢ ᠵᠠᠷᠤᠭᠳᠠᠬᠤ ᠦᠭᠡᠶ ᠪᠣᠯᠪᠠ᠃ ᠳᠠᠷᠠ ᠬᠤᠶᠠᠷ ᠭᠠᠷ ᠶᠢᠡᠷ ᠶᠢᠡᠨ ᠯᠤᠩᠬᠤ ᠶᠢ ᠬᠠᠪᠴᠢᠵᠤ᠂ ᠯᠤᠩᠬᠤᠨ ᠢᠷᠤᠭᠠᠷ ᠳᠠᠭᠢ ᠠᠷᠢᠭᠢ ᠪᠠᠨ ᠣᠪᠣᠭᠠᠨ ᠥᠭᠡᠳᠡ ᠰᠦᠷᠴᠢᠵᠤ᠂ ᠪᠠᠷᠠᠭᠤᠨ ᠬᠣᠢ᠌ᠰᠢ ᠬᠠᠨᠳᠤᠨ ᠭᠠᠯ ᠪᠣᠷᠬᠠᠨ ᠳᠠᠭᠠᠨ᠂ ᠬᠠᠨ ᠠᠭᠤᠯᠠ ᠶᠢᠨ ᠨᠠᠪᠳᠠᠭ ᠰᠠᠪᠳᠠᠭ ᠳᠠᠭᠠᠨ ᠰᠥᠭᠦᠳᠤᠨ ᠮᠦᠷᠭᠦᠵᠤ᠂ 《ᠭᠠᠯ ᠭᠤᠯᠤᠮᠳᠠ ᠶᠢ ᠵᠠᠯᠭᠠᠭᠰᠠᠨ ᠦᠷ᠎ᠡ ᠠᠴᠢᠷ ᠢ ᠮᠢᠨᠢ ᠰᠠᠢ᠌ᠨ ᠰᠠᠢ᠌ᠬᠠᠨ ᠡᠩᠭᠡ ᠮᠡᠨᠳᠤ ᠠᠮᠢᠳᠤᠷᠠᠭᠤᠯᠵᠤ᠂ ᠨᠤᠳᠤᠭ ᠣᠰᠤ ᠶᠢ ᠮᠢᠨᠢ ᠪᠦᠷᠢᠨ ᠪᠦᠳᠤᠨ ᠪᠠᠢ᠌ᠯᠭᠠᠬᠤ ᠪᠣᠯᠳᠤᠭᠠᠢ ︕》 ᠭᠡᠵᠤ ᠵᠠᠯᠪᠢᠷᠠᠨ ᠳᠠᠭᠠᠳᠬᠠᠨ᠎ᠠ᠃ ᠡᠪᠦᠭᠡᠨ ᠤ ᠳᠤᠳᠤᠷ᠎ᠠ ᠭᠡᠰᠡᠭ᠌ ᠮᠡᠳᠡᠭᠡ ᠠᠯᠳᠠᠵᠤ ᠭᠡᠰᠡᠭ᠌ ᠭᠡᠢ᠌ᠭᠦ ᠰᠢᠭ᠌ ᠪᠣᠯᠵᠤ ᠢᠷᠡᠭᠦ ᠳᠤ᠂ ᠨᠢᠳᠤᠨ ᠡᠮᠦᠨ᠎ᠡ ᠨᠢ ᠬᠠᠷᠠᠩᠭ᠋ᠤᠢ ᠭᠦᠰᠢᠭᠡ ᠬᠠᠭ᠎ᠠ ᠵᠥᠰᠦᠭ᠍ᠳᠡᠭ᠍ᠰᠡᠨ ᠰᠢᠤᠬᠠᠨ ᠪᠣᠯᠵᠤ ᠡᠮᠦᠨ᠎ᠡ ᠨᠢ ᠣᠯᠠᠰ ᠣᠯᠠᠰ ᠭᠠᠯ ᠤᠨ ᠰᠤᠷ ᠣᠴᠤᠯᠠᠨ ᠬᠠᠷᠪᠣᠵᠤ ᠪᠠᠢ᠌ᠬᠤ ᠰᠢᠭ ᠬᠠᠷᠠᠭᠳᠠᠬᠤ ᠪᠦᠭᠡᠳ᠂ ᠪᠠᠰᠠ ᠵᠠᠯᠠᠭᠤ ᠶᠢᠨ ᠦᠶ᠎ᠡ ᠳᠡᠭᠡᠨ ᠪᠣᠴᠠᠭᠰᠠᠨ ᠶᠤᠮᠰᠢᠭ ᠳᠤᠳᠤᠷ᠎ᠠ ᠨᠢ ᠨᠢᠭᠡ ᠯᠠ ᠬᠠᠯᠠᠭᠤᠨ ᠪᠦᠯᠢᠶᠡᠨ ᠠᠮᠤᠷ ᠳᠠᠢ᠌ᠪᠣᠬᠠᠨ ᠪᠣᠯᠵᠤ ᠢᠷᠡᠭᠦ ᠳᠤ ᠨᠢᠭᠡ ᠮᠡᠳᠡᠭᠦ ᠳᠤ ᠭᠦᠭ᠍ᠰᠢᠨ ᠨᠢ ᠬᠠᠵᠠᠭᠤᠳᠠ ᠨᠢ ᠰᠥᠭᠦᠳᠤᠨ ᠳᠤᠯᠭ᠎ᠠ ᠶᠢᠨ ᠭᠠᠯ ᠳᠤ ᠡᠷᠭᠦᠯᠳᠡ ᠡᠷᠭᠦᠵᠤ ᠠᠷᠢᠭᠢ ᠰᠦᠷᠴᠢᠭᠦ ᠳᠤ ᠭᠠᠯ ᠣᠯᠠᠰ ᠣᠯᠠᠰ ᠳᠦᠷᠠᠯᠵᠠᠨ ᠨᠤᠴᠤᠬᠤ ᠪᠠ᠂ ᠭᠤᠷᠪᠠᠨ ᠬᠡᠦᠬᠡᠳ ᠨᠢ ᠠᠪᠣ ᠡᠵᠢ ᠶᠢᠨ ᠶᠢᠡᠨ ᠠᠷᠤ ᠳ᠋ᠤᠨᠢ ᠰᠥᠭᠦᠳᠤᠨ ᠭᠠᠯ ᠪᠣᠷᠬᠠᠨ ᠳᠠᠭᠠᠨ ᠵᠠᠯᠪᠢᠷᠠᠨ ᠮᠦᠷᠭᠦᠵᠤ ᠪᠠᠢ᠌ᠨ᠎ᠠ᠃ ᠨᠢᠭᠡ ᠭᠡᠷ ᠳᠠᠪᠤᠨ ᠠᠮᠠ ᠭᠦᠮᠤᠨ ᠵᠤᠯ ᠵᠢᠷᠭᠠᠯ ᠲᠡᠶ ᠭᠠᠯ ᠶᠢᠡᠨ ᠳᠠᠭᠢᠵᠤ ᠰᠢᠷᠡᠭᠡ ᠪᠠᠨ ᠳᠤᠭᠤᠷᠢᠵᠤ ᠰᠠᠭᠤᠨ᠎ᠠ᠃ ᠭᠦᠭ᠍ᠰᠢᠨ ᠨᠢ ᠳᠠᠪᠠᠭ ᠲᠡᠶ ᠬᠠᠯᠠᠭᠤᠨ ᠵᠠᠢ᠌ᠳᠠᠰᠤ᠂ ᠮᠢᠬ᠎ᠠ ᠪᠠᠨ ᠰᠢᠷᠡᠭᠡᠨ ᠳᠡᠭᠡᠷ᠎ᠡ ᠳᠠᠯᠪᠢᠵᠤ ᠠᠮᠤᠰᠤ ᠪᠠᠨ ᠠᠶᠠᠭᠠᠯᠠᠵᠤ ᠪᠠᠢ᠌ᠬᠤ ᠭᠡᠢ ᠳᠦᠷᠦᠭ᠍ᠳᠡᠯ ᠡᠭᠦᠰᠭᠦ ᠳᠤ ᠡᠪᠦᠭᠡᠨ ᠤ ᠦᠷᠤᠴᠠᠨ ᠳᠤ ᠬᠠᠯᠠᠭᠤᠨ ᠣᠷᠤᠰᠬᠠᠯ ᠨᠢᠯ ᠭᠢᠭᠡᠳ ᠶᠠᠪᠣᠴᠢᠬᠠᠪᠠ᠃ ᠡᠨᠡ ᠊ᠭ᠍ᠱᠡᠨ ᠳᠤ ᠡᠪᠦᠭᠡᠨ ᠤ ᠳᠤᠳᠤᠷ᠎ᠠ ᠬᠠᠯᠠᠭᠤᠨ ᠣᠷᠭᠢᠵᠤ ᠪᠦᠰᠡ ᠪᠠᠨ ᠳᠠᠢ᠌ᠯᠠᠵᠤ ᠨᠥᠮᠦᠭᠡᠨ ᠰᠠᠭᠤᠬᠤ ᠶᠢ ᠰᠠᠨᠠᠨ᠎ᠠ᠃ ᠭᠦᠭ᠍ᠰᠢᠨ ᠨᠢ ᠥᠭᠡᠳᠡ ᠡᠴᠡ ᠨᠢ ᠢᠨᠢᠶᠡᠮᠰᠦᠭᠯᠡᠵᠤ ᠬᠡᠦᠬᠡᠳ ᠨᠢ ᠬᠠᠵᠠᠭᠤ ᠳ᠋ᠤᠨᠢ ᠳᠤᠭᠯᠠᠨ᠎ᠠ᠃ ᠪᠦᠦᠷ ᠳᠦᠤᠷ᠂ ᠠᠯᠢᠪᠠ ᠪᠦᠭᠦᠨ ᠠᠮᠤᠷ ᠵᠢᠮᠤᠷ᠂ ᠡᠪᠦᠭᠡᠨ ᠪᠦᠦᠷ ᠳᠦᠤᠷ ᠤᠨ ᠳᠤᠮᠳᠠ ᠢᠨᠢᠶᠡᠮᠰᠦᠭᠯᠡᠭ᠍ᠰᠡᠭᠡᠷ ᠁

ᠦᠷ ᠤᠨ ᠭᠡᠭᠡ ᠳᠡᠮᠳᠡᠷᠢᠭ᠍ᠳᠡᠵᠤ ᠰᠢᠨ᠎ᠠ ᠨᠢᠭᠡᠨ ᠡᠳᠦᠷ ᠤᠨ ᠤᠢ᠌ᠷᠠᠳᠴᠤ ᠪᠠᠢ᠌ᠭ᠎ᠠ ᠶᠢ ᠮᠡᠳᠡᠭᠡᠯᠡᠨ᠎ᠡ᠂ ᠳᠣᠢ᠌ᠮᠠᠷᠳᠤ ᠶᠢᠨ ᠳᠠᠪᠠᠭ᠎ᠠ ᠶᠢ ᠪᠠᠭᠤᠭᠠᠤᠨ ᠨᠢᠭᠡᠨ ᠳᠡᠷᠭᠡ ᠳᠡᠭᠡᠳᠤ ᠬᠤᠷᠳᠤᠴᠠ ᠪᠠᠷ ᠭᠦᠶ‍ᠦᠯᠭᠡᠵᠤ ᠳ᠋ᠸᠩ ᠤᠨ ᠭᠡᠷᠡᠯ ᠨᠢ ᠭᠠᠵᠠᠷ ᠲᠡᠶ ᠨᠠᠭᠠᠯᠳᠤᠨ ᠭᠠᠯ ᠪᠦᠮᠪᠦᠭᠡ ᠪᠦᠮᠪᠦᠷᠢᠭᠦ ᠰᠢᠭ᠌ ᠠᠯᠤᠰ ᠤᠨ ᠵᠠᠮ ᠢ ᠡᠪᠭᠡᠨ᠎ᠡ᠃   

ᠵᠢᠷᠠᠨᠳᠠᠢ ᠡᠪᠦᠭᠡᠨ ᠡᠮᠨᠡᠯᠭᠡ ᠶᠢᠨ ᠴᠠᠭᠠᠨ ᠣᠷᠤ ᠳᠡᠭᠡᠷ᠎ᠡ ᠪᠦᠦᠷ ᠳᠦᠤᠷ ᠤᠨ ᠳᠤᠮᠳᠠ ᠭᠡᠪᠳᠡᠨ᠎ᠡ᠃

᠊᠊᠊᠊᠊᠊᠊᠊᠊᠊᠊᠊᠊᠊᠊ ᠠᠪᠣ ᠡ᠂ ᠠᠪᠣ ᠡ ︕ ᠁ ᠭᠡᠵᠤ ᠳᠠᠭᠤᠳᠠᠬᠤ ᠳᠠᠭᠤᠨ ᠠᠯᠤᠰ ᠬᠤᠯᠠ ᠶᠢᠨ ᠳᠠᠪᠠᠭᠠᠨ ᠴᠠᠭᠠᠨ᠎ᠠ ᠡᠴᠡ ᠴᠤᠤᠷᠢᠶᠠᠯᠠᠬᠤ ᠰᠢᠭ ᠪᠦᠷᠦᠭ᠌ ᠪᠠᠷᠤᠭᠬᠠᠨ ᠰᠤᠨᠤᠰᠳᠠᠨ᠎ᠠ᠃ ᠪᠠᠰᠠ ᠭᠠᠷ ᠢ ᠨᠢ ᠠᠳᠬᠤᠬᠤ ᠪᠠ ᠬᠠᠴᠠᠷ ᠢ ᠨᠢ ᠬᠠᠯᠠᠭᠤᠨ ᠭᠠᠷ ᠶᠢᠡᠷ ᠢᠯᠢᠭᠦ ᠨᠢ ᠮᠡᠳᠡᠷᠡᠭ᠍ᠳᠡᠵᠤ ᠢᠷᠡᠭᠦᠯᠡᠷ ᠳᠠᠷᠠ ᠭᠦᠴᠦᠯᠡᠨ ᠪᠠᠢ᠌ᠵᠤ ᠨᠢᠳᠤ ᠪᠠᠨ ᠠᠷᠠᠢ᠌ᠬᠠᠨ ᠨᠡᠭᠡᠭᠡᠪᠡ᠃ ᠡᠪᠦᠭᠡᠨ ᠨᠢᠳᠤ ᠪᠠᠨ ᠨᠡᠭᠡᠭᠡᠳ ᠥᠵᠡᠭ᠍ᠰᠡᠨ ᠳᠤ ᠪᠠᠭ᠎ᠠ ᠭᠦᠤ ᠨᠢ ᠡᠮᠦᠨ᠎ᠡ ᠨᠢ ᠰᠥᠭᠦᠳᠴᠤ ᠳᠠᠭᠤ ᠳᠠᠯᠪᠢᠨ ᠣᠭᠢᠯᠠᠵᠤ᠂ ᠭᠦᠤ ᠪᠠᠷᠢ ᠨᠢ ᠴᠠᠭᠠᠨ᠎ᠠ ᠨᠢ ᠳᠤᠯᠤᠭᠠᠢ ᠭᠠᠨᠵᠤᠭᠠᠯᠠᠨ ᠨᠢᠳᠤ ᠪᠠᠨ ᠵᠥᠯᠭᠦᠨ᠎ᠡ᠂ ᠳᠡᠭᠡᠷ᠎ᠡ ᠨᠢ ᠡᠮ ᠶᠡᠭᠦᠯᠡᠭᠦ ᠯᠤᠩᠬᠤ ᠳᠡᠭᠦᠵᠢᠯᠡᠳᠡᠢ ᠬᠠᠷᠠᠭᠳᠠᠨ᠎ᠠ ᠡᠪᠦᠭᠡᠨ ᠰᠡᠷᠭᠦᠴᠢᠭᠡᠪᠡ᠃ 《ᠪᠢ ᠴᠤᠬᠤᠮ ᠥᠭᠦᠭ᠍ᠰᠡᠨ ᠶᠤᠮ ᠦᠦ ︖ ᠠᠮᠢᠳᠤ ᠶᠤᠮ ᠦᠦ ︖》 ᠭᠡᠵᠤ ᠭᠠᠷ ᠶᠢᠡᠨ ᠬᠠᠵᠠᠵᠤ ᠥᠵᠡᠭᠦ ᠭᠡᠵᠤ ᠪᠠᠷᠠᠭᠤᠨ ᠭᠠᠷ ᠶᠢᠡᠨ ᠡᠷᠭᠦᠭᠦ ᠳᠤ ᠪᠠᠭᠤᠤ ᠡᠴᠡ ᠪᠠᠨ ᠴᠢᠨᠠᠭᠰᠢ ᠶᠠᠭᠤ ᠴᠤ ᠦᠭᠡᠶ ᠮᠤᠬᠤᠷ ᠪᠣᠯᠵᠤ ᠴᠠᠭᠠᠨ ᠪᠦᠰᠡ ᠪᠠᠷ ᠴᠢᠩᠭ᠋᠎ᠠ ᠪᠣᠭᠤᠵᠠᠢ᠃ ᠬᠤᠶᠠᠷ ᠴᠢᠭᠢ ᠨᠢ ᠴᠤ ᠭᠦᠯᠳᠡᠵᠤ ᠣᠨᠠᠭᠠᠤᠨ ᠬᠤᠯᠤᠭᠠᠷ ᠪᠣᠯᠤᠭᠰᠠᠨ ᠪᠣᠯᠪᠠᠴᠤ ᠭᠦᠯᠳᠡᠵᠤ ᠥᠭᠦᠭ᠍ᠰᠡᠨ ᠦᠭᠡᠶ ᠠᠮᠢ ᠪᠦᠳᠤᠨ ᠭᠠᠷᠤᠭᠰᠠᠨ ᠨᠢ ᠠᠵᠠ ᠶᠢᠨ ᠳᠡᠭ᠍ᠷᠢ ᠦᠷᠦᠰᠢᠶᠡᠭ᠍ᠰᠡᠨ ᠠᠵᠢ᠃ ᠭᠦᠤ ᠨᠢ ᠄

᠊᠊᠊᠊᠊᠊᠊᠊᠊᠊᠊᠊᠊᠊᠊ ᠪᠣᠤ ᠭᠦᠳᠡᠯ ᠡ᠂ ᠠᠪᠣ ᠡ᠂ ᠡᠮ ᠶᠡᠭᠦᠯᠡᠵᠤ ᠪᠠᠢ᠌ᠨ᠎ᠠ ᠰᠢᠤ ︕ ᠭᠡᠪᠡ᠃ ᠡᠪᠦᠭᠡᠨ᠂ ᠭᠦᠤ ᠨᠢ ᠵᠡᠭᠦᠤ ᠬᠠᠳᠬᠤᠭ᠎ᠠ ᠲᠡᠶ ᠭᠠᠷ ᠢ ᠨᠢ ᠠᠳᠬᠤᠭᠠᠤᠨ ᠨᠢᠯᠪᠣᠰᠤ ᠣᠨᠠᠭᠠᠵᠤ ᠪᠠᠢ᠌ᠬᠤ ᠶᠢ ᠨᠢ ᠥᠵᠡᠭᠡᠳ ᠰᠠ‍‌ᠶᠢ ᠦᠪᠡᠷ ᠤᠨ ᠶᠢᠡᠨ ᠶᠠᠭᠠᠭᠢᠭᠰᠠᠨ ᠶᠢᠡᠨ ᠮᠠᠳᠠᠵᠤ ᠬᠠᠢ᠌ᠷ᠎ᠠ ᠶᠢᠨ ᠬᠠᠯᠠᠭᠤᠨ ᠨᠢᠯᠪᠣᠰᠤ ᠬᠠᠮᠠᠷ ᠢ ᠨᠢ ᠬᠠᠪᠴᠢᠨ ᠪᠦᠮᠪᠦᠷᠢᠵᠤ ᠢᠷᠠᠪᠠ᠃ ᠡᠪᠦᠭᠡᠨ ᠤ ᠳᠤᠳᠤᠷ᠎ᠠ 《ᠡᠨᠡ ᠵᠢᠯ ᠤᠨ ᠭᠠᠯ ᠳᠠᠭᠢᠯᠭ᠎ᠠ ᠶᠠᠭᠤ ᠪᠣᠯᠪᠠ ︖ ᠪᠢᠳᠠ ᠴᠢᠨᠢ ᠣᠳᠤ ᠡᠪᠦᠭᠡ ᠳᠡᠭᠡᠳᠦᠰ ᠡᠴᠡ ᠣᠯᠠᠮᠵᠢᠯᠠᠵᠤ ᠢᠷᠡᠭ᠍ᠰᠡᠨ ᠵᠠᠩ ᠳᠠᠳᠬᠠᠯ ᠶᠢᠡᠨ ᠴᠤ ᠵᠠᠯᠭᠠᠮᠵᠢᠯᠠᠵᠤ ᠴᠢᠳᠠᠬᠤ ᠦᠭᠡᠶ ᠪᠣᠯᠵᠠᠢ ᠦᠦ ︕ ᠮᠠᠨ ᠤ ᠮᠤᠩᠭ᠋ᠤᠯ ᠤᠨ ᠵᠠᠩ ᠵᠠᠩᠰᠢᠯ᠂ ᠡᠷᠭᠡ ᠴᠢᠯᠦᠭᠡ ᠢᠩᠭᠢᠵᠤ ᠯᠠ ᠣᠷᠤᠭᠤᠳᠠᠨ ᠣᠠᠳᠤᠤᠰᠢᠵᠤ ᠬᠤᠪᠢᠷᠠᠬᠤ ᠨᠢ ᠦᠦ ︕》 ᠭᠡᠭᠦ ᠡᠴᠡ ᠳᠠᠷᠠ ᠳᠤᠳᠤᠷ᠎ᠠ ᠨᠢ ᠡᠪ ᠥᠭᠡᠢ᠌ᠷᠡᠵᠤ ᠄

᠊᠊᠊᠊᠊᠊᠊᠊᠊᠊᠊᠊᠊᠊᠊ ᠭᠡᠨ ᠨᠠᠮᠢ᠋ᠢ ᠠᠪᠣᠷᠠᠴᠢᠬᠠᠭᠰᠠᠨ ᠪᠣᠢ ︖ ᠮᠦᠨ ᠴᠢᠩᠭᠢᠭᠡᠳ ᠥᠭᠦᠭᠦᠯᠴᠢᠭᠡᠭᠦ ᠦᠭᠡᠶ ᠪᠠᠷ ᠁ ᠭᠡᠵᠤ ᠰᠤᠯᠠᠬᠠᠨ ᠪᠣᠯᠪᠠᠴᠤ ᠠᠭᠤᠷ ᠲᠡᠶ ᠶᠤᠮᠰᠢᠭ ᠭᠡᠯᠡᠯ᠎ᠡ᠃

᠊᠊᠊᠊᠊᠊᠊᠊᠊᠊᠊᠊᠊᠊᠊ ᠠᠪᠣ ᠡ᠂ ᠪᠦᠷ ᠮᠠᠭᠤ ᠭᠦᠤ ᠶᠢᠨ ᠴᠢᠨᠢ ᠪᠣᠷᠤᠭᠤ᠂ ᠳᠠ ᠰᠠᠢ᠌ᠨ ᠪᠣᠯᠴᠢᠬᠠᠭᠠᠤᠨ ᠭᠡᠷ ᠲᠡᠭᠡᠨ ᠣᠴᠢᠪᠠᠯ ᠨᠠᠮᠢ᠋ᠢ ᠶᠠᠭᠠᠭᠢᠵᠤ ᠰᠢᠦᠡᠭᠡᠭᠡᠭ᠍ᠰᠡᠨ ᠴᠤ ᠪᠣᠯᠤᠨ᠎ᠠ ᠭᠦᠤ ᠴᠢᠨᠢ ᠣᠬᠠᠭᠠᠨ ᠦᠭᠡᠶ ᠡᠴᠡ ᠪᠣᠯᠵᠤ ᠡᠰᠡᠯ᠎ᠡ ᠳᠠᠨ ᠢ ᠭᠡᠭᠡᠷ᠎ᠡ ᠥᠭᠦᠭᠦᠯᠴᠢᠭᠦ ᠠᠯᠳᠠᠯ᠎ᠠ᠃ ᠭᠡᠷᠪᠡ ᠳᠠ ᠦᠴᠦᠭᠡᠳᠦᠷ ᠰᠦᠨᠢ ᠦᠨᠡᠨ ᠡᠢ᠌ᠮᠤ ᠳᠠᠢ᠌ᠮᠤ ᠪᠣᠯᠴᠢᠬᠠᠭᠰᠠᠨ ᠶᠤᠮ ᠪᠣᠯ ᠪᠢ ᠶᠠᠭᠠᠭᠢᠵᠤ ᠭᠦᠮᠤᠨ ᠤ ᠨᠢᠭᠤᠷ ᠢ ᠥᠵᠡᠭᠦ ᠪᠣᠢ ︖ ᠶᠠᠭᠠᠭᠢᠵᠤ ᠠᠬ᠎ᠠ ᠲᠡᠶ ᠠᠭᠤᠯᠵᠠᠬᠤ ᠪᠣᠢ ︖ ᠭᠡᠵᠤ ᠣᠭᠢᠯᠠᠵᠤ ᠪᠠᠢ᠌ᠨ᠎ᠠ᠃

᠊᠊᠊᠊᠊᠊᠊᠊᠊᠊᠊᠊᠊᠊᠊ ᠡᠪᠦᠭᠡᠨ ᠪᠢ ᠨᠢᠭᠡ ᠨᠠᠰᠤ ᠪᠠᠷ ᠶᠢᠡᠨ ᠬᠤᠷᠤᠬᠠᠢ ᠳᠤ ᠬᠤᠤᠷ ᠭᠦᠷᠭᠡᠭ᠍ᠰᠡᠨ ᠦᠭᠡᠶ ᠭᠦᠮᠤᠨ᠂ ᠳᠡᠭ᠍ᠷᠢ ᠪᠣᠷᠬᠠᠨ ᠨᠠᠮᠢ᠋ᠢ ᠳᠠᠢ᠌ᠮᠤ ᠮᠠᠭᠤᠬᠠᠢ ᠪᠠᠷ ᠥᠭᠦᠭᠦᠯᠵᠤ ᠦᠷ᠎ᠡ ᠠᠴᠢᠷ ᠲᠤ ᠮᠢᠨᠢ ᠠᠷᠠᠢ ᠮᠠᠭᠤ ᠨᠠᠷ᠎ᠠ ᠵᠡᠭᠦᠯᠭᠡᠭᠦ ᠦᠭᠡᠶ ᠪᠠᠢ᠌ᠯᠭᠦᠢ ︕ ᠣᠯᠠᠨ ᠳᠠᠪᠤᠨ ᠥᠭᠡ ᠭᠡᠯᠡᠭᠦ ᠭᠡᠷᠡᠭ᠌ ᠦᠭᠡᠶ᠂ ᠮᠢᠨᠤ ᠣᠮᠪᠣᠯᠤ ᠶᠢ ᠠᠪᠴᠢᠷᠠᠵᠤ ᠥᠭ᠌ ︕ ᠭᠡᠵᠤ ᠭᠦᠤ ᠶᠢᠨ ᠶᠢᠡᠨ ᠭᠦᠭᠡᠷᠦᠭᠦᠢ ᠳᠦᠷᠢᠯᠠᠵᠤ ᠪᠠᠢ᠌ᠬᠤ ᠶᠢ ᠬᠠᠷᠠᠭᠠᠤᠨ ᠦᠷᠤ ᠵᠥᠭᠡᠯᠡᠷᠡᠵᠤ ᠵᠤᠷᠢᠭᠤᠳᠠ ᠥᠭᠡ ᠳᠦᠭᠡᠷᠢᠭᠦᠯᠵᠤ ᠳᠤᠳᠤᠷ᠎ᠠ ᠪᠠᠨ ᠭᠦᠤ ᠪᠠᠨ ᠦᠷᠤ ᠡᠪᠠᠦᠡᠴᠤ ᠵᠦᠪ ᠢ ᠨᠢ ᠦᠭ‍ᠭᠦᠨ᠎ᠡ᠃

᠊᠊᠊᠊᠊᠊᠊᠊᠊᠊᠊᠊᠊᠊᠊ ᠬᠦᠬᠡᠬᠤᠲᠠ ᠶᠢᠨ ᠭᠢᠨ ᠳᠤ ᠦᠴᠦᠭᠡᠳᠦᠷ ᠰᠦᠨᠢ ᠪᠦᠷ ᠴᠢᠮᠡᠭᠡ ᠦᠭ‍ᠭᠦᠭ᠍ᠰᠡᠨ ᠶᠤᠮ᠃ ᠰᠠ‍‌ᠶ‍ᠢᠬᠠᠨ ᠳᠠ ᠰᠡᠷᠭᠦᠭ᠍ᠰᠡᠨ ᠡᠴᠡ ᠰᠡᠭᠦᠯᠡᠷ ᠪᠠᠰᠠ ᠣᠳᠠᠰᠤ ᠠᠪᠴᠤ ᠳᠠᠨ ᠤ ᠠᠮᠤᠷ ᠮᠡᠨᠳᠤ ᠶᠢ ᠭᠡᠯᠡᠵᠤ ᠦᠭ‍ᠭᠦᠯ᠎ᠡ᠃ ᠭᠡᠵᠤ ᠭᠦᠤ ᠪᠠᠷᠢ ᠨᠢ ᠬᠠᠵᠠᠭᠤ ᠡᠴᠡ ᠨᠢ ᠶᠠᠷᠢᠵᠤ ᠪᠠᠷᠠᠬᠤ ᠡᠴᠡ ᠡᠮᠦᠨ᠎ᠡ ᠣᠮᠪᠣᠯᠤ ᠡᠴᠡ ᠨᠢ ᠣᠳᠠᠰᠤ ᠢᠷᠠᠨ᠎ᠠ᠃

᠊᠊᠊᠊᠊᠊᠊᠊᠊᠊᠊᠊᠊᠊᠊ ᠸᠠᠢ᠂ ᠡᠵᠢ ᠡ ︕

᠊᠊᠊᠊᠊᠊᠊᠊᠊᠊᠊᠊᠊᠊᠊ ᠸᠠᠢ᠂ ᠪᠢ ᠮᠦᠨ᠂ ᠶᠠᠷᠢᠭᠠᠴᠢ ︕

᠊᠊᠊᠊᠊᠊᠊᠊᠊᠊᠊᠊᠊᠊᠊ ᠪᠢ ᠳᠠᠨ ᠲᠡᠶ ᠶᠠᠷᠢᠬᠤ ᠦᠭᠡᠶ᠂ ᠡᠪᠦᠭᠡ ᠳᠤ ᠣᠳᠠᠰᠤ ᠶᠢ ᠥᠭ᠌ ︕ ᠭᠦᠤ ᠨᠢ ᠴᠠᠭᠠᠨ᠎ᠠ ᠡᠴᠡ ᠶᠡᠭᠡ ᠠᠭᠤᠷ ᠲᠡᠶ ᠳᠤᠤᠭᠠᠷᠬᠤ ᠶᠢ ᠡᠪᠦᠭᠡᠨ ᠣᠯᠵᠤ ᠰᠤᠨᠤᠰᠤᠯ᠎ᠠ᠃

᠊᠊᠊᠊᠊᠊᠊᠊᠊᠊᠊᠊᠊᠊᠊ ᠮᠠᠢ᠂ ᠠᠪᠣ ᠡ᠂ ᠣᠮᠪᠣᠯᠤ ᠴᠢᠨᠢ ︕ ᠭᠦᠤ ᠪᠠᠷᠢ ᠨᠢ ᠡᠪ ᠥᠭᠡᠢ᠌ᠷᠭᠡᠭ᠍ᠰᠡᠨ ᠪᠣᠯᠵᠤ ᠣᠳᠠᠰᠤ ᠪᠠᠨ ᠠᠪᠣ ᠳᠠᠭᠠᠨ ᠦᠭ‍ᠭᠦᠨ᠎ᠡ᠃

᠊᠊᠊᠊᠊᠊᠊᠊᠊᠊᠊᠊᠊᠊᠊ ᠸᠠᠢ᠂ ᠡᠪᠦᠭᠡ ᠪᠠ ︖

᠊᠊᠊᠊᠊᠊᠊᠊᠊᠊᠊᠊᠊᠊᠊ ᠡᠩ᠌᠂ ᠮᠢᠨᠤ ᠮᠠᠭᠤ ᠪᠦᠯᠳᠡᠭᠡᠷ ᠦᠦ ︖ ᠵᠠ᠂ ᠶᠠᠷᠢᠭᠠᠴᠢ ︕

᠊᠊᠊᠊᠊᠊᠊᠊᠊᠊᠊᠊᠊᠊᠊ ᠡᠪᠦᠭᠡ ᠡ᠂ ᠪᠢᠳᠠ᠂ ᠪᠦᠭᠦᠳᠡᠭᠡᠷ ᠶᠢᠡᠨ ᠬᠠᠷᠢᠵᠤ ᠰᠢᠨᠡᠯᠡᠭᠦ ᠭᠡᠵᠤ ᠪᠠᠢ᠌ᠨ᠎ᠠ᠃ ᠶᠡᠭᠡ ᠠᠪᠠᠭ᠎ᠠ᠂ ᠠᠪᠠᠭ᠎ᠠ ᠡᠭᠡᠴᠢ ᠳᠠᠳᠠᠨ ᠪᠦᠷ ᠡ᠊ᠨᠳᠡ ᠪᠠᠢ᠌ᠨ᠎ᠠ᠃ ᠡᠨᠡ ᠣᠷᠤᠢ ᠶᠢᠨ ᠳᠡᠷᠭᠡᠨ ᠳᠤ ᠰᠠᠭᠤᠨ᠎ᠠ᠂ ᠮᠠᠷᠭᠠᠰᠢ ᠭᠦᠷᠴᠢᠭᠡᠨ᠎ᠡ᠃

᠊᠊᠊᠊᠊᠊᠊᠊᠊᠊᠊᠊᠊᠊᠊ ᠶᠠᠭᠤ ᠭᠢᠨ᠎ᠠ ᠳ᠋ᠠ᠂ ᠨᠠᠰᠢ ᠴᠠᠰᠢ ᠵᠠᠮᠨᠠᠭᠠᠤᠨ᠂ ᠬᠠᠮᠢᠭ᠎ᠠ ᠪᠣᠯᠪᠠᠴᠤ ᠡᠷᠡᠭᠦᠯ ᠮᠡᠨᠳᠤ ᠰᠢᠨᠠᠯᠠᠵᠤ ᠪᠠᠢ᠌ᠪᠠᠯ ᠪᠣᠯᠤᠯ᠎ᠠ ᠰᠢᠳᠠ᠃ ᠡᠪᠦᠭᠡᠨ ᠥᠭᠡ ᠪᠠᠨ ᠭᠡᠯᠡᠵᠤ ᠪᠠᠷᠠᠬᠤ ᠡᠴᠡ ᠡᠮᠦᠨ᠎ᠡ ᠣᠮᠪᠣᠯᠤ ᠨᠢ ᠣᠳᠠᠰᠤ ᠪᠠᠨ ᠬᠠᠭᠠᠴᠢᠬᠠᠪᠠ᠃ ᠢᠩᠭᠢᠵᠤ ᠭᠡᠯᠡᠵᠤ ᠪᠠᠢ᠌ᠪᠠᠴᠤ ᠡᠪᠦᠭᠡᠨ ᠤ ᠬᠠᠯᠠᠭᠤᠨ ᠨᠢᠯᠪᠣᠰᠤ ᠮᠦᠨ ᠯᠠ ᠵᠤᠪᠭᠢ ᠶᠢ ᠨᠢ ᠳᠠᠭᠠᠭᠠᠤᠨ ᠣᠷᠤᠰᠤᠨ᠎ᠠ᠃ ᠴᠠᠭ ᠨᠡᠢ᠌ᠭᠡᠮ ᠤᠨ ᠨᠤᠭᠤᠴᠠᠭ᠎ᠠ ᠶᠢ ᠴᠢᠩ ᠵᠤᠷᠢᠭ ᠶᠢᠡᠷ ᠶᠢᠡᠨ ᠳᠤᠭᠤᠯᠵᠤ ᠢᠷᠡᠭ᠍ᠰᠡᠨ ᠵᠢᠷᠠᠨᠳᠠᠢ ᠡᠪᠦᠭᠡᠨ ᠣᠮᠪᠣᠯᠤ ᠶᠢᠨ ᠶᠢᠡᠨ ᠡᠷᠭᠡ ᠬᠤᠩᠭ᠋ᠤᠷ ᠳᠠᠭᠤᠨ ᠢ ᠰᠤᠨᠤᠰᠤᠭᠠᠤᠨ ᠠᠭᠱᠠᠨ᠎ᠠ ᠠᠮᠤᠭᠤᠯᠠᠩ ᠵᠢᠷᠭᠠᠯᠳᠠᠢ ᠰᠠᠨᠠᠭᠳᠠᠵᠤ ᠭᠡᠭᠦᠳᠡᠭ᠌ ᠴᠡᠭᠡᠵᠢ ᠨᠢ ᠪᠠᠶᠠᠷ ᠶᠢᠡᠷ ᠪᠢᠯᠬᠠᠪᠠ᠃ ᠳᠤᠳᠤᠷ᠎ᠠ ᠪᠠᠨ 《ᠡᠪᠦᠭᠡᠨ ᠪᠢ ᠡᠭᠦᠷᠢᠳᠡ ᠠᠭᠤᠯᠠ ᠣᠰᠤ᠂ ᠪᠣᠷᠬᠠᠨ ᠳᠡᠭ᠍ᠷᠢ ᠪᠠᠨ ᠰᠠᠢ᠌ᠬᠠᠨ ᠳᠠᠭᠢᠵᠤ ᠰᠢᠳᠤᠵᠤ ᠳᠠᠭᠠᠳᠬᠠᠨ ᠵᠠᠯᠪᠢᠷᠠᠳᠠᠭ ᠤᠨ ᠰᠠᠢ᠌ᠨ ᠶᠢᠡᠷ ᠦᠷ᠎ᠡ ᠬᠡᠦᠬᠡᠳ ᠮᠢᠨᠢ ᠰᠠᠢ᠌ᠬᠠᠨ ᠠᠵᠢᠯᠯᠠᠵᠤ ᠠᠮᠢᠳᠤᠷᠠᠵᠤ᠂ ᠭᠠᠯ ᠤᠨ ᠪᠣᠷᠬᠠᠨ ᠨᠢᠳᠤ ᠨᠡᠭᠡᠭᠡᠵᠤ ᠡᠪᠦᠭᠡᠨ ᠪᠢ ᠴᠤ ᠥᠭᠦᠭᠦ ᠵᠤᠪᠠᠯᠠᠩ ᠡᠴᠡ ᠭᠡᠯᠳᠦᠷᠢᠯ᠎ᠡ》 ᠭᠡᠵᠤ ᠳᠤᠳᠤᠷ᠎ᠠ ᠪᠠᠨ ᠪᠣᠳᠤᠵᠤ ᠭᠡᠪᠳᠡᠨ᠎ᠡ᠃

᠊᠊᠊᠊᠊᠊᠊᠊᠊᠊᠊᠊᠊᠊᠊ ᠦᠴᠦᠭᠡᠳᠦᠷ ᠰᠦᠨᠢ ᠪᠢ ᠱᠠᠹᠠ ᠳᠡᠭᠡᠷ᠎ᠡ ᠣᠠᠳᠠᠵᠤ ᠪᠠᠢ᠌ᠭᠰᠠᠭᠠᠷ ᠳᠠᠭᠠᠷᠠᠳᠠᠰᠤ ᠭᠦᠷᠴᠤ ᠰᠡᠷᠢᠭᠡᠳ ᠣᠰᠤ ᠣᠤᠭᠤᠬᠤ ᠶᠤᠮ ᠭᠡᠵᠤ ᠪᠣᠰᠤᠭᠠᠤᠨ᠂ ᠳᠠᠨ ᠢ ᠶᠠᠭᠠᠭᠢᠵᠤ ᠪᠠᠢ᠌ᠬᠤ ᠪᠣᠯ ᠭᠡᠳ ᠣᠷᠤᠵᠤ ᠥᠵᠡᠭ᠍ᠰᠡᠨ ᠴᠢᠨᠢ ᠬᠠᠷᠢᠨ ᠳᠠ ᠣᠷᠤᠵᠤ ᠣᠠᠳᠠᠭᠰᠠᠨ ᠮᠠ‍‌ᠶ‍ᠢᠭ ᠦᠭᠡᠶ ᠠᠯᠠᠭ᠎ᠠ ᠪᠣᠯᠬᠤ ᠳᠤ ᠰᠤᠴᠢᠨ ᠰᠠᠨᠳᠤᠷᠴᠤ ᠭᠦᠤ ᠪᠠᠷᠢ ᠶᠢ ᠴᠢᠨᠢ ᠳᠠᠭᠤᠳᠠᠨ ᠰᠡᠷᠢᠭᠡᠵᠤ ᠡᠷᠢᠭᠡᠳ ᠰᠣᠢ᠌ᠤᠨ ᠪᠣᠯᠤᠭᠰᠠᠨ᠃ ᠳᠡᠭᠡᠭᠡᠳ ᠯᠠ ᠳᠠᠨ ᠢ ᠪᠠᠷᠤᠭ ᠨᠤᠳᠤᠭ ᠵᠥᠭ᠌ ᠶᠢᠡᠨ ᠶᠠᠪᠣᠭᠰᠠᠨ ᠮᠠᠭᠠᠤᠨ ᠭᠡᠵᠤ ᠪᠣᠳᠤᠭᠠᠤᠨ ᠳᠡᠷᠭᠡ ᠣᠯᠵᠤ ᠡᠷᠢᠭᠦ ᠪᠠᠷ ᠶᠠᠪᠣᠭᠰᠠᠨ ᠨᠢ ᠳᠠᠷᠠ ᠡ ᠭᠡᠵᠤ ᠭᠦᠤ ᠨᠢ ᠶᠠᠷᠢᠬᠤ ᠳᠤ᠂

᠊᠊᠊᠊᠊᠊᠊᠊᠊᠊᠊᠊᠊᠊᠊ ᠪᠣᠷᠬᠠᠨ ᠡ᠂ ᠵᠤᠯ ᠳᠠᠭᠠᠨ ᠯᠠ ᠵᠠᠪᠳᠤᠵᠤ ᠭᠦᠷᠴᠡᠢ᠂ ᠪᠠᠭ᠎ᠠ ᠯᠠ ᠣᠷᠣᠢ᠌ᠳᠠᠭᠰᠠᠨ ᠪᠣᠯ ᠠᠪᠣ ᠁ ᠭᠡᠳ ᠭᠦᠤ ᠪᠠᠷᠢ ᠨᠢ ᠨᠢᠯᠪᠣᠰᠤ ᠪᠠᠨ ᠠᠷᠴᠢᠨ᠎ᠠ᠃

᠊᠊᠊᠊᠊᠊᠊᠊᠊᠊᠊᠊᠊᠊᠊ ᠠᠬ᠎ᠠ ᠳᠠᠳᠠᠨ ᠢᠷᠡᠭ᠍ᠰᠡᠭᠡᠷ ᠪᠢᠳᠠ ᠭᠦᠳᠡᠭᠡ ᠳᠡᠭᠡᠨ ᠣᠴᠢᠵᠤ ᠰᠢᠨᠠᠯᠠᠶ᠎ᠠ᠃ ᠡᠭᠦᠨ ᠡᠴᠡ ᠬᠤᠵᠢᠮ ᠵᠢᠯ ᠵᠢᠯ ᠪᠢᠳᠠ ᠭᠦᠳᠡᠭᠡ ᠳᠡᠭᠡᠨ ᠭᠦᠷᠴᠤ ᠭᠠᠯ ᠶᠢᠡᠨ ᠳᠠᠭᠢᠵᠤ ᠰᠢᠨᠠᠯᠠᠵᠤ ᠠᠢ᠌ᠯ ᠠᠢ᠌ᠮᠠᠭ ᠶᠢᠡᠨ ᠳᠤᠭᠤᠷᠢᠵᠤ ᠭᠦᠢᠴᠡᠭᠡᠳ ᠰᠠ‍‌ᠶᠢ ᠬᠠᠷᠢᠵᠤ ᠢᠷᠠᠶ᠎ᠠ᠃ ᠬᠠᠪᠣᠷ ᠳᠦᠯ ᠣᠷᠤᠵᠤ ᠬᠠᠭᠳᠠ ᠭᠦᠭᠡᠷᠦᠭ᠍ᠰᠡᠭᠡᠷ ᠪᠢ ᠣᠴᠢᠵᠤ ᠭᠡᠷ ᠭᠦᠷᠢᠶ᠎ᠡ ᠪᠠᠨ ᠵᠠᠰᠠᠵᠤ ᠠᠪᠣᠶ᠎ᠠ᠂ ᠳᠡᠭᠡᠭᠡᠳ ᠠᠪᠣ ᠳᠠ ᠬᠠᠮᠢᠭ᠎ᠠ ᠨᠢ ᠰᠠᠭᠤᠬᠤ ᠳᠤᠷ᠎ᠠ ᠲᠡᠶ ᠪᠣᠯ ᠳᠡᠨᠳᠡ ᠪᠠᠨ ᠰᠠᠭᠤ ︕ ᠭᠡᠵᠤ ᠭᠦᠤ ᠨᠢ ᠠᠪᠣ ᠪᠠᠨ ᠠᠷᠭᠠᠳᠠᠵᠤ ᠰᠠᠨᠠᠭ᠎ᠠ ᠶᠢ ᠨᠢ ᠭᠦᠭ᠍ᠵᠢᠭᠡᠭᠦ ᠪᠠᠷ ᠣᠷᠤᠯᠳᠤᠨ᠎ᠠ᠃

ᠡᠪᠦᠭᠡᠨ ᠬᠡᠦᠬᠡᠳ ᠤᠨ ᠶᠢᠡᠨ ᠰᠢᠳᠤᠷᠭᠤ ᠠᠴᠢᠯᠠᠯ ᠳᠤ ᠪᠠᠶᠠᠷᠯᠠᠵᠤ ᠰᠡᠳᠭᠢᠯ ᠰᠡᠷᠭᠦᠭᠦ ᠳᠤ ᠪᠠᠶ᠎ᠠ ᠨᠢ ᠬᠤᠯᠠ ᠭᠦᠩᠭᠡᠷᠡᠭ᠍ᠰᠡᠨ ᠰᠢᠭ᠌ ᠪᠣᠯᠵᠤ ᠦᠴᠦᠭᠡᠳᠦᠷ ᠤᠨ ᠠᠭᠤᠷ ᠣᠮᠤᠭ᠂ ᠶᠠᠷᠰᠢᠭ ᠳᠦᠪᠠᠭ᠌ ᠠᠯᠤᠰ ᠴᠠᠭᠠᠨ᠎ᠠ ᠬᠠᠶᠠᠭᠳᠠᠵᠤ᠂ ᠮᠤᠬᠤᠷ ᠭᠠᠷ ᠶᠢᠡᠷ ᠶᠢᠡᠨ ᠭᠦᠤ ᠶᠢᠨ ᠶᠢᠡᠨ ᠳᠤᠯᠤᠭᠠᠢ ᠶᠢ ᠭᠦᠩᠭᠡᠭᠡᠨ ᠨᠢᠭᠡ ᠭᠦᠪᠰᠢᠵᠤ ᠠᠪᠣᠭᠰᠠᠨ ᠶᠢᠡᠨ ᠄

᠊᠊᠊᠊᠊᠊᠊᠊᠊᠊᠊᠊᠊᠊᠊ ᠦᠨᠦ ᠮᠠᠷᠭᠠᠰᠢ ᠰᠢᠨᠠᠯᠠᠨ᠎ᠠ ᠭᠡᠵᠤ ᠪᠠᠢ᠌ᠬᠤ ᠳᠤ ᠡᠮᠨᠡᠯᠭᠡ ᠳᠤ ᠭᠡᠪᠳᠡᠭᠡᠳ ᠶᠠᠭᠤ ᠴᠤ ᠭᠡᠰᠡᠨ ᠭᠡᠷᠡᠭ᠌ ᠪᠣᠢ ︕ ᠭᠡᠷ ᠲᠡᠭᠡᠨ ᠬᠠᠷᠢᠵᠠᠭᠠᠶ᠎ᠠ᠂ ᠮᠠᠷᠭᠠᠰᠢ ᠳᠠᠳᠠᠨ ᠴᠢᠨᠢ ᠬᠤᠯᠠ ᠵᠠᠮ ᠭᠦᠭᠡᠭᠡᠳ ᠶᠠᠳᠠᠷᠠᠭᠠᠤᠨ ᠢᠷᠡᠭᠦ ᠦᠭᠡᠶ ᠦᠦ ︕ ᠭᠡᠷ ᠲᠡᠭᠡᠨ ᠭᠦᠷᠴᠤ ᠢᠳᠠᠵᠤ ᠣᠤᠭᠤᠬᠤ ᠶᠢ ᠨᠢ ᠪᠡᠯᠡᠳᠭᠡᠶ᠎ᠡ ︕ ᠭᠡᠳ ᠣᠷᠤ ᠡᠴᠡ ᠪᠠᠨ ᠪᠣᠰᠬᠤ ᠭᠡᠪᠡ᠃

᠊᠊᠊᠊᠊᠊᠊᠊᠊᠊᠊᠊᠊᠊᠊ ᠠᠪᠣ ᠡ᠂ ᠪᠢᠳᠡᠭᠡᠢ ᠭᠦᠳᠡᠯ ᠡ᠂ ᠦᠨᠦᠳᠤᠷ ᠤᠨ ᠡᠮ ᠶᠢᠡᠨ ᠶᠡᠭᠦᠯᠡᠵᠤ ᠪᠠᠷᠠᠴᠢᠬᠠᠭᠠᠤᠨ ᠶᠠᠪᠣᠬᠤ ᠳᠤ ᠵᠠᠪᠳᠤᠨ᠎ᠠ ᠭᠡᠵᠤ ᠬᠤᠶᠠᠷ ᠬᠡᠦᠬᠡᠳ ᠨᠢ ᠵᠡᠷᠭᠡᠪᠠᠷ ᠭᠡᠯᠡᠪᠡ᠃ ᠳᠠᠪᠤᠨ ᠬᠤᠷᠤᠭᠤ ᠶᠢ ᠨᠢ ᠪᠦᠷ ᠠᠪᠣᠭᠠᠤᠨ ᠬᠠᠶᠠᠴᠢᠬᠠᠭᠰᠠᠨ ᠮᠠᠰᠠ ᠵᠠᠰᠠᠯ ᠭᠡᠳᠦᠭᠡᠨ ᠡᠳᠦᠷ ᠶᠢᠡᠷ ᠡᠮᠨᠡᠯᠭᠡ ᠳᠤ ᠭᠡᠪᠳᠡᠭᠦ ᠪᠠᠷ ᠵᠤᠭᠰᠤᠬᠤ ᠦᠦ ᠳ᠋ᠠ᠂ ᠵᠥᠪᠭᠡᠨ ᠲᠦᠷ ᠴᠠᠭ ᠴᠤ ᠭᠡᠰᠡᠨ ᠠᠪᠣ ᠪᠠᠨ ᠳᠠᠢ᠌ᠤᠠᠬᠤᠷᠠᠭᠤᠯᠬᠤ ᠪᠠᠷ ᠬᠤᠶᠠᠷ ᠬᠡᠦᠬᠡᠳ ᠨᠢ ᠢᠩᠭᠢᠵᠤ ᠠᠪᠣ ᠪᠠᠨ ᠠᠷᠭᠠᠳᠠᠨ᠎ᠠ᠃

ᠬᠤᠳᠠᠴᠢᠯᠠᠬᠤ ᠶᠢ ᠭᠦᠭᠡᠭᠡᠴᠡᠯᠳᠦᠭ᠍ᠰᠡᠨ ᠮᠠᠨ ᠤ ᠮᠤᠩᠭ᠋ᠤᠯ ᠤᠨ ᠰᠠᠷ᠎ᠠ ᠰᠢᠨ᠎ᠠ ᠶᠢᠨ ᠵᠤᠭᠤᠭ ᠢᠩᠭᠢᠵᠤ ᠦᠷᠭᠦᠯᠵᠢᠯᠡᠨ᠎ᠡ ᠁


ᠵᠤᠬᠢᠶᠠᠭᠴᠢ᠄ ᠽᠠᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 2618
ᠴᠠᠭ᠄ 2010 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁