ᠳᠦᠷᠪᠡ ᠲᠠᠪᠤᠨ ᠳᠡᠰ ᠤᠨ ᠰᠠᠯᠬᠢ

ᠴᠠᠭ ᠠᠭᠤᠷ ᠤᠨ ᠮᠡᠳᠡᠭᠡᠨ ᠤ ᠳᠤᠪᠴᠢ ᠳᠡᠭᠡᠷ᠎ᠡ
ᠥᠨᠦᠳᠦᠷ ᠰᠥᠨᠢ ᠡᠴᠡ ᠮᠠᠷᠭᠠᠰᠢ ᠤᠷᠤᠢ ᠪᠣᠯᠲᠠᠯ᠎ᠠ
ᠲᠤᠩᠭᠠᠯᠠᠭ ᠪᠠᠢᠭᠰᠠᠨ ᠡᠴᠡ ᠪᠠᠨ ᠡᠬᠦᠯᠡᠷᠬᠡᠭ ᠪᠣᠯᠤᠨ᠎ᠠ ᠭᠡᠵᠦ
ᠪᠠᠷᠠᠭᠤᠨ ᠡᠴᠡ ᠳᠥᠷᠪᠡ ᠲᠠᠪᠤᠨ ᠲᠡᠰ ᠤᠨ ᠰᠠᠯᠬᠢ ᠲᠠᠢ


ᠬᠡᠭᠡᠯᠢ ᠬᠠᠬᠤᠤᠯᠢ ᠬᠤᠤᠳᠤᠤ ᠬᠤᠢᠬᠤᠷ ᠢ ᠬᠡᠨᠡᠳᠡᠬᠦᠯᠵᠦ
ᠬᠤᠯᠠᠭᠠᠢ ᠳᠡᠭᠡᠷᠡᠮ ᠬᠠᠤᠯᠢ ᠵᠢᠨ ᠡᠰᠡᠷᠭᠦᠦ ᠶᠢ ᠳᠠᠭᠠᠷᠢᠵᠤ
ᠬᠤᠳᠠᠯ ᠬᠠᠭᠤᠷᠮᠠᠭ ᠬᠠᠷᠬᠢᠰ ᠵᠢᠰᠥᠷ ᠢ ᠥᠯᠳᠡᠵᠥ
ᠬᠦᠷᠦᠨ ᠡᠴᠡ ᠳᠥᠷᠪᠡ ᠲᠠᠪᠤᠨ ᠲᠡᠰ ᠤᠨ ᠰᠠᠯᠬᠢ ᠲᠠᠢ


ᠡᠵᠡᠨ ᠴᠢᠩᠭᠢᠰ ᠡᠷᠡᠮᠡᠭᠡᠢ ᠲᠡᠦᠬᠡ ᠲᠠᠢ ᠪᠣᠯᠬᠣᠷ
ᠡᠯᠡᠰᠦ ᠮᠠᠩᠬ᠎ᠠ ᠪᠤᠯᠠᠭ ᠱᠠᠩᠳᠠ ᠲᠠᠢ ᠪᠣᠯᠬᠣᠷ
ᠬᠠᠰᠢᠶᠠᠯᠠᠯ ᠮᠠᠯᠵᠢᠯ ᠤᠯᠤᠰ ᠤᠨ ᠲᠡᠳᠬᠦᠪᠤᠷᠢ ᠲᠠᠢ ᠪᠣᠯᠬᠣᠷ
ᠥᠪᠦᠷ ᠮᠣᠩᠭᠤᠯ ᠡᠴᠡ ᠳᠥᠷᠪᠡ ᠲᠠᠪᠤᠨ ᠲᠡᠰ ᠤᠨ ᠰᠠᠯᠬᠢ ᠲᠠᠢ


ᠠᠭᠤᠷᠬᠠᠢ ᠴᠤᠭᠤᠷᠬᠠᠢ ᠪᠠᠶᠠᠨ ᠨᠡᠭᠦᠷᠡᠰᠦ ᠲᠠᠢ ᠪᠣᠯᠬᠣᠷ
ᠴᠠᠷᠳᠠ ᠵᠢᠨ ᠭᠠᠯᠪᠠ ᠵᠢᠨ ᠥᠯᠦᠭ ᠬᠦᠷᠪᠡᠯ ᠲᠠᠢ ᠪᠣᠯᠬᠣᠷ
ᠠᠬ᠎ᠠ ᠳᠡᠭᠦᠦ ᠳᠣᠯᠤᠭᠠᠨ ᠬᠣᠰᠢᠭᠤ ᠲᠠᠢ ᠪᠣᠯᠬᠣᠷ
ᠣᠷᠳᠤᠰ ᠡᠴᠡ ᠳᠥᠷᠪᠡ ᠲᠠᠪᠤᠨ ᠲᠡᠰ ᠤᠨ ᠰᠠᠯᠬᠢ ᠲᠠᠢ


ᠾᠦᠩᠨᠦ ᠵᠢᠨ ᠬᠠᠭᠠᠨ ᠤ ᠠᠯᠳᠠᠨ ᠲᠢᠲᠢᠮ ᠲᠠᠢ ᠪᠣᠯᠬᠣᠷ
ᠬᠥᠪᠴᠢ ᠵᠢᠨ ᠡᠯᠡᠰᠦᠨ ᠤ ᠴᠠᠷᠳᠠᠮᠠᠯ ᠵᠠᠮ ᠲᠠᠢ ᠪᠣᠯᠬᠣᠷ
ᠬᠠᠷᠭᠠᠨ᠎ᠠ ᠵᠢᠨ ᠰᠢᠯᠢ ᠵᠢᠨ ᠰᠢᠷ᠎ᠠ ᠴᠡᠴᠡᠭ ᠲᠠᠢ ᠪᠣᠯᠬᠣᠷ
ᠬᠠᠩᠭᠢᠨ ᠡᠴᠡ ᠳᠥᠷᠪᠡ ᠲᠠᠪᠤᠨ ᠲᠡᠰ ᠤᠨ ᠰᠠᠯᠬᠢ ᠲᠠᠢ


ᠬᠣᠪ ᠵᠢᠪ ᠠᠲᠠᠭ᠎ᠠ ᠵᠢᠳᠦᠬᠡ ᠲᠠᠢ ᠪᠣᠯᠬᠣᠷ
ᠣᠬᠤᠷ ᠪᠠᠩᠵᠠᠯ ᠴᠡᠭᠡᠵᠢᠨ ᠭᠣᠪᠢᠯ ᠲᠠᠢ ᠪᠣᠯᠬᠣᠷ
ᠬᠤᠨᠳᠠᠭᠠᠨ ᠳᠤ ᠨᠡᠷᠡᠭᠰᠡᠨ ᠦᠵᠦᠮ ᠤᠨ ᠳᠠᠷᠠᠰᠤ ᠰᠢᠭ ᠪᠣᠯᠬᠣᠷ
ᠪᠦᠰᠡᠬᠦᠢᠴᠦᠳ ᠡᠴᠡ ᠳᠥᠷᠪᠡ ᠲᠠᠪᠤᠨ ᠲᠡᠰ ᠤᠨ ᠰᠠᠯᠬᠢ ᠲᠠᠢ


ᠤᠷᠠᠨ ᠪᠠᠷᠢᠯᠳᠤᠭᠠᠨ ᠠᠪᠤᠷᠭᠤ ᠲᠡᠩᠬᠡᠭᠡ ᠲᠠᠢ ᠪᠣᠯᠬᠣᠷ
ᠤᠯᠠᠨ ᠡᠴᠡ ᠤᠯᠠᠨ ᠰᠦᠯᠵᠢᠶᠡᠨ ᠰᠢᠭᠦᠮᠵᠢᠯᠡᠭᠴᠢ ᠲᠠᠢ ᠪᠣᠯᠬᠣᠷ
ᠤᠵᠠᠭᠤᠷ ᠡᠷᠲᠡ ᠵᠢᠨ ᠳᠦᠬᠦᠷᠡᠩᠵᠠᠭᠠᠨ ᠤ ᠲᠡᠦᠬᠡ ᠲᠠᠢ ᠪᠣᠯᠬᠣᠷ
ᠪᠥᠬᠡᠴᠦᠳ ᠡᠴᠡ ᠳᠥᠷᠪᠡ ᠲᠠᠪᠤᠨ ᠲᠡᠰ ᠤᠨ ᠰᠠᠯᠬᠢ ᠲᠠᠢ


ᠳᠤᠷ᠎ᠠ ᠳᠠᠢ ᠳᠤᠷ᠎ᠠ ᠦᠭᠡᠢ ᠠᠵᠢᠯᠯᠠᠯ᠎ᠠ
ᠳ᠋ᠦ᠋ᠩᠨᠡᠯᠳᠡ ᠪᠡᠨ ᠮᠠᠭᠤ ᠠᠪᠴᠤ ᠭᠤᠩᠰᠤᠢᠯ᠎ᠠ
ᠳᠤᠭᠤᠢ ᠪᠠᠢᠭᠰᠠᠨ ᠦᠭᠡᠢ ᠵᠢᠷ ᠪᠤᠷ ᠬᠡᠯ᠎ᠠ
ᠳᠠᠷᠤᠭ᠎ᠠ ᠠᠴᠠ ᠳᠥᠷᠪᠡ ᠳᠠᠪᠤᠨ ᠳᠡᠰ ᠦᠨ ᠰᠠᠯᠬᠢ ᠳᠠᠢ


ᠳᠡᠯᠡᠬᠡᠢ ᠶᠢᠨ ᠳᠤᠮᠤ ᠠᠴᠠ ᠳᠡᠷᠭᠡᠳᠡ ᠪᠠᠨ ᠬᠦᠷᠲᠡᠯ᠎ᠡ ᠵᠤᠭᠤᠭᠳᠠᠯ᠎ᠠ
ᠳᠡᠯᠪᠡᠷᠡᠵᠥ ᠨᠢᠰᠥᠨ ᠳᠡᠭᠳᠡᠵᠥ ᠬᠡᠢᠰᠲᠡᠯ᠎ᠡ ᠦᠯᠢᠶᠡᠯ᠎ᠡ
ᠳᠡᠮᠡᠢ ᠯᠠ ᠰᠠᠭᠤᠵᠠᠭᠠᠵᠤ ᠳᠠᠮᠠᠬᠢ ᠨᠢᠭᠤᠵᠤ ᠲᠠᠲᠠᠯ᠎ᠠ
ᠠᠯᠪᠠᠨ ᠬᠡᠷ ᠡᠴᠡ ᠳᠥᠷᠪᠡ ᠳᠠᠪᠤᠨ ᠳᠡᠰ ᠦᠨ ᠰᠠᠯᠬᠢ ᠳᠠᠢ


ᠵᠢᠯᠭ᠎ᠠ ᠰᠠᠢᠳᠠᠢ ᠬᠥᠩᠭᠡᠨ ᠮᠠᠰᠢᠨ ᠵᠢᠠᠨ ᠵᠢᠯᠤᠭᠤᠳᠤᠯ᠎ᠠ
ᠵᠢᠰᠥ ᠰᠠᠢᠳᠠᠢ ᠭᠤᠳᠤᠮᠵᠢ ᠶᠢᠨ ᠰᠡᠪᠡᠭᠡᠷ ᠦᠳ ᠢ ᠱᠤᠬᠤᠭᠤᠷᠬᠠᠯ᠎ᠠ
ᠵᠢᠭᠳᠡᠢ ᠬᠡᠬᠡᠨᠴᠢᠷ ᠵᠢᠠᠷ ᠮᠠᠭᠳᠠᠭᠠᠳ ᠵᠣᠯᠪᠢᠩ ᠭᠡᠵᠥ ᠪᠣᠳᠤᠯ᠎ᠠ
ᠵᠡᠬᠡᠯᠢ ᠡᠴᠡ ᠳᠥᠷᠪᠡ ᠳᠠᠪᠤᠨ ᠳᠡᠰ ᠦᠨ ᠰᠠᠯᠬᠢ ᠳᠠᠢ


ᠠᠭᠤᠷ ᠢ ᠨᠢ ᠬᠥᠳᠡᠯᠭᠡᠵᠦ ᠠᠵᠢᠭ ᠦᠭᠡᠢ ᠰᠠᠭᠤᠯ᠎ᠠ
ᠠᠷᠢᠬᠢ ᠪᠠ ᠠᠨᠳᠠ ᠵᠢᠨ ᠳᠠᠪᠠᠭ᠎ᠠ ᠪᠠᠷ ᠳᠠᠪᠠᠷᠠᠯ᠎ᠠ
ᠠᠢᠯ ᠢᠶᠡᠷ ᠬᠡᠳᠦ ᠬᠣᠨᠤᠭ ᠠᠷᠢᠬᠢᠳᠡᠵᠥ ᠬᠡᠰᠥᠯ᠎ᠠ
ᠡᠬᠡᠨᠡᠷ ᠡᠴᠡ ᠳᠥᠷᠪᠡ ᠲᠠᠪᠤᠨ ᠲᠡᠰ ᠤᠨ ᠰᠠᠯᠬᠢ ᠲᠠᠢ


ᠰᠠᠯᠬᠢᠯᠠᠪᠠᠯ ᠮᠥᠨ ᠰᠠᠯᠬᠢᠯᠠᠭ ᠳ᠋ᠠ ᠲᠡᠭᠷᠢ ᠵᠢᠨ ᠰᠠᠨᠠᠭ᠎ᠠ
ᠪᠢ ᠶᠡᠷᠦ ᠨᠢ ᠶᠠᠭᠠᠬᠢᠬᠤ ᠳ᠋ᠠ ᠮᠢᠨᠦ ᠰᠠᠨᠠᠭ᠎ᠠ
ᠬᠠᠪᠤᠷ ᠡᠴᠡ ᠬᠣᠢᠰᠢ ᠡᠳᠦᠷ ᠡᠳᠦᠷ ᠰᠠᠯᠬᠢᠨ ᠲᠠᠢ
ᠮᠠᠨ ᠤ ᠳᠤ ᠳᠥᠷᠪᠡ ᠲᠠᠪᠤᠨ ᠲᠡᠰ ᠤᠨ ᠰᠠᠯᠬᠢ ᠲᠠᠢ

ᠵᠤᠬᠢᠶᠠᠭᠴᠢ᠄ ᠥᠬᠥᠰᠢ᠍ᠨ ᠴᠢ᠍᠊·ᠬᠠᠰᠪᠠᠭᠠᠨ᠎ᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠳᠠᠷᠤᠮ᠄ 713
ᠴᠠᠭ᠄ 2017 ᠤᠨ ᠤ 03 ᠰᠠᠷ᠎ᠠ ᠶᠢᠨ 24
ᠪᠢᠴᠢᠭ᠍‍ᠯᠡᠭᠴᠢ᠄ ᠥᠬᠥᠰᠢ᠍ᠨ ᠴᠢ᠍ ᠂ ᠬᠠᠰᠪᠠᠭᠠᠨ᠎ᠠ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠢᠯᠦᠭ - ᠳᠦᠷᠪᠡ ᠲᠠᠪᠤᠨ ᠳᠡᠰ ᠤᠨ ᠰᠠᠯᠬᠢ