ᠮᠦᠩᠬᠡ ᠲᠡᠭᠷᠢ ᠶᠢᠨ ᠠᠷᠪᠠᠨ ᠭᠤᠷᠪᠠᠨ ᠴᠠᠭᠠᠵᠠ

ᠨᠢᠭᠡ᠂ ᠮᠥᠩᠭᠡ ᠳᠡᠭ᠍ᠷᠢ ᠶᠢ ᠪᠢᠰᠢᠷᠠᠨ ᠵᠠᠬ᠎ᠠ ᠪᠠᠨ ᠪᠠᠷᠢᠨ ᠵᠠᠯᠪᠠᠷᠢᠬᠤ᠃

ᠬᠤᠶᠠᠷ᠂ ᠶᠡᠭᠡ ᠰᠤᠤ ᠵᠠᠯᠢ ᠶᠢᠨ ᠢᠪᠠᠭᠡᠯ ᠢ ᠰᠢᠳᠦᠭᠦ᠃

ᠶᠡᠭᠡ ᠰᠤᠤ ᠵᠠᠯᠢ ᠶᠢᠨ ᠢᠪᠠᠭᠡᠯ ᠭᠡᠳᠡᠭ᠌ ᠪᠣᠯ ᠴᠢᠩᠭᠢᠰ ᠬᠠᠭᠠᠨ ᠤ ᠰᠦᠷ ᠰᠦᠯᠳᠡᠨ ᠳᠤ ᠳᠠᠭᠠᠤᠠᠬᠠᠬᠤ ᠶᠤᠰᠤ ᠶᠢ ᠭᠡᠯᠡᠳᠡᠭ᠌᠃

ᠭᠤᠷᠪᠠ᠂ ᠮᠤᠩᠭ᠋ᠤᠯᠴᠤᠳ ᠮᠥᠩᠭᠡ ᠳᠡᠭ᠍ᠷᠢ ᠡᠴᠡ ᠵᠠᠶᠠᠭᠠᠭᠳᠠᠭᠰᠠᠨ ᠭᠡᠭᠦ᠃

ᠳᠦᠷᠪᠡ᠂ ᠪᠣᠷᠬᠠᠨ ᠬᠠᠯᠳᠤᠨ ᠠᠭᠤᠯᠠ ᠶᠢ ᠥᠷᠯᠦᠭᠡ ᠪᠦᠷᠢ ᠮᠢᠯᠢᠶᠠᠬᠤ᠂ ᠡᠳᠦᠷ ᠪᠦᠷᠢ ᠥᠴᠢᠭᠦ᠃

ᠳᠠᠪᠣ᠂ ᠭᠦᠮᠤᠨ ᠠᠬ᠎ᠠ ᠲᠡᠶ ᠳᠠᠪᠠᠯ ᠵᠠᠬ᠎ᠠ ᠲᠡᠶ ᠪᠠᠢ᠌ᠬᠤ᠃

ᠡᠭᠦᠨ ᠳᠤ ᠬᠤᠶᠠᠷ ᠠᠭᠤᠯᠬ᠎ᠠ ᠪᠣᠢ᠄

1᠂ ᠠᠯᠢᠪᠠ ᠶᠠᠭᠤᠮᠠᠰ ᠥᠵᠡᠭ᠍ᠳᠡᠯ ᠤᠨ ᠡᠮᠭᠢ ᠴᠡᠭ᠍ᠴᠢ᠂ ᠳᠢᠭ᠌ ᠵᠢᠷᠤᠮ

2᠂ ᠣᠯᠤᠰ ᠦᠨᠳᠦᠰᠦᠳᠠᠨ᠂ ᠬᠠᠮᠳᠤ ᠣᠯᠠᠨ ᠤ ᠨᠢᠭᠡᠳᠦᠭ᠍ᠰᠡᠨ ᠣᠳᠤᠷᠢᠳᠤᠯᠭ᠎ᠠ

ᠵᠢᠷᠭᠤᠭ᠎ᠠ᠂ ᠠᠯᠳᠠ ᠪᠠᠶ᠎ᠠ ᠡᠴᠡ ᠠᠬᠤᠢ ᠲᠦᠷᠦ᠂ ᠪᠦᠳᠤᠨ ᠪᠠᠶ᠎ᠠ ᠡᠴᠡ ᠪᠦᠷᠢᠨ ᠣᠯᠤᠰ ᠶᠢᠡᠨ ᠪᠣᠳᠤᠬᠤ᠃

ᠡᠭᠦᠨ ᠳᠤ ᠬᠤᠶᠠᠷ ᠠᠭᠤᠯᠬ᠎ᠠ ᠪᠣᠢ᠄

1᠂ ᠠᠬᠤᠢ ᠲᠦᠷᠦ ᠪᠣᠶᠤ ᠲᠦᠷᠦ ᠣᠯᠤᠰ

2᠂ ᠪᠦᠷᠢᠨ ᠣᠯᠤᠰ ᠪᠣᠶᠤ ᠲᠦᠷᠦ ᠶᠢᠨ ᠢᠷᠭᠡᠨ

ᠳᠤᠯᠤᠭ᠎ᠠ᠂ ᠡᠶ᠎ᠡ ᠡᠪ ᠶᠢᠡᠨ ᠭᠢᠴᠢᠶᠡᠭᠦ᠃

ᠡᠭᠦᠨ ᠳᠤ ᠬᠤᠶᠠᠷ ᠠᠭᠤᠯᠬ᠎ᠠ ᠪᠣᠢ᠄

1᠂ ᠣᠯᠤᠰ ᠦᠨᠳᠦᠰᠦᠳᠠᠨ ᠤ ᠡᠪ ᠨᠢᠭᠡᠳᠦᠯ

2᠂ ᠬᠠᠮᠳᠤ ᠣᠯᠠᠨ᠂ ᠨᠠᠢ᠌ᠵᠠ ᠨᠥᠭᠦᠤᠨ ᠤᠨ ᠡᠶ᠎ᠡ ᠡᠪ

ᠨᠢ᠋ᠮᠠ᠂ ᠵᠦᠪ ᠰᠠᠤᠠᠭᠢᠯ ᠲᠡᠶ ᠪᠠᠢ᠌ᠬᠤ᠃

ᠡᠭᠦᠨ ᠳᠤ ᠭᠤᠷᠪᠠᠨ ᠰᠠᠤᠠᠭᠢᠯ ᠪᠣᠢ᠄

1᠂ ᠮᠠᠭᠤ ᠰᠠᠤᠠᠭᠢᠪᠠᠰᠤ ᠳᠡᠭ᠍ᠷᠢ ᠳᠤ ᠦᠯᠦ ᠳᠠᠭᠠᠯᠠᠭᠳᠠᠬᠤ

2᠂ ᠭᠠᠭᠴᠠ ᠰᠠᠤᠠᠭᠢᠯ

3᠂ ᠪᠦᠭᠡ ᠰᠠᠤᠠᠭᠢᠯ

ᠶ‍ᠢᠰᠤ᠂ ᠪᠢᠯᠢᠭ᠌ ᠡᠷᠳᠡᠮ ᠢ ᠳᠡᠭᠡᠳᠦᠯᠡᠭᠦ᠃

ᠡᠭᠦᠨ ᠳᠤ ᠭᠤᠷᠪᠠᠨ ᠵᠣᠢ᠌ᠯ ᠪᠣᠢ᠄

1᠂ ᠪᠢᠯᠢᠭ᠌

2᠂ ᠡᠷᠳᠡᠮ

3᠂ ᠴᠠᠴᠠᠨ

ᠠᠷᠪᠠ᠂ ᠭᠡᠷ ᠤᠨ ᠭᠢᠯᠭᠢᠶ᠎ᠠ ᠦᠯᠦ ᠡᠪᠳᠡᠷᠭᠦ᠃

ᠡᠭᠦᠨ ᠢ ᠭᠤᠷᠪᠠᠨ ᠬᠠᠷᠢ ᠶᠢ ᠳᠡᠪᠴᠢᠭᠦ ᠭᠡᠭᠦ᠄

1᠂ ᠬᠠᠷᠢ ᠭᠦᠮᠤᠨ ᠲᠡᠶ ᠦᠯᠦ ᠭᠡᠷᠯᠡᠭᠦ

2᠂ ᠬᠠᠷᠢ ᠰᠤᠶᠤᠯ ᠳᠤ ᠦᠯᠦ ᠠᠪᠳᠠᠬᠤ

3᠂ ᠬᠠᠷᠢ ᠱᠠᠰᠢᠨ ᠳᠤ ᠦᠯᠦ ᠣᠷᠤᠬᠤ

ᠠᠷᠪᠠᠨ ᠨᠢᠭᠡ᠂ ᠨᠤᠭᠤᠨ ᠦᠷ᠎ᠡ ᠨᠤᠳᠤᠭ ᠶᠢᠡᠨ ᠬᠠᠷᠠᠬᠤ᠃

ᠡᠭᠦᠨ ᠳᠤ ᠭᠤᠷᠪᠠᠨ ᠠᠭᠤᠯᠬ᠎ᠠ ᠪᠣᠢ᠄

1᠂ ᠭᠠᠯ ᠭᠤᠯᠤᠮᠳᠠ ᠪᠠᠨ ᠪᠠᠳᠠᠷᠠᠭᠠᠬᠤ

2᠂ ᠨᠤᠳᠤᠭ ᠣᠰᠤ ᠪᠠᠨ ᠮᠠᠨᠠᠬᠤ

3᠂ ᠭᠡᠯᠡ ᠰᠤᠶᠤᠯ ᠶᠢᠡᠨ ᠬᠠᠳᠠᠭᠠᠯᠠᠬᠤ

ᠠᠷᠪᠠᠨ ᠬᠤᠶᠠᠷ᠂ ᠥᠭᠦᠯᠡᠭ᠍ᠰᠡᠨ ᠶᠢᠠᠨ ᠦᠯᠦ ᠣᠳᠠᠷᠠᠬᠤ ᠮᠠᠷᠳᠠᠬᠤ᠃

ᠡᠭᠦᠨ ᠳᠤ ᠬᠤᠶᠠᠷ ᠠᠭᠤᠯᠬ᠎ᠠ ᠪᠣᠢ᠄

1᠂ ᠭᠡᠯᠡᠭ᠍ᠰᠡᠨ ᠳᠡᠭᠡᠨ ᠭᠦᠷᠭᠦ

2᠂ ᠠᠠᠳᠠᠭᠠᠢ ᠳᠠᠩᠭ᠋ᠠᠷᠢᠭ ᠶᠢᠡᠨ ᠰᠠᠭᠢᠬᠤ

ᠠᠷᠪᠠᠨ ᠭᠤᠷᠪᠠ᠂ ᠥᠩᠭᠡ ᠳᠠᠷᠠᠰᠤ ᠶᠢ ᠦᠯᠦ ᠭᠡᠳᠦᠷᠡᠭᠦᠯᠭᠦ᠃

ᠡᠭᠦᠨ ᠢ ᠬᠤᠶᠠᠷ ᠰᠢᠨᠤᠯ ᠶᠢ ᠳᠡᠪᠴᠢᠭᠦ ᠭᠡᠭᠦ᠄

1᠂ ᠰᠠᠳᠤᠷ ᠰᠠᠮᠠᠭᠤᠨ ᠢ ᠣᠭᠤᠷᠠᠬᠤ

2᠂ ᠠᠷᠢᠭᠢ ᠳᠠᠷᠠᠰᠤ ᠶᠢ ᠦᠯᠦ ᠭᠡᠳᠦᠷᠡᠭᠦᠯᠭᠦ


ᠵᠤᠬᠢᠶᠠᠭᠴᠢ ᠶᠢᠨ ᠬᠠᠶ‍ᠢᠭ ᠄ ᠠᠯᠠᠱᠠ ᠷᠠᠳᠢᠤ᠋ ᠬᠤᠷᠢᠶ᠎ᠠ


ᠵᠤᠬᠢᠶᠠᠭᠴᠢ᠄ ᠸᠠᠩᠴᠢᠨ ᠰᠡᠴᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 3295
ᠴᠠᠭ᠄ 2011 ᠤᠨ ᠤ 10 ᠰᠠᠷ᠎ᠠ ᠶᠢᠨ 03
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃
814782542@qq.com ᠬᠠᠰᠣᠵᠤ ᠬᠠᠶᠠ  ᠡ
2016-07-09

ᠪᠠᠢ᠌ᠷᠢ᠄ ᠮᠤᠩᠭ᠋ᠤᠯ ᠬᠡᠪ ᠵᠠᠩ ᠤᠢ᠌ᠯᠠ - ᠮᠦᠩᠬᠡ ᠲᠡᠭᠷᠢ ᠶᠢᠨ ᠠᠷᠪᠠᠨ ᠭᠤᠷᠪᠠᠨ ᠴᠠᠭᠠᠵᠠ