ᠽᠠᠮᠪᠣᠯᠢᠩ ᠤᠨ ᠵᠡᠭᠦᠳᠤᠨ

ᠰᠠᠢ᠌ᠬᠠᠨ ᠵᠡᠭᠦᠳᠤᠨ ᠤ ᠨᠣᠢ᠌ᠷ ᠶᠢᠡᠨ ᠬᠠᠷᠠᠮᠨᠠᠵᠤ

ᠰᠠᠷᠠᠨ ᠤ ᠳᠤᠶᠠᠭ᠎ᠠ ᠬᠤᠷᠸ᠎ᠠ ᠶᠢ ᠵᠢᠪᠪᠦᠭᠦᠯᠵᠡᠢ

ᠰᠠᠠᠴᠢᠭ ᠪᠣᠭᠤᠷᠤᠯ ᠦᠬᠢᠨ ᠬᠠᠢ᠌ᠷ᠎ᠠ

ᠰᠡᠳᠭᠢᠯ ᠤᠨ ᠶᠢᠡᠨ ᠭᠦᠨ ᠵᠥᠭ᠌ ᠳᠤᠨᠤᠩᠬᠠᠨ ᠵᠢᠪᠪᠣᠵᠠᠢ

ᠰᠡᠳᠡᠷᠭᠡᠢ ᠵᠡᠭᠦᠤ ᠶᠢ ᠰᠦᠪᠯᠠᠨ ᠰᠦᠪᠯᠠᠨ

ᠰᠠᠷᠪᠠᠢ᠌ᠭᠰᠠᠨ ᠪᠦᠭᠦᠨ ᠶᠢᠡᠨ ᠰᠢᠪᠠᠨ ᠰᠢᠪᠠᠨ ᠣᠶᠤᠵᠠᠢ

ᠰᠥᠵᠡᠷᠡᠭ᠍ᠰᠡᠨ ᠰᠢᠭᠦᠳᠡᠷᠢ ᠮᠢᠩᠭ᠋ᠠᠨ ᠭᠠᠵᠠᠷ ᠪᠦᠮᠪᠦᠷᠢᠨ᠎ᠡ ᠭᠡᠮᠡᠨ

ᠰᠠᠳᠠᠷᠠᠭᠰᠠᠨ ᠭᠡᠵᠢᠭᠡ ᠳᠠᠷ᠎ᠠ ᠶᠢ ᠪᠦᠷᠭᠦᠵᠡᠢ

ᠰᠠᠭᠤᠯᠭ᠎ᠠ ᠲᠡᠶ ᠣᠰᠤᠨ ᠮᠠᠳᠤ ᠠᠭᠠᠰᠢᠨ ᠭᠡᠮᠡᠨ

ᠭᠤᠪᠠᠢ ᠪᠠᠶ᠎ᠠ ᠣᠷᠤᠰᠤᠨ ᠴᠢᠯᠠᠭᠤᠵᠢᠵᠠᠢ

ᠵᠤᠯ ᠵᠢᠷᠭᠠᠯ ᠡᠴᠠ ᠬᠤᠯᠠ ᠡᠴᠢᠨ᠎ᠡ ᠳᠤᠯᠠ

ᠽᠠᠮᠪᠣᠯᠢᠩ ᠢ 《ᠽᠠᠮᠪᠣᠯᠢᠩ ᠡ︕》 ᠭᠡᠮᠡᠵᠡᠢ

ᠵᠤᠪᠠᠯᠠᠩ ᠪᠦᠭᠦᠨ ᠡᠴᠠ ᠬᠤᠯᠠ ᠭᠦᠨ ᠳᠤᠯᠠ

ᠽᠠᠮᠪᠣᠯᠢᠩ ᠢ 《ᠽᠠᠮᠪᠣᠯᠢᠩ ᠡ︕》 ᠭᠡᠮᠡᠵᠡᠢ


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠠᠷᠠᠤᠨ ᠤᠨ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠯ·ᠪᠠᠶᠠᠠᠵᠢᠷᠭᠠᠯ
ᠬᠠᠷᠢᠶ᠎ᠠ᠄ ᠰᠢᠯᠦᠭ
ᠳᠠᠷᠤᠮ᠄ 2141
ᠴᠠᠭ᠄ 2011 ᠤᠨ ᠤ 03 ᠰᠠᠷ᠎ᠠ ᠶᠢᠨ 06