ᠴᠢᠰᠤ᠂ ᠴᠢᠮᠦᠭᠡ

ᠰᠤᠳᠠᠯ ᠪᠦᠭᠦᠨ ᠶᠢᠡᠷ

   ᠰᠠᠯᠭᠢᠳᠠᠨ ᠳᠠᠪᠭᠢᠳᠠᠭ

   ᠬᠤᠯᠠᠨ ᠵᠢᠰᠤᠮ ᠤᠨ ᠠᠳᠤᠭᠤᠳ ᠊᠊᠊᠊᠊᠊᠊᠊᠊᠊᠊᠊᠊᠊᠊

   ᠪᠠᠯᠴᠢᠭᠡᠷ ᠶᠢᠡᠨ ᠵᠢᠷᠦᠭᠡᠨ ᠡᠴᠠ ᠡᠷᠢᠵᠤ

   ᠪᠠᠶᠠᠯᠠᠯ ᠶᠢᠡᠨ ᠳᠠᠷᠢᠭᠢ ᠶᠢᠡᠷ ᠰᠠᠢ᠌ᠯᠪᠣᠷᠢᠯᠠᠨ᠎ᠡ᠃

   ᠪᠢ ᠡᠢ᠌ᠮᠤ ᠴᠢᠰᠤ ᠲᠡᠶ ᠪᠠᠢ᠌ᠳᠠᠭ ᠵᠢᠠᠷ

   ᠡᠷᠦᠭᠡ ᠠᠮᠠ ᠶᠢᠨ ᠪᠦᠷᠢᠦᠡᠭᠡᠯ ᠳ᠋ᠤ

   ᠦᠨᠳᠦᠰᠦ ᠪᠠᠨ 《ᠮᠤᠩᠭ᠋ᠤᠯ》 ᠭᠡᠵᠤ ᠪᠢᠴᠢᠨ᠎ᠡ᠂

   ᠦᠷᠦᠭᠡᠯ ᠪᠣᠰᠤᠳ ᠳᠠᠢ

   ᠠᠮᠤᠭᠤᠯᠠᠩ︖ ᠭᠡᠵᠤ ᠵᠤᠯᠭᠠᠨ᠎ᠠ᠃


   ᠶᠠᠰᠤ ᠰᠢᠮᠡᠵᠢᠭᠦᠯᠵᠤ

   ᠥᠡᠳᠦᠷᠯᠢᠭ᠌ ᠤᠨ ᠪᠣᠭᠤᠷᠤᠯ ᠠᠭᠤᠯᠠᠰ

   ᠳᠠᠷᠢᠭᠢᠨ ᠳᠤ ᠭᠦᠷᠳᠡᠯ᠎ᠡ ᠣᠷᠭᠤᠨ᠎ᠠ᠂

   ᠶᠠᠭᠤ ᠡᠴᠠ ᠪᠣᠴᠠᠬᠤ ᠥᠭᠡᠢ

   ᠦᠨᠳᠦᠰᠦ ᠮᠤᠩᠭ᠋ᠤᠯ ᠣᠬᠠᠭᠠᠨ

   ᠳᠡᠭᠦᠨ ᠤ ᠳᠡᠭᠡᠷ᠎ᠡ ᠳᠡᠯᠭᠡᠷᠡᠨ᠎ᠡ᠃

   ᠮᠠᠨ ᠳᠤ ᠡᠢ᠌ᠮᠤ ᠴᠢᠮᠦᠭᠡ ᠲᠡᠶ ᠪᠠᠢ᠌ᠳᠠᠭ ᠵᠢᠠᠷ

   《ᠮᠠᠭᠳᠠᠭᠠᠯ》 《ᠬᠠᠷᠢᠶᠠᠯ》 ᠳ᠋ᠤ

   ᠶᠠᠰᠤ ᠴᠤᠴᠠᠷᠠᠵᠤ᠂ ᠶᠤᠰᠤ ᠠᠯᠳᠠᠬᠤ ᠥᠭᠡᠢ

   ᠮᠠᠨᠠᠨ ᠪᠣᠳᠠᠩ ᠳ᠋ᠤ

   ᠵᠥᠭ᠌ ᠠᠯᠳᠠᠵᠤ᠂ ᠨᠢᠳᠤ ᠪᠠᠯᠠᠷᠠᠬᠤ ᠦᠭᠡᠶ᠃


   ᠴᠢᠰᠤ᠂ ᠴᠢᠮᠦᠭᠡ ᠶᠢᠨ ᠣᠳᠤᠮᠰᠢᠯ ᠳ᠋ᠤ

   ᠴᠢᠯᠠᠭᠤᠳ ᠨᠢ ᠭᠦᠷᠳᠡᠯ᠎ᠡ ᠮᠤᠩᠭ᠋ᠤᠯ ᠠᠮᠢᠰᠬᠤᠯ᠂

   ᠴᠢᠳᠤᠷ ᠲᠡᠶ ᠮᠤᠷᠢ ᠪᠠᠨ

   ᠳᠠᠯ᠎ᠠ ᠬᠠᠷᠠᠭᠤᠯᠵᠤ ᠵᠢᠷᠤᠳᠠᠭ

   ᠳᠡᠭ᠍ᠷᠢᠯᠢᠭ᠌ ᠰᠥᠵᠦᠭ᠌ ᠤᠨ

   ᠮᠤᠩᠭ᠋ᠤᠯ ᠣᠬᠠᠭ᠎ᠠ

   ᠮᠤᠩᠭ᠋ᠤᠯ ᠣᠷᠤᠰᠢᠯ ᠁

   ᠮᠥᠩᠭᠡ ᠵᠤᠯᠠ ᠡ ︕

  



ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂ ᠪᠠᠭᠠᠷᠢᠨ

ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1324
ᠴᠠᠭ᠄ 2010 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁