ᠡᠭᠡᠴᠢ ᠳᠡᠭᠡᠨ ᠪᠢ ᠵᠤᠯᠭᠠᠬᠤ ᠳᠤᠷᠠᠳᠠᠢ

ᠠᠮᠢᠨ ᠡᠴᠡ ᠥᠯᠡᠳᠡᠭ᠍ᠰᠡᠨ ᠬᠤᠭ

ᠠᠢ᠌ᠯ ᠤᠨ ᠳᠤᠮᠳᠠ ᠪᠠᠨ ᠣᠭᠢ

ᠠᠮᠢᠨ ᠬᠠᠢ᠌ᠷᠠᠳᠠᠢ ᠡᠭᠡᠴᠢ ᠳ᠋ᠡᠭᠡᠨ

ᠠᠢ᠌ᠯᠴᠢᠯᠠᠨ ᠵᠤᠯᠭᠠᠬᠤ ᠪᠢ ᠳᠤᠷᠠᠳᠠᠢ᠂

ᠠᠢ᠌ᠷᠠᠭ ᠴᠠᠭᠠᠨ ᠤ ᠳᠡᠭᠡᠵᠢ ᠡᠴᠡ ᠨᠢ

ᠠᠮᠰᠠᠨ ᠰᠠᠭᠤᠬᠤ ᠪᠢ ᠳᠤᠷᠠᠳᠠᠢ︕

ᠬᠠᠪᠣᠷ ᠨᠠᠮᠤᠷ ᠤᠨ ᠴᠢᠯᠦᠭᠡ ᠪᠠᠷ

ᠬᠠᠢ᠌ᠭᠠᠤᠨ ᠭᠦᠷᠭᠦ ᠪᠢ ᠡᠭᠦᠷᠭᠡ ᠳᠡᠢ᠂

ᠬᠠᠷ᠎ᠠ ᠣᠯᠠᠭᠠᠨ ᠵᠢᠰᠤ ᠶᠢ ᠨᠢ

ᠬᠠᠷᠠᠯᠠᠵᠤ ᠪᠣᠷᠤᠯᠠᠭᠰᠠᠨ ᠴᠢᠷᠠᠢ ᠶᠢ ᠨᠢ

ᠬᠠᠪᠣᠷᠵᠢᠩ ᠵᠤᠰᠠᠯᠠᠩ ᠨᠠᠮᠤᠷᠵᠢᠩ ᠳ᠋ᠤᠨᠢ

ᠬᠠᠷᠠᠭᠠᠤᠨ ᠰᠠᠭᠤᠬᠤ ᠪᠢ ᠪᠠᠬᠠᠳᠠᠢ︕

ᠨᠤᠳᠤᠭ ᠳᠤᠳᠤᠷ᠎ᠠ ᠪᠠᠨ ᠭᠦᠡᠳᠦᠳᠡᠢ

ᠨᠤᠭᠤᠰᠤ ᠭᠠᠯᠠᠭᠤ ᠰᠢᠭ ᠱᠤᠤᠭᠢᠶᠠᠠ ᠳᠠᠢ

ᠨᠢᠷᠤᠭᠤ ᠳᠡᠨᠢᠭᠡᠷ ᠡᠭᠡᠴᠢ ᠳ᠋ᠡᠭᠡᠨ

ᠨᠤᠳᠤᠭᠴᠢᠯᠠᠨ ᠭᠦᠷᠭᠦ ᠪᠢ ᠳᠤᠷᠠᠳᠠᠢ᠂

ᠨᠤᠮᠤᠬᠠᠨ ᠥᠭᠡ ᠳᠡᠢ ᠡᠭᠡᠴᠢ ᠳ᠋ᠡᠭᠡᠨ

ᠨᠤᠭᠤᠷᠠᠨ ᠰᠥᠭᠦᠳᠭᠦ ᠪᠢ ᠳᠤᠷᠠᠳᠠᠢ︕

ᠭᠦᠩᠨᠡ ᠲᠡᠶ ᠬᠤᠷᠭ᠎ᠠ ᠪᠠᠨ ᠰᠠᠭᠠᠳᠠᠭ

ᠭᠦᠩᠭ᠋ᠡᠷᠡ ᠲᠡᠶ ᠪᠣᠷᠬᠠᠨ ᠶᠢᠡᠨ ᠳᠠᠭᠢᠳᠠᠭ

ᠭᠦᠳᠡᠯᠮᠦᠷᠢᠴᠢ ᠬᠤᠶᠠᠷ ᠭᠠᠷ ᠡᠴᠡ ᠨᠢ

ᠭᠦᠨᠦᠭ᠌ ᠲᠡᠶ ᠠᠢ᠌ᠷᠠᠭ ᠣᠤᠭᠤᠬᠤ ᠪᠢ ᠳᠤᠷᠠᠳᠠᠢ᠂

ᠭᠦᠪᠠᠭᠦᠤᠨ ᠶᠢᠡᠨ ᠭᠦᠮᠦᠵᠢᠭᠦᠯᠦᠭ᠍ᠰᠡᠨ ᠠᠮᠠᠨ ᠡᠴᠡ ᠨᠢ

ᠭᠦᠮᠦᠵᠢᠯ ᠰᠤᠷᠭᠠᠯ ᠭᠦᠷᠳᠡᠭᠦ ᠪᠢ ᠠᠯᠪᠠ ᠲᠡᠶ︕

ᠡᠭᠡᠴᠢ ᠳᠡᠭᠦᠨᠡᠷ ᠲᠡᠭᠡᠨ ᠡᠨᠡᠷᠢᠯ ᠳᠠᠢ

ᠭᠦᠪᠠᠭᠦᠤᠨ ᠰᠢᠪᠠᠭᠤᠳ ᠲᠠᠭᠠᠨ ᠬᠠᠢ᠌ᠷᠠᠳᠠᠢ

ᠡᠷᠳᠡᠮ ᠨᠤᠮ ᠳᠤ ᠡᠯᠪᠠᠷᠢᠯᠳᠡᠢ

ᠡᠩᠭᠦᠷᠡᠢ ᠬᠠᠢ᠌ᠷᠠᠳᠠᠢ ᠡᠭᠡᠴᠢ ᠳ᠋ᠡᠭᠡᠨ

ᠡᠷᠭᠢᠭᠡᠳ ᠵᠤᠯᠭᠠᠬᠤ ᠪᠢ ᠳᠤᠷᠠᠳᠠᠢ︕

ᠢᠰᠭᠡᠵᠤ ᠪᠣᠯᠭᠤᠭᠰᠠᠨ ᠪᠣᠭᠤᠷᠰᠤᠭ ᠢ ᠨᠢ

ᠡᠯᠳᠡᠵᠤ ᠭᠢᠭ᠍ᠰᠡᠨ ᠪᠣᠳᠠᠭ᠎ᠠ ᠶᠢ ᠨᠢ

ᠡᠭᠡᠭᠡᠵᠤ ᠬᠠᠳᠠᠭᠠᠭᠰᠠᠨ ᠬᠠᠳᠠᠮᠠᠯ ᠢ ᠨᠢ

ᠢᠳᠡᠭᠡᠳ ᠣᠤᠭᠤᠬᠤ ᠪᠢ ᠳᠤᠷᠠᠳᠠᠢ︕

ᠡᠷᠳᠡᠮ ᠶᠢᠠᠨ ᠭᠠᠷᠭᠠᠵᠤ ᠣᠶᠠᠭᠰᠠᠨ

ᠡᠪᠭᠡᠭᠡᠷᠢ ᠱᠠᠭᠯᠠᠭᠠᠷᠢ ᠶᠢ ᠨᠢ ᠰᠢᠠᠵᠢᠨ

ᠥᠰᠭᠡᠵᠤ ᠪᠠᠢ᠌ᠭ᠎ᠠ ᠳᠠᠪᠤᠨ ᠵᠢᠰᠤᠨ

ᠦᠨᠢᠷ ᠢᠳᠡᠭᠡᠨ ᠰᠥᠷᠦᠭ᠌ ᠢ ᠨᠢ

ᠥᠡᠵᠢᠭᠡᠳ ᠬᠠᠷᠢᠭᠤᠯᠬᠤ᠂ ᠪᠢ ᠰᠠᠨᠠᠭ᠎ᠠ ᠲᠡᠶ︕


2009.6.18

ᠵᠤᠬᠢᠶᠠᠭᠴᠢ᠄ ᠴᠦ᠋᠊·ᠪᠣᠯᠤᠳᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2002
ᠴᠠᠭ᠄ 2009 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁