ᠵᠢᠷᠦᠭᠡᠨ ᠤ ᠦᠴᠢᠯ

ᠪᠠᠶᠠᠷᠯᠠᠭᠰᠠᠨ ᠪᠢ ᠶᠡᠭᠡ ᠪᠠᠶᠠᠷᠯᠠᠭᠰᠠᠨ

ᠠᠩᠬᠠᠨ ᠤ ᠬᠤᠷ᠎ᠠ ᠬᠠᠪᠣᠷ ᠤᠨ ᠬᠤᠭᠤᠰ ᠶᠢᠡᠷ ᠰᠢᠪᠠᠷᠡᠭᠦ ᠳᠤ

ᠠᠪᠣ ᠮᠢᠨᠢ ᠮᠠᠩᠨᠠᠢ ᠳᠠᠨᠠᠢ᠌ᠨ ᠪᠠᠶᠠᠷᠯᠠᠳᠠᠭ ᠰᠢᠭ

ᠠᠩᠬᠠᠨ ᠤ ᠬᠠᠢ᠌ᠷ᠎ᠠ ᠶᠢᠨ ᠵᠢᠷᠭᠠᠯ ᠵᠠᠩᠭᠢᠤᠠᠴᠤ

ᠠᠮᠠᠷᠠᠭ ᠴᠢᠮ᠎ᠠ ᠲᠡᠶ ᠪᠠᠨ ᠠᠮᠢᠳᠤᠷᠠᠬᠤ ᠪᠣᠯᠤᠭᠰᠠᠨ ᠳᠠᠭᠠᠨ

ᠠᠮᠢᠨ ᠳᠠᠭᠠᠨ ᠪᠠᠭᠳᠠᠬᠤ ᠦᠭᠡᠶ ᠪᠠᠶᠠᠷᠯᠠᠭᠰᠠᠨ ᠪᠢ


ᠭᠤᠮᠤᠳᠠᠭᠰᠠᠨ ᠪᠢ ᠶᠡᠭᠡ ᠭᠤᠮᠤᠳᠠᠭᠰᠠᠨ

ᠭᠦᠭᠡᠮᠳᠦᠭ᠌ ᠠᠭᠠᠷ ᠳᠤᠨᠢ ᠳᠤᠭᠤᠰᠤ ᠰᠢᠷᠤᠢ ᠪᠣᠰᠴᠤ

ᠭᠦᠷᠦᠰᠦᠳᠤ ᠳᠡᠯᠡᠭᠡᠢ ᠭᠦᠮᠤᠨ ᠲᠦᠷᠦᠯᠭᠢᠳᠠᠨ ᠳᠤ ᠭᠤᠮᠤᠳᠠᠭᠰᠠᠨ ᠰᠢᠭ

ᠭᠦᠭᠡᠷᠦᠭᠦᠨ ᠬᠤᠩᠭ᠋ᠤᠷ ᠴᠢᠮ᠎ᠠ ᠶᠢ ᠪᠠᠨ ᠨᠠᠳᠠ ᠡᠴᠡ ᠬᠤᠯᠠᠳᠠᠨ ᠣᠤᠠᠬᠤ ᠪᠠᠷ

ᠭᠦᠰᠡᠯ ᠶᠢᠠᠨ ᠴᠠᠪᠴᠢᠵᠤ ᠭᠤᠮᠤᠳᠠᠭᠰᠠᠨ ᠪᠢ


ᠬᠠᠢ᠌ᠷᠠᠯᠠᠭᠰᠠᠨ ᠪᠢ ᠬᠠᠢ᠌ᠷᠠᠯᠠᠵᠤ ᠰᠤᠷᠤᠭᠰᠠᠨ

ᠠᠪᠣ ᠡᠵᠢ ᠬᠤᠶᠠᠷ ᠡᠴᠡ ᠮᠢᠨᠢ ᠠᠰᠢᠳᠠ ᠶᠢᠨ ᠭᠡᠭᠡ ᠰᠠᠴᠤᠷᠠᠵᠤ

ᠠᠩᠭᠢᠷᠬᠠᠨ ᠦᠷᠡᠰ ᠶᠢᠡᠨ ᠰᠡᠭᠦᠳᠡᠷ ᠦᠭᠡᠶ ᠬᠠᠢ᠌ᠷᠠᠯᠠᠳᠠᠭ ᠪᠣᠯᠬᠤᠷ

ᠠᠮᠢᠳᠤᠷᠠᠯ ᠬᠠᠢ᠌ᠷ᠎ᠠ ᠳᠤᠷᠠᠯᠠᠯ ᠠᠯᠢᠪᠠ ᠪᠦᠭᠦᠨ ᠢ

ᠠᠯᠠᠭ ᠦᠭᠡᠶ ᠬᠠᠢ᠌ᠷᠠᠯᠠᠵᠤ ᠰᠤᠷᠤᠭᠰᠠᠨ ᠪᠢ


ᠲ᠋ᠤᠷᠠᠯᠠᠭᠰᠠᠨ ᠪᠢ ᠳᠤᠷᠠᠯᠠᠭᠰᠠᠨ

ᠠᠮᠠᠨ ᠳᠠᠭᠠᠨ ᠥᠭᠡᠭᠦ ᠡᠮᠭᠦᠴᠢᠭᠡᠭᠡᠳ ᠠᠯᠠᠭ ᠮᠢᠬᠠᠨ ᠳᠤ ᠰᠠᠨᠠᠭᠠᠷᠬᠠᠳᠠᠭ

ᠠᠮᠢᠳᠠᠨ ᠪᠠᠢ᠌ᠳᠤᠭᠠᠢ ᠭᠦᠮᠤᠨ ᠳᠤ ᠴᠤ ᠪᠠᠢ᠌ᠳᠠᠭ ᠳᠠᠷᠠ ᠯᠠ ᠭᠦᠩᠭᠡᠨ ᠰᠡᠳᠭᠢᠯ ᠶᠢᠡᠷ

ᠠᠢ᠌ᠯ ᠤᠨ ᠵᠢᠭᠠᠬᠠᠨ ᠬᠤᠩᠭ᠋ᠤᠷ ᠪᠦᠰᠡᠭᠦᠢ ᠳᠤ

ᠠᠮᠠᠷᠠᠭ ᠡᠴᠡ ᠪᠠᠨ ᠪᠢ ᠨᠢᠭᠤᠵᠤ ᠳᠤᠷᠠᠯᠠᠭᠰᠠᠨ


ᠣᠭᠢᠯᠠᠭᠰᠠᠨ ᠪᠢ ᠶᠡᠭᠡ ᠣᠭᠢᠯᠠᠭᠰᠠᠨ

ᠪᠠᠷᠢᠵᠤ ᠪᠠᠢ᠌ᠭᠰᠠᠨ ᠳᠤᠭᠯᠠᠭᠠᠮ ᠶᠢᠡᠨ ᠪᠣᠰᠤᠳ ᠲᠤ ᠠᠯᠳᠠᠴᠢᠬᠠᠭᠠᠤᠨ

ᠪᠣᠴᠠᠭᠠᠵᠤ ᠠᠪᠴᠤ ᠴᠢᠳᠠᠯ ᠦᠭᠡᠶ ᠳᠤᠨᠢᠷᠬᠠᠵᠤ ᠣᠭᠢᠯᠠᠳᠠᠭ ᠪᠠᠢ᠌ᠭᠰᠠᠨ

ᠬᠤᠷᠸ᠎ᠠ ᠶᠢᠨ ᠵᠢᠮ᠎ᠠ ᠪᠡᠷ ᠪᠣᠷᠬᠠᠨ ᠬᠤᠶᠠᠷ ᠮᠢᠨᠢ ᠨᠠᠮ᠎ᠠ ᠶᠢ ᠣᠷᠭᠢᠨ ᠶᠠᠪᠣᠴᠢᠬᠠᠬᠤ ᠪᠠᠷ

ᠬᠤᠶᠠᠷ ᠨᠢᠳᠤ ᠪᠠᠷ ᠶᠢᠡᠨ ᠪᠢᠰᠢ ᠵᠢᠷᠦᠭᠡ ᠪᠠᠷ ᠶᠢᠡᠨ ᠪᠢ ᠣᠭᠢᠯᠭᠰᠠᠨ


ᠲ᠋ᠤᠭᠤᠯᠠᠭᠰᠠᠨ ᠪᠢ ᠳᠠᠭᠤᠯᠠᠭᠰᠠᠨ

ᠣᠶᠠᠬᠠᠨ ᠽᠠᠮᠪᠣᠳᠢᠪ ᠤᠨ ᠨᠠᠷᠠᠨ ᠶᠢᠡᠷ ᠣᠷᠢᠬᠠᠨ ᠬᠤᠩᠭ᠋ᠤᠷ ᠰᠠᠯᠭᠢ ᠠᠷᠭᠠᠳᠠᠵᠤ

ᠣᠳᠤᠭᠠᠳᠤ ᠴᠡᠩᠭᠡᠷ ᠳᠠᠯ᠎ᠠ ᠳᠠᠭᠠᠨ ᠭᠦᠯᠦᠭ᠌ ᠤᠨ ᠨᠢᠷᠤᠭᠤᠨ ᠳᠡᠭᠡᠷ᠎ᠡ ᠦᠨᠳᠠᠢ᠌ᠵᠤ ᠳᠠᠭᠤᠯᠠᠭᠰᠠᠨ

ᠣᠶᠠᠩᠭ᠋᠎ᠠ ᠶᠢᠨ ᠢᠷᠮᠡᠭᠦᠨ ᠠᠶᠠᠯᠭᠤ ᠣᠷᠠᠨ ᠭᠦᠭᠡᠮᠡᠢ ᠶᠢᠨ ᠡᠭᠡᠰᠢᠭ᠌ ᠶᠢᠡᠷ

ᠣᠶᠠᠷᠠᠵᠤ ᠮᠠᠯᠮᠠᠷᠠᠵᠤ ᠣᠬᠠᠭᠠᠷᠠᠵᠤ ᠭᠦᠯᠴᠦᠭᠦᠷᠡᠵᠤ ᠳᠠᠭᠤᠯᠠᠭᠰᠠᠨ


ᠣᠮᠤᠭᠰᠢᠭᠰᠠᠨ ᠪᠢᠳᠠ ᠣᠮᠤᠭᠰᠢᠭᠰᠠᠨ

ᠣᠯᠠᠨ ᠵᠠᠭᠤᠨ ᠤ ᠳᠡᠷᠳᠡᠭᠡᠭᠢ ᠰᠤᠤᠳᠤ ᠮᠤᠩᠭ᠋ᠤᠯ ᠭᠦᠮᠤᠨ

ᠣᠳᠤ ᠰᠢᠭ ᠣᠯᠠᠨ ᠠᠢ᠌ᠮᠠᠭ ᠢ ᠮᠤᠩᠭ᠋ᠤᠯ ᠭᠡᠵᠤ ᠬᠤᠷᠢᠶᠠᠬᠤ ᠳᠤ

ᠳᠡᠯᠡᠭᠡᠢ ᠶᠢᠨ ᠨᠢᠷᠤᠭᠤ ᠬᠤᠳᠤᠯᠵᠠᠵᠤ ᠣᠨ ᠣᠳᠠᠭᠰᠠᠨ ᠤ ᠳᠠᠷᠠᠭ᠎ᠠ

ᠳᠡᠯᠡᠭᠡᠢ ᠶᠢᠨ ᠨᠠᠭᠠᠳᠤᠮ ᠡᠴᠡ ᠮᠤᠩᠭ᠋ᠤᠯ ᠭᠦᠤ ᠠᠩᠬᠠᠨ ᠤ ᠠᠯᠳᠠ ᠠᠪᠴᠢᠬᠤ ᠪᠠᠷ

ᠳᠡᠯᠭᠡᠷ ᠮᠤᠩᠭ᠋ᠤᠯ ᠳᠤᠭᠤᠷᠭᠠᠳᠠᠤᠨ ᠳᠡᠭᠡᠪᠦᠷ ᠭᠦᠪᠦᠯᠵᠡᠳᠡᠯ᠎ᠡ ᠣᠮᠤᠭᠰᠢᠭᠰᠠᠨ


ᠠᠶᠤᠭᠰᠠᠨ ᠪᠢ ᠶᠡᠭᠡ ᠠᠶᠤᠭᠰᠠᠨ

ᠮᠠᠰᠠ ᠪᠠᠷᠢᠭᠰᠠᠨ ᠭᠤᠳᠤᠮᠵᠢᠨ ᠤ ᠳᠠᠩᠬᠠᠢ ᠡᠴᠡ ᠠᠶᠤᠳᠠᠭ ᠦᠭᠡᠶ

ᠮᠢᠩᠭ᠋ᠠᠨ ᠪᠦᠭᠡ ᠶᠢᠨ ᠳᠤᠭᠤᠰᠤ ᠲᠡᠶ ᠮᠤᠩᠭ᠋ᠤᠯ ᠤᠨ ᠬᠠᠷ᠎ᠠ ᠭᠦᠤ ᠪᠢ

ᠬᠤᠷᠸ᠎ᠠ ᠳᠤ ᠭᠠᠭᠴᠠᠬᠠᠨ ᠪᠣᠰᠤᠭ᠎ᠠ ᠮᠤᠩᠭ᠋ᠤᠯ ᠭᠡᠯᠡ ᠪᠠᠨ

ᠬᠤᠭᠤᠷᠠᠵᠤ ᠨᠤᠭᠤᠷᠠᠵᠤ ᠭᠡᠯᠡᠭᠡᠢ᠌ᠷᠡᠭᠦ ᠡᠴᠡ ᠶᠡᠭᠡ ᠠᠶᠤᠭᠰᠠᠨ


ᠵᠢᠷᠭᠠᠭᠰᠠᠨ ᠪᠢ ᠮᠦᠨ ᠵᠢᠷᠭᠠᠭᠰᠠᠨ ᠳ᠋ᠠ

ᠨᠠᠷᠠ ᠰᠠᠷᠠᠨ ᠤ ᠬᠤᠭᠤᠷᠤᠠᠳᠤ ᠣᠳᠤ ᠲᠡᠶ ᠬᠠᠨᠢᠯᠠᠵᠤ ᠬᠤᠨᠤᠵᠤ ᠵᠢᠷᠭᠠᠭᠰᠠᠨ

ᠨᠠᠮᠤᠷ ᠡᠪᠦᠯ ᠤᠨ ᠬᠤᠭᠤᠷᠤᠠᠳᠤ ᠨᠠᠭᠠᠳᠤᠮ ᠳᠤ ᠳᠠᠪᠠᠵᠤ ᠣᠨᠠᠵᠤ ᠵᠢᠷᠭᠠᠭᠰᠠᠨ

ᠨᠠᠰᠤᠨ ᠤ ᠵᠠᠮ ᠶᠢᠡᠷ ᠳᠤᠷᠠᠯᠠᠵᠤ ᠬᠠᠢ᠌ᠷᠠᠯᠠᠵᠤ ᠬᠠᠢ᠌ᠷᠠᠯᠠᠭᠤᠯᠵᠤ ᠵᠢᠷᠭᠠᠭᠰᠠᠨ

ᠨᠠᠷᠠᠳᠤ ᠳᠤ ᠪᠢ ᠶᠠᠭᠤ ᠪᠠᠷ ᠴᠤ ᠳᠤᠳᠠᠬᠤ ᠦᠭᠡᠶ ᠵᠢᠷᠠᠭᠠᠭᠰᠠᠨ


ᠵᠤᠪᠠᠭᠰᠠᠨ ᠪᠢ ᠶᠡᠭᠡ ᠵᠤᠪᠠᠭᠰᠠᠨ

ᠵᠢᠷᠤᠭ ᠤᠨ ᠰᠠᠢ᠌ᠬᠠᠨ ᠦᠬᠢᠳ ᠤᠳ ᠵᠢᠷᠦᠭᠡ ᠵᠦᠰᠤᠨ ᠬᠤᠯᠠᠳᠠᠵᠤ

ᠵᠢᠷᠦᠭᠡᠨ ᠤ ᠬᠠᠢ᠌ᠷᠠᠳᠠᠢ ᠨᠤᠳᠤᠭ ᠲᠤ ᠮᠢᠨᠢ ᠰᠢᠪᠠᠭᠤᠳ ᠢᠷᠡᠭᠦ ᠪᠠᠨ ᠪᠣᠯᠢᠵᠤ

ᠵᠤᠨ ᠤ ᠠᠯᠠᠭᠬᠠᠨ ᠴᠡᠴᠡᠭᠡᠰ ᠨᠠᠮᠤᠷ ᠭᠡᠡᠵᠡᠯᠡᠭᠦ ᠪᠠᠨ ᠪᠣᠯᠢᠵᠤ

ᠵᠤᠨ ᠣᠯᠠᠨ ᠤ ᠮᠢᠨᠢ ᠰᠡᠳᠭᠢᠯ ᠣᠳᠤᠮ ᠶᠢᠡᠨ ᠮᠠᠷᠳᠠᠨ ᠭᠦᠩᠭᠡᠷᠡᠭᠦ ᠪᠠᠷ

ᠵᠤᠪᠠᠭᠰᠠᠨ ᠪᠢ ᠪᠦᠷ ᠵᠤᠪᠠᠴᠢᠬᠠᠭᠰᠠᠨ


ᠵᠤᠬᠢᠶᠠᠭᠴᠢ ᠶᠢᠨ ᠬᠠᠶ‍ᠢᠭ ᠄ ᠵᠡᠭᠦᠨ ᠦᠵᠦᠮᠤᠴᠢᠨ

ᠵᠤᠬᠢᠶᠠᠭᠴᠢ᠄ ᠡᠷᠳᠡᠨᠢᠰᠥ᠋ᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2305
ᠴᠠᠭ᠄ 2010 ᠤᠨ ᠤ 02 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁