ᠬᠠᠷᠠᠭ᠎ᠠ ᠰᠢᠯᠵᠢᠮ᠎ᠡ ᠦᠭᠡᠢ ᠬᠤᠷᠸ᠎ᠠ
(ᠳᠠᠭᠤᠤ ᠶᠢᠨ ᠥᠭᠡ)


ᠭᠦᠭᠡᠷᠡᠨ ᠬᠠᠷᠠᠭᠳᠠᠬᠤ ᠠᠭᠤᠯᠠᠨ ᠳᠤᠨᠢ ᠭᠦᠢ

ᠭᠦᠳᠡᠩ ᠣᠨᠢᠶᠠᠷ ᠳᠠᠳᠠᠭᠠᠤᠨ ᠯᠠ ᠪᠠᠢ᠌ᠨ᠎ᠠ

ᠭᠦᠭᠡ ᠳᠡᠭ᠍ᠷᠢ ᠣᠭᠳᠠᠷᠭᠤᠢ ᠳᠤᠨᠢ ᠭᠦᠢ

ᠭᠦᠪᠦᠩ ᠡᠭᠦᠯᠡ ᠨᠢ ᠬᠤᠷᠠᠭᠠᠯᠵᠠᠭᠠᠤᠨ ᠯᠠ ᠪᠠᠢ᠌ᠨ᠎ᠠ


ᠬᠤᠨ ᠴᠠᠭᠠᠨ ᠭᠠᠯᠠᠭᠤᠳ ᠨᠢ ᠭᠦᠢ

ᠬᠤᠯᠤᠰᠤᠳᠤ ᠨᠠᠭᠤᠷ ᠲᠠᠭᠠᠨ ᠳᠠᠢ᠌ᠪᠣᠭᠤᠬᠠᠨ ᠯᠠ ᠪᠠᠢ᠌ᠨ᠎ᠠ

ᠬᠤᠸᠠᠷ ᠴᠡᠴᠡᠭ᠌ ᠲᠡᠶ ᠠᠯᠠᠭᠰᠢᠭᠰᠠᠨ ᠬᠤᠨᠢᠨ ᠰᠥᠷᠦᠭ᠌ ᠨᠢ ᠭᠦᠢ

ᠬᠤᠯᠠ ᠶᠢᠨ ᠵᠡᠷᠭᠡᠯᠭᠡᠨ ᠳᠡᠭᠡᠨ ᠪᠦᠮᠪᠦᠯᠵᠡᠭᠡᠤᠨ ᠯᠠ ᠪᠠᠢ᠌ᠨ᠎ᠠ


ᠠᠯᠤᠰ ᠭᠠᠵᠠᠷ ᠡᠴᠡ ᠰᠠᠨᠠᠨ ᠰᠠᠭᠤᠬᠤ ᠳᠤ ᠭᠦᠢ

ᠠᠶᠤᠤᠯᠢᠬᠠᠢ ᠴᠡᠭᠡᠵᠢᠨ ᠳᠤ ᠮᠢᠨᠢ ᠣᠶᠠᠷᠠᠭᠠᠤᠨ ᠯᠠ ᠪᠠᠢ᠌ᠨ᠎ᠠ

ᠠᠪᠣ ᠶᠢᠨ ᠨᠤᠳᠤᠭ ᠦᠪᠣᠷ ᠮᠤᠩᠭ᠋ᠤᠯ ᠮᠢᠨᠢ ᠭᠦᠢ

ᠠᠷᠰᠢ ᠶᠢᠨ ᠣᠷᠤᠨ ᠡᠴᠡ ᠭᠤᠶᠤᠬᠠᠨ ᠯᠠ ᠪᠠᠢ᠌ᠨ᠎ᠠ


ᠬᠠᠷᠠᠭ᠎ᠠ ᠰᠢᠯᠵᠢᠮ᠎ᠠ ᠦᠭᠡᠶ ᠬᠤᠷᠸ᠎ᠠ ᠮᠢᠨᠢ

ᠬᠠᠷᠠᠩᠭ᠋ᠤᠢ ᠰᠦᠨᠢ ᠶᠢᠨ ᠵᠡᠭᠦᠳᠤᠨ ᠳᠤ ᠳᠤᠯᠠᠢ᠌ᠭᠠᠤᠨ ᠯᠠ ᠪᠠᠢ᠌ᠨ᠎ᠠ

ᠬᠠᠯᠠᠭᠤᠨ ᠰᠢᠷᠤᠢ ᠦᠪᠣᠷ ᠮᠤᠩᠭ᠋ᠤᠯ ᠮᠢᠨᠢ ᠭᠦᠢ

ᠬᠠᠢ᠌ᠷᠠᠳᠤ ᠡᠵᠢ ᠶᠢᠨ ᠮᠢᠨᠢ ᠪᠠᠷ᠎ᠠ ᠯᠠ ᠪᠠᠢ᠌ᠨ᠎ᠠ

ᠵᠤᠬᠢᠶᠠᠭᠴᠢ᠄ ᠲ·ᠲᠦᠷᠭᠡᠨᠪᠠᠶᠠᠷ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 1728
ᠴᠠᠭ᠄ 2004 ᠤᠨ ᠤ 11 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁