ᠮᠤᠩᠭ᠋ᠤᠯ ᠭᠦᠮᠤᠨ ᠮᠠᠯᠵᠢᠶ᠎ᠠ ᠳᠤᠭᠯᠠᠨ᠎ᠠ

ᠮᠤᠩᠭ᠋ᠤᠯ ᠭᠦᠮᠤᠨ ᠮᠠᠯᠵᠢᠶ᠎ᠠ ᠳᠤᠭᠯᠠᠨ᠎ᠠ

ᠡᠭᠡᠮ ᠶᠢᠡᠨ ᠳᠠᠰᠢᠵᠤ ᠡᠷᠴᠢᠮᠳᠡᠢ ᠳᠤᠭᠯᠠᠨ᠎ᠠ

ᠡᠴᠡᠵᠤ ᠣᠮᠳᠠᠭᠠᠰᠬᠤ ᠪᠠᠨ ᠣᠮᠠᠷᠳᠠᠵᠤ ᠳᠤᠭᠯᠠᠨ᠎ᠠ

ᠡᠴᠢᠭᠡ ᠡᠭᠡ ᠪᠠᠨ ᠵᠤᠪᠠᠭᠠᠵᠤ ᠳᠤᠭᠯᠠᠨ᠎ᠠ

ᠡᠮᠡᠭ᠍ᠳᠡᠢ ᠬᠡᠦᠬᠡᠳ ᠶᠢᠡᠨ ᠦᠯᠦᠰᠭᠡᠵᠤ ᠳᠤᠭᠯᠠᠨ᠎ᠠ᠃

ᠮᠤᠩᠭ᠋ᠤᠯ ᠭᠦᠮᠤᠨ ᠮᠠᠯᠵᠢᠶ᠎ᠠ ᠳᠤᠭᠯᠠᠨ᠎ᠠ

ᠳᠠᠷᠤᠭ᠎ᠠ ᠺᠠᠳᠠᠷᠴᠤᠳ ᠳᠠᠭᠠᠭᠠᠭᠤᠯᠵᠤ ᠳᠤᠭᠯᠠᠨ᠎ᠠ

ᠳᠠᠭᠠᠮᠠᠢ ᠳ᠋ᠤᠨᠢ ᠳᠠᠷᠢᠶᠠᠴᠢᠳ᠂ ᠮᠠᠯᠴᠢᠳ ᠳᠤᠭᠯᠠᠨ᠎ᠠ

ᠳᠠᠪᠣ ᠲᠡᠶ ᠴᠤ ᠳᠤᠭᠯᠠᠨ᠎ᠠ᠂ ᠳᠠᠪᠢ ᠲᠡᠶ ᠴᠤ ᠳᠤᠭᠯᠠᠨ᠎ᠠ

ᠳᠠᠭᠠᠭᠠᠮᠠᠯ᠂ ᠪᠠᠭᠰᠢ᠂ ᠬᠤᠸᠠᠷᠠᠭᠴᠤᠳ ᠴᠤ ᠳᠤᠭᠯᠠᠨ᠎ᠠ᠃

ᠮᠤᠩᠭ᠋ᠤᠯ ᠭᠦᠮᠤᠨ ᠮᠠᠯᠵᠢᠶ᠎ᠠ ᠳᠤᠭᠯᠠᠨ᠎ᠠ

ᠳᠠᠭᠠᠭᠰᠠᠨ ᠮᠠᠯ ᠤᠨ ᠶᠢᠡᠨ ᠪᠠᠯᠴᠢᠭᠡᠷ ᠲᠤ ᠳᠤᠭᠯᠠᠨ᠎ᠠ

ᠳᠠᠷᠢᠶᠠᠨ ᠤ ᠪᠣᠬ᠎ᠠ ᠶᠢᠨ ᠳᠠᠯᠠᠩ ᠳᠤ ᠴᠤ ᠳᠤᠭᠯᠠᠨ᠎ᠠ

ᠳᠠᠷᠤᠭ᠎ᠠ ᠶᠢᠨ ᠠᠯᠪᠠᠨ ᠤ ᠭᠡᠷ ᠲᠤ ᠴᠤ ᠳᠤᠭᠯᠠᠨ᠎ᠠ

ᠳᠠᠯᠳᠠ ᠢᠯᠠ ᠶᠢ ᠬᠠᠮᠢᠶᠠᠷᠤᠯ ᠦᠭᠡᠶ ᠳᠤᠭᠯᠠᠨ᠎ᠠ᠃

ᠮᠤᠩᠭ᠋ᠤᠯ ᠭᠦᠮᠤᠨ ᠮᠠᠯᠵᠢᠶ᠎ᠠ ᠳᠤᠭᠯᠠᠨ᠎ᠠ

ᠡᠷᠭᠢᠮ ᠴᠤᠯᠠ ᠪᠠᠨ ᠳᠤᠷᠣᠢ᠌ᠳᠠᠳᠠᠯ᠎ᠠ ᠪᠠᠨ ᠳᠤᠭᠯᠠᠨ᠎ᠠ

ᠡᠪᠯᠡᠭᠦᠯᠦᠭ᠍ᠰᠡᠨ ᠠᠮᠢᠳᠤᠷᠠᠯ ᠶᠢᠡᠨ ᠬᠠᠭᠠᠴᠠᠳᠠᠯ᠎ᠠ ᠳᠤᠭᠯᠠᠨ᠎ᠠ

ᠡᠷ᠎ᠡ ᠶᠢᠨ ᠭᠤᠷᠪᠠᠨ ᠨᠠᠭᠠᠳᠤᠮ ᠶᠢᠡᠷ ᠶᠢᠡᠨ ᠴᠤ ᠳᠤᠭᠯᠠᠯ᠎ᠠ

ᠡᠳ᠋ ᠵᠥᠭᠡᠷᠢ ᠪᠠᠨ ᠬᠤᠭᠤᠰᠤᠷᠳᠠᠯ᠎ᠠ ᠪᠠᠨ ᠳᠤᠭᠯᠠᠯ᠎ᠠ᠃

ᠮᠤᠩᠭ᠋ᠤᠯ ᠭᠦᠮᠤᠨ ᠮᠠᠯᠵᠢᠶ᠎ᠠ ᠳᠤᠭᠯᠠᠯ᠎ᠠ

ᠦᠷᠦᠭᠡᠯ ᠦᠨᠳᠦᠰᠦᠳᠠᠨ ᠢ ᠪᠠᠶᠠᠵᠢᠭᠤᠯᠵᠤ ᠳᠤᠭᠯᠠᠯ᠎ᠠ

ᠦᠷᠯᠦᠭ᠌ ᠶᠠᠰᠤᠳᠠᠨ ᠶᠢᠡᠨ ᠳᠤᠷᠣᠢ᠌ᠳᠠᠭᠤᠯᠵᠤ ᠳᠤᠭᠯᠠᠯ᠎ᠠ

ᠦᠷᠢᠨ ᠰᠢᠷᠢᠨ ᠳᠤ ᠪᠠᠷᠢᠭᠳᠠᠳᠠᠯ᠎ᠠ ᠪᠠᠨ ᠳᠤᠭᠯᠠᠯ᠎ᠠ

ᠦᠪᠡᠷ ᠤᠨ ᠠᠮᠢ ᠪᠠᠨ ᠠᠪᠬᠤ ᠦᠭᠡᠶ ᠶᠤᠮ ᠰᠢᠭ ᠳᠤᠭᠯᠠᠯ᠎ᠠ᠃

ᠮᠤᠩᠭ᠋ᠤᠯ ᠭᠦᠮᠤᠨ ᠮᠠᠯᠵᠢᠶ᠎ᠠ ᠳᠤᠭᠯᠠᠯ᠎ᠠ

᠁ ᠁

ᠡᠷᠭᠡᠭᠦᠤ ᠮᠤᠩᠬᠠᠭ ᠶᠢᠡᠨ ᠭᠠᠢ᠌ᠬᠠᠭᠤᠯᠳᠠᠯ᠎ᠠ ᠪᠠᠨ ᠳᠤᠭᠯᠠᠯ᠎ᠠ

ᠡᠴᠦᠰ ᠳᠤᠨᠢ ᠡᠷᠭᠢᠭᠡᠳ ᠭᠣᠢ᠌ᠷᠠᠠᠴᠢᠯᠠᠳᠠᠯ᠎ᠠ ᠪᠠᠨ ᠳᠤᠭᠯᠠᠯ᠎ᠠ᠃


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠪᠠᠶᠠᠪᠣᠯᠠᠭ ᠪᠠᠯᠭᠠᠰᠤᠨ

ᠵᠤᠬᠢᠶᠠᠭᠴᠢ᠄ ᠫᠣᠠᠴᠤᠭ ᠤᠨ ᠮᠥᠩᠭᠡᠪᠠᠶᠡᠷ
ᠬᠠᠷᠢᠶ᠎ᠠ᠄ ᠰᠢᠯᠦᠭ
ᠳᠠᠷᠤᠮ᠄ 1744
ᠴᠠᠭ᠄ 2010 ᠤᠨ ᠤ 05 ᠰᠠᠷ᠎ᠠ ᠶᠢᠨ 22