ᠥᠭᠡᠯᠡᠳ ᠮᠤᠩᠭ᠋ᠤᠯ ᠤᠨ ᠰᠤᠷᠭᠠᠨ ᠭᠦᠮᠦᠵᠢᠯ ᠳᠤ ᠵᠢᠦᠡᠭᠦᠭ᠍ᠰᠡᠨ ᠮᠢᠨᠤ ᠨᠢᠭᠡᠨ ᠨᠠᠰᠤ

                        

     1934 ᠣᠨ ᠤ 10 ᠰᠠᠷ᠎ᠠ ᠶᠢᠨ 10 ᠊ᠤ ᠡᠳᠦᠷ᠂ ᠳᠡᠯᠳᠡᠭᠡᠷ ᠭᠠᠯᠵᠤᠳ ᠣᠪᠣᠭ ᠤᠨ ᠠᠶᠤᠰᠢ ᠶᠢᠨ ᠸᠠᠱᠢᠯᠢ᠂ ᠪᠣᠬᠠᠢ ᠬᠤᠸᠠᠰᠠᠢ ᠣᠪᠣᠭ ᠤᠨ ᠰᠸᠷᠠᠮᠫᠠᠯ ᠵᠠᠮᠰᠦ᠋ᠷᠤᠩ ᠤᠨ ᠮᠡᠳᠡᠭ᠍ᠮ᠎ᠡ ᠶᠢᠨ ᠬᠤᠶᠠᠳᠤᠭᠠᠷ ᠦᠬᠢᠨ ᠪᠣᠯᠤᠨ ᠵᠠᠶᠠᠭᠠᠪᠠ᠃ ᠨᠢᠯᠬ᠎ᠠ ᠪᠠᠭ᠎ᠠ ᠨᠠᠰᠤᠨ ᠳᠠᠭᠠᠨ ᠠᠪᠣ ᠡᠵᠢ ᠶᠢᠨ ᠠᠰᠠᠷᠠᠮᠵᠢ ᠪᠠᠷ ᠦᠰᠦᠨ ᠪᠣᠢ᠌ᠵᠢᠵᠤ ᠭᠡᠷ ᠤᠨ ᠪᠠᠭ᠎ᠠ ᠰᠠᠭ᠎ᠠ ᠠᠵᠢᠯ ᠢ ᠭᠢᠵᠤ ᠰᠤᠷᠴᠤ ᠪᠠᠢ᠌ᠪᠠ᠃

     1947 ᠣᠨ ᠤ 3 ᠰᠠᠷ᠎ᠠ ᠡᠴᠠ ᠰᠤᠶᠤᠯ ᠤᠨ ᠮᠦᠷ ᠢ ᠭᠦᠭᠡᠭᠡᠭᠦ ᠡᠭᠢᠯᠡᠯᠳᠡ ᠪᠠᠨ ᠢᠮᠢᠨ ᠭᠤᠤᠯ ᠤᠨ ᠵᠡᠭᠦᠡᠳᠡᠭᠢ ᠢᠮᠢᠨ ᠪᠠᠭ᠎ᠠ ᠰᠤᠷᠭᠠᠭᠤᠯᠢ ᠳᠤ ᠡᠭᠢᠯᠡᠭᠡᠳ᠂ 1955 ᠣᠨ ᠤ 7 ᠰᠠᠷ᠎ᠠ ᠳᠤ ᠬᠠᠢ᠌ᠯᠠᠷ ᠳᠠᠭᠢ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠪᠠᠭᠰᠢ ᠶᠢᠨ ᠠᠩᠭᠢ ᠶᠢᠨ ᠭᠤᠷᠪᠠᠨ ᠵᠢᠯ ᠤᠨ ᠰᠤᠷᠤᠯᠭ᠎ᠠ ᠶᠢ ᠳᠡᠭᠦᠰᠪᠡ᠃

     ᠪᠢ 8 ᠵᠢᠯ ᠰᠤᠶᠤᠯ ᠤᠨ ᠮᠦᠷ ᠭᠦᠭᠡᠭᠡᠵᠤ᠂ 1955 ᠣᠨ ᠤ 8 ᠰᠠᠷ᠎ᠠ ᠶᠢᠨ 1 ᠊ᠤ ᠡᠳᠦᠷ ᠡᠴᠠ 1976 ᠣᠨ ᠤ 9 ᠰᠠᠷ᠎ᠠ ᠭᠦᠷᠳᠡᠯ᠎ᠡ ᠢᠮᠢᠨ ᠰᠤᠮᠤᠨ ᠤ ᠲᠦᠪ ᠰᠤᠷᠭᠠᠭᠤᠯᠢ ᠳᠤ 21 ᠵᠢᠯ ᠪᠠᠭᠰᠢᠯᠠᠵᠤ᠂ ᠬᠤᠢ ᠰᠤᠮᠤ ᠶᠢᠨ ᠡᠮᠨᠡᠯᠭᠡ ᠳᠤ 1976 ᠣᠨ ᠡᠴᠠ 4 ᠵᠢᠯ ᠪᠠᠭᠰᠢᠯᠠᠵᠤ᠂ 1985 ᠣᠨ ᠡᠴᠠ ᠧᠡᠩᠭᠢ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠭᠠᠵᠠᠷ ᠲᠤ 5 ᠵᠢᠯ ᠠᠵᠢᠯᠯᠠᠪᠠ᠃

     ᠢᠮᠢᠨ ᠲᠦᠪ ᠰᠤᠷᠭᠠᠭᠤᠯᠢ ᠳᠤ ᠠᠵᠢᠯᠯᠠᠭᠰᠠᠨ 21 ᠵᠢᠯ ᠤᠨ ᠬᠤᠭᠤᠴᠠᠭ᠎ᠠ ᠳᠤ ᠴᠢᠷᠮᠠᠢ᠌ᠨ ᠠᠵᠢᠯᠯᠠᠵᠤ᠂ 1961 ᠣᠨ ᠳᠤ ᠳᠤᠮᠳᠠᠳᠤ ᠣᠯᠤᠰ ᠤᠨ ᠡᠪ ᠬᠠᠮᠳᠤ ᠨᠠᠮ ᠳᠤ ᠡᠯᠰᠡᠭ᠍ᠳᠡᠨ ᠣᠷᠤᠪᠠ᠃

     1961 ᠣᠨ ᠡᠴᠠ 1970 ᠣᠨ ᠭᠦᠷᠳᠡᠯ᠎ᠡ ᠭᠢᠴᠢᠶᠠᠯ ᠭᠦᠮᠦᠵᠢᠯ ᠤᠨ ᠡᠷᠭᠢᠯᠡᠭ᠍ᠴᠢ ᠶᠢᠨ ᠠᠵᠢᠯ ᠢ ᠬᠠᠷᠢᠭᠤᠴᠠᠨ ᠵᠢᠭᠠᠨ ᠰᠤᠷᠭᠠᠬᠤ ᠶᠢ ᠴᠢᠩᠭ᠎ᠠ ᠠᠳᠬᠤᠵᠤ᠂ ᠭᠡᠯᠡ ᠳᠤᠭᠠᠨ ᠤ ᠰᠤᠳᠤᠯᠬᠤ ᠳᠤᠭᠣᠢ᠌ᠯᠠᠩ ᠢ ᠪᠠᠢ᠌ᠭᠤᠯᠤᠨ᠂ ᠪᠠᠭᠰᠢ ᠨᠡᠷ ᠤᠨ ᠭᠢᠴᠢᠶᠠᠯ ᠢ ᠰᠤᠨᠤᠰᠬᠤ ᠪᠦᠭᠡᠳ ᠭᠢᠴᠢᠶᠠᠯ ᠰᠤᠨᠤᠰᠬᠤ ᠳᠤᠭ᠎ᠠ ᠶᠢ ᠳᠤᠭᠳᠠᠭᠠᠤᠨ᠂ ᠰᠤᠷᠭᠠᠭᠤᠯᠢ ᠶᠢᠨ ᠳᠠᠷᠤᠭ᠎ᠠ ᠨᠢᠭᠡ ᠭᠠᠷᠠᠭ ᠲᠤ 2 ᠊᠊᠊᠊᠊᠊᠊᠊᠊᠊᠊᠊᠊᠊᠊ 3 ᠣᠳᠠᠭ᠎ᠠ᠂ ᠭᠢᠴᠢᠶᠠᠯ ᠤᠨ ᠡᠷᠭᠢᠯᠡᠭ᠍ᠴᠢ 3 ᠊᠊᠊᠊᠊᠊᠊᠊᠊᠊᠊᠊᠊᠊᠊ 5 ᠣᠳᠠᠭ᠎ᠠ᠂ ᠶᠠᠷᠤ ᠶᠢᠨ ᠪᠠᠭᠰᠢ 1 ᠊᠊᠊᠊᠊᠊᠊᠊᠊᠊᠊᠊᠊᠊᠊ 2 ᠣᠳᠠᠭ᠎ᠠ ᠬᠠᠷᠢᠯᠴᠠᠨ ᠭᠢᠴᠢᠶᠠᠯ ᠰᠤᠨᠤᠰᠴᠤ ᠵᠢᠭᠠᠬᠤ ᠶᠢ ᠰᠤᠳᠤᠯᠬᠤ ᠳᠤᠭᠣᠢ᠌ᠯᠠᠩ ᠶᠢᠡᠷ ᠶᠢᠡᠨ ᠶᠠᠷᠢᠯᠴᠠᠵᠤ᠂ ᠳᠤᠷᠰᠢᠯᠳᠠ ᠪᠠᠨ ᠰᠤᠯᠢᠯᠴᠠᠨ ᠵᠢᠭᠠᠬᠤ ᠠᠷᠭ᠎ᠠ ᠮᠠ‍‌ᠶᠢᠭ ᠶᠢᠠᠨ ᠳᠡᠭᠡᠭ᠍ᠰᠢᠯᠡᠭᠦᠯᠳᠡᠭ᠌ ᠪᠦᠭᠡᠳ ᠰᠤᠷᠤᠯᠭ᠎ᠠ ᠶᠢᠨ ᠨᠢᠭᠡ ᠬᠤᠭᠤᠴᠠᠭ᠎ᠠ ᠳᠤ ᠨᠡᠭᠡᠭᠡᠯᠳᠡ ᠶᠢᠨ ᠭᠢᠴᠢᠶᠠᠯ ᠢ 2 ᠊᠊᠊᠊᠊᠊᠊᠊᠊᠊᠊᠊᠊᠊᠊ 3 ᠣᠳᠠᠭ᠎ᠠ᠂ ᠳᠤᠷᠰᠢᠯᠳᠠ ᠶᠢᠨ ᠭᠢᠴᠢᠶᠠᠯ 2 ᠊᠊᠊᠊᠊᠊᠊᠊᠊᠊᠊᠊᠊᠊᠊ 3 ᠣᠳᠠᠭ᠎ᠠ ᠪᠠᠷ ᠳᠤᠭᠳᠠᠭᠠᠵᠤ᠂ ᠭᠢᠴᠢᠶᠠᠯ ᠤᠨ ᠪᠡᠯᠡᠳᠭᠡᠯ᠂ ᠲᠦᠰᠤᠪ ᠲᠦᠯᠦᠪᠯᠡᠭᠡ᠂ ᠭᠢᠴᠢᠶᠠᠯ ᠤᠨ ᠠᠭᠢᠴᠠ ᠶᠢ ᠪᠠᠢ᠌ᠴᠠᠭᠠᠬᠤ ᠪᠠᠭᠰᠢ ᠨᠡᠷ ᠤᠨ ᠵᠢᠭᠠᠨ ᠰᠤᠷᠭᠠᠬᠤ ᠠᠷᠭ᠎ᠠ ᠴᠢᠳᠠᠪᠣᠷᠢ ᠶᠢ ᠳᠡᠭᠡᠭ᠍ᠰᠢᠯᠡᠭᠦᠯᠭᠦ ᠳᠠᠯ᠎ᠠ ᠶᠢ ᠴᠢᠩᠭ᠎ᠠ ᠠᠳᠬᠤᠭᠰᠠᠨ ᠳᠤᠯᠠ ᠰᠤᠷᠤᠭᠴᠢᠳ ᠲᠤ ᠰᠠᠭᠤᠷᠢ ᠮᠡᠳᠡᠯᠭᠡ ᠡᠵᠡᠮᠰᠢᠭᠦᠯᠭᠦ ᠨᠢ ᠰᠠᠢ᠌ᠵᠢᠷᠠᠵᠤ᠂ ᠰᠤᠷᠤᠭᠴᠢᠳ ᠤᠨ ᠭᠢᠷᠢ ᠪᠦᠳᠦᠮᠵᠢ ᠳᠤᠪᠣᠢ᠌ᠮ᠎ᠠ ᠠᠮᠵᠢᠯᠳᠠ ᠣᠯᠵᠤ᠂ 1963 ᠣᠨ ᠤ ᠪᠦᠭᠦ ᠬᠤᠰᠢᠭᠤᠨ ᠤ ᠳᠡᠷᠢᠭᠦᠨ ᠤ ᠰᠤᠷᠭᠠᠭᠤᠯᠢ ᠪᠠᠷ ᠥᠨᠡᠯᠡᠭ᠍ᠳᠡᠵᠤ᠂ ᠢᠮᠢᠨ ᠰᠤᠷᠭᠠᠭᠤᠯᠢ ᠶᠢᠨ ᠵᠢᠭᠠᠨ ᠰᠤᠷᠭᠠᠬᠤ ᠠᠵᠢᠯ ᠪᠠ ᠪᠦᠭᠦ ᠳᠠᠯ᠎ᠠ ᠶᠢᠨ ᠠᠵᠢᠯ ᠤᠨ ᠪᠦᠳᠦᠮᠵᠢ ᠨᠢ ᠰᠠᠢ᠌ᠨ ᠪᠠᠢ᠌ᠷᠢᠯᠠᠭᠤᠯᠤᠯᠳᠠ ᠪᠠᠷ ᠴᠢᠩᠭ᠎ᠠ᠂ ᠰᠤᠷᠤᠭᠴᠢᠳ ᠤᠨ ᠶᠤᠰᠤ ᠮᠤᠷᠠᠯ᠂ ᠰᠠᠭᠢᠯᠭ᠎ᠠ ᠪᠠᠳᠤ ᠰᠠᠢ᠌ᠨ᠂ ᠠᠵᠢᠯᠴᠢ ᠠᠷᠪᠢᠴᠢ ᠪᠠᠷ ᠰᠤᠷᠭᠠᠭᠤᠯᠢ ᠪᠠᠨ ᠡᠷᠭᠢᠯᠡᠭ᠍ᠰᠡᠨ ᠨᠢ ᠰᠠᠢ᠌ᠨ ᠭᠡᠵᠤ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠡᠴᠠ ᠦᠨᠳᠦᠷ ᠭᠡᠮᠵᠢᠶ᠎ᠡ ᠪᠠᠷ ᠥᠨᠡᠯᠡᠭ᠍ᠰᠡᠨ ᠶᠤᠮ᠃ ᠶᠠᠷᠤ ᠳᠡᠭᠡᠨ ᠢᠮᠢᠨ ᠰᠤᠷᠭᠠᠭᠤᠯᠢ ᠪᠦᠭᠦ ᠬᠤᠰᠢᠭᠤᠨ ᠤ ᠰᠤᠷᠭᠠᠭᠤᠯᠢ ᠶᠢᠨ ᠳᠤᠮᠳᠠ ᠭᠡᠯᠡ ᠪᠢᠴᠢᠭ᠌ ᠤᠨ ᠭᠢᠷᠢ ᠭᠡᠮᠵᠢᠶ᠎ᠡ ᠪᠠᠷ ᠳᠡᠷᠢᠭᠦᠨ ᠤ ᠭᠤᠷᠪᠠᠨ ᠨᠠᠷ᠎ᠠ ᠳᠤ ᠣᠷᠤᠳᠠᠭ ᠪᠠᠢ᠌ᠪᠠ᠃

     1960 ᠣᠨ ᠡᠴᠠ ᠦᠳᠭᠡᠨ᠂ ᠢᠮᠢᠨ᠂ ᠶᠦᠩ ᠹᠧᠩ᠂ ᠬᠤᠩᠭ᠋ᠤᠯᠵᠢ᠂ ᠪᠢᠯᠡᠭᠦᠳᠤ᠂ ᠠᠭᠣᠢ᠌ᠳᠤ᠂ ᠪᠠᠶᠠᠠᠳᠠᠯ᠎ᠠ ᠳᠤ ᠴᠦᠮ ᠰᠠᠯᠪᠣᠷᠢ ᠰᠤᠷᠭᠠᠭᠤᠯᠢ ᠲᠡᠶ ᠪᠣᠯᠵᠤ᠂ ᠢᠮᠢᠨ ᠲᠦᠪ ᠰᠤᠷᠭᠠᠭᠤᠯᠢ ᠡᠴᠠ ᠰᠢᠭᠤᠳ ᠬᠠᠮᠢᠶᠠᠷᠤᠨ ᠣᠳᠤᠷᠢᠤᠠᠴᠤ ᠪᠠᠢ᠌ᠭᠰᠠᠨ ᠪᠦᠭᠡᠳ ᠰᠤᠷᠬᠤ ᠨᠠᠰᠤᠨ ᠤ ᠬᠡᠦᠬᠡᠳ ᠤᠨ 95% ᠡᠴᠡ ᠳᠡᠭᠡᠭ᠍ᠰᠢᠭᠢ ᠨᠢ ᠰᠤᠷᠭᠠᠭᠤᠯᠢ ᠳᠤ ᠣᠷᠤᠵᠤ ᠰᠤᠷᠤᠯᠴᠠᠵᠤ ᠪᠠᠢ᠌ᠪᠠ᠃ ᠰᠠᠯᠪᠣᠷᠢ ᠰᠤᠷᠭᠠᠭᠤᠯᠢ ᠨᠢ ᠲᠦᠪ ᠰᠤᠷᠭᠠᠭᠤᠯᠢ ᠶᠢᠨ ᠣᠳᠤᠷᠢᠳᠤᠯᠭ᠎ᠠ ᠶᠢ ᠭᠦᠯᠢᠶᠡᠵᠤ᠂ ᠰᠤᠷᠭᠠᠭᠤᠯᠢ ᠡᠭᠢᠯᠡᠭᠦ ᠳᠤ ᠪᠦᠭᠦ ᠪᠠᠭᠰᠢ ᠨᠡᠷ ᠤᠨ ᠬᠤᠷᠠᠯ ᠢ ᠬᠤᠷᠠᠯᠳᠤᠭᠤᠯᠵᠤ᠂ ᠰᠤᠷᠭᠠᠭᠤᠯᠢ ᠶᠢᠨ ᠲᠦᠰᠤᠪ ᠪᠠ ᠬᠠᠷᠠᠯᠳᠠ ᠪᠠᠨ ᠳᠤᠭᠳᠠᠭᠠᠵᠤ ᠡᠭᠦᠷᠭᠡ ᠪᠠᠨ ᠳᠠᠭᠠᠭᠠᠯᠭᠠᠳᠠᠭ᠃ ᠬᠤᠭᠤᠴᠠᠭᠠᠨ ᠰᠡᠭᠦᠯ ᠳᠤ ᠨᠢᠭᠡ ᠬᠤᠭᠤᠴᠠᠭ᠎ᠠ ᠶᠢᠨ ᠠᠵᠢᠯ ᠶᠢᠡᠨ ᠳ᠋ᠦ᠋ᠩᠨᠠᠵᠤ᠂ ᠠᠳᠠᠯᠢᠤᠠᠬᠠᠨ ᠰᠢᠯᠠᠭᠠᠷᠠᠭᠤᠯᠬᠤ ᠠᠵᠢᠯ ᠢ ᠶᠠᠪᠣᠭᠤᠯᠳᠠᠭ᠃ ᠰᠠᠷ᠎ᠠ ᠳᠤ ᠨᠢᠭᠡ ᠣᠳᠠᠭ᠎ᠠ ᠡᠯ᠎ᠡ ᠰᠤᠷᠭᠠᠭᠤᠯᠢ ᠶᠢᠨ ᠳᠠᠷᠤᠭ᠎ᠠ ᠨᠡᠷ ᠲᠡᠶ ᠬᠤᠷᠠᠯ ᠭᠢᠵᠤ ᠠᠵᠢᠯ ᠶᠢᠡᠨ ᠪᠠᠢ᠌ᠴᠠᠭᠠᠨ ᠳᠤᠷᠰᠢᠯᠭ᠎ᠠ ᠰᠤᠷᠭᠠᠮᠵᠢ ᠪᠠᠨ ᠳ᠋ᠦ᠋ᠩᠨᠠᠵᠤ ᠳᠡᠯᠭᠡᠷᠡᠭᠦᠯᠭᠦ ᠠᠵᠢᠯ ᠢ ᠭᠢᠳᠡᠭ᠌ ᠪᠠᠢ᠌ᠪᠠ᠃ ᠲᠦᠪ ᠰᠤᠷᠭᠠᠭᠤᠯᠢ ᠶᠢᠨ ᠳᠠᠷᠤᠭ᠎ᠠ ᠨᠡᠷ ᠮᠤᠷᠢ ᠣᠨᠤᠵᠤ ᠦᠷᠭᠦᠯᠵᠢ ᠰᠠᠯᠪᠣᠷᠢ ᠰᠤᠷᠭᠠᠭᠤᠯᠢ ᠪᠠᠷ ᠭᠦᠡᠵᠡᠭᠡᠢ᠌ᠷᠡᠵᠤ᠂ ᠪᠠᠢ᠌ᠴᠠᠭᠠᠨ ᠰᠤᠳᠤᠯᠵᠤ ᠠᠰᠠᠭᠤᠳᠠᠯ ᠢ ᠰᠢ᠌ᠳᠪᠦᠷᠢᠯᠡᠭᠦ ᠶᠢᠨ ᠬᠠᠮᠳᠤ ᠭᠢᠴᠢᠶᠠᠯ ᠰᠤᠨᠤᠰᠴᠤ ᠵᠢᠭᠠᠨ ᠰᠤᠷᠭᠠᠬᠤ ᠶᠢ ᠠᠳᠬᠤᠵᠤ ᠳᠡᠭᠡᠭ᠍ᠰᠢᠯᠡᠭᠦᠯᠭᠦ ᠠᠵᠢᠯ ᠢ ᠭᠢᠳᠡᠭ᠌᠃

     ᠵᠢᠯ ᠪᠦᠷᠢ ᠶᠢᠨ ᠵᠢᠷᠭᠤᠭᠠᠨ ᠰᠠᠷ᠎ᠠ ᠶᠢᠨ ᠨᠢᠭᠡᠨ ᠤ ᠬᠡᠦᠬᠡᠳ ᠪᠠᠭᠠᠴᠤᠳ ᠤᠨ ᠪᠠᠶᠠᠷ ᠤᠨ ᠡᠳᠦᠷ ᠢ ᠲᠤᠬᠢᠶᠠᠯᠳᠤᠭᠤᠯᠤᠨ ᠳᠠᠮᠢᠷ ᠤᠨ ᠣᠷᠤᠯᠳᠤᠭᠠᠨ ᠰᠤᠶᠤᠯ ᠣᠷᠠᠯᠢᠭ ᠤᠨ ᠭᠦᠳᠡᠯᠭᠡᠭᠡᠨ ᠢ ᠡᠷᠭᠢᠯᠡᠵᠤ᠂ ᠳᠠᠭᠤᠤ ᠰᠢᠯᠦᠭ᠌ ᠤᠨ ᠣᠷᠤᠯᠳᠤᠭᠠᠨ ᠢ ᠶᠠᠪᠣᠭᠳᠠᠭᠤᠯᠬᠤ ᠳᠠᠭᠠᠨ ᠭᠡᠷ ᠤᠨ ᠠᠬᠠᠮᠠᠤᠨ ᠪᠣᠯᠤᠨ ᠪᠣᠰᠤᠳ ᠣᠳᠤᠷᠢᠳᠤᠯᠭ᠎ᠠ ᠶᠢ ᠣᠷᠢᠨ ᠰᠤᠷᠭᠠᠭᠤᠯᠢ ᠶᠢᠨ ᠭᠦᠷᠢᠶᠡᠨ ᠳ᠋ᠠᠭᠢ ᠠᠮᠢᠳᠤᠷᠠᠯ ᠢ ᠪᠠᠶᠠᠯᠢᠭᠵᠢᠭᠤᠯᠤᠨ᠂ ᠰᠤᠷᠤᠭᠴᠢᠳ ᠤᠨ ᠣᠷᠮ᠎ᠠ ᠪᠠᠬ᠎ᠠ ᠶᠢ ᠭᠦᠭ᠍ᠵᠢᠭᠡᠵᠤ᠂ ᠪᠦᠭᠦ ᠳᠠᠯ᠎ᠠ ᠶᠢᠨ ᠴᠢᠳᠠᠪᠣᠷᠢᠳᠠᠨ ᠢ ᠢᠯᠡᠷᠡᠭᠦᠯᠭᠦ ᠶᠢᠨ ᠲᠦᠯᠦᠭᠡ ᠴᠢᠷᠮᠠᠢ᠌ᠨ ᠠᠵᠢᠯᠯᠠᠭᠰᠠᠨ ᠡᠴᠠ ᠬᠤᠰᠢᠭᠤᠨ ᠤ ᠳᠡᠷᠢᠭᠦᠨ ᠤ ᠰᠤᠷᠭᠠᠭᠤᠯᠢ ᠪᠠᠷ ᠰᠤᠩᠭ᠋ᠤᠭᠳᠠᠪᠠ᠃

     ᠠᠵᠢᠯᠴᠢ ᠠᠷᠪᠢᠴᠢ ᠪᠠᠷ ᠰᠤᠷᠭᠠᠭᠤᠯᠢ ᠪᠠᠨ ᠡᠷᠭᠢᠯᠡᠭᠦ ᠳᠠᠯ᠎ᠠ ᠳᠤ ᠰᠤᠷᠭᠠᠭᠤᠯᠢ ᠮᠠᠨᠢ ᠥᠭᠡᠷ᠂ ᠦᠨᠢᠶ᠎ᠡ᠂ ᠠᠳᠤᠭᠤ᠂ ᠶᠡᠭᠡ ᠳᠡᠷᠭᠡ ᠶᠢᠨ ᠮᠤᠷᠢ᠂ ᠪᠣᠷᠳᠤᠭᠠᠨ ᠮᠠᠰᠢᠨ ᠲᠡᠶ᠂ ᠬᠠᠳᠤᠯᠠᠩ ᠤᠨ ᠳᠠᠯᠠᠪᠠᠢ᠂ ᠮᠠᠯ ᠤᠨ ᠰᠠᠭᠤᠷᠢᠨ ᠲᠡᠶ᠂ ᠪᠠᠰᠠ 20 ᠭᠠᠷᠤᠢ ᠮᠤ ᠨᠤᠭᠤᠭᠠᠨ ᠤ ᠭᠠᠵᠠᠷ ᠲᠡᠶ ᠪᠠᠢ᠌ᠪᠠ᠃ 1974 ᠣᠨ ᠳᠤ ᠬᠤᠨᠢᠨ ᠰᠦᠷᠦᠭ᠌ ᠲᠡᠶ ᠪᠣᠯᠪᠠ᠃

     ᠡᠮᠡᠭ᠍ᠳᠡᠢ ᠪᠠᠭᠰᠢ ᠨᠡᠷ ᠰᠤᠷᠭᠠᠭᠤᠯᠢ ᠶᠢᠨ ᠥᠭᠡᠷ ᠶᠢᠡᠨ ᠡᠭᠡᠯᠵᠢᠯᠡᠨ ᠠᠷᠠᠴᠢᠯᠠᠨ ᠳᠡᠵᠢᠭᠡᠭᠦ ᠪᠦᠭᠡᠳ ᠮᠦᠨ ᠡᠭᠡᠯᠵᠢᠯᠡᠨ ᠦᠨᠢᠶ᠎ᠡ ᠪᠠᠨ ᠰᠠᠭᠠᠵᠤ᠂ ᠪᠠᠢ᠌ᠷᠢ ᠶᠢᠨ ᠰᠤᠷᠤᠭᠴᠢᠳ ᠤᠨ ᠴᠠᠢ ᠶᠢᠨ ᠰᠦ᠋ ᠶᠢ ᠬᠠᠩᠭ᠋ᠠᠬᠤ ᠪᠦᠭᠡᠳ ᠪᠠᠭᠰᠢ ᠨᠡᠷ ᠲᠤ ᠭᠢᠮᠳᠠ ᠦᠨ᠎ᠡ ᠪᠠᠷ ᠬᠤᠳᠠᠯᠳᠤᠨ ᠥᠭ᠍ᠳᠡᠭ᠌ ᠪᠠᠢ᠌ᠪᠠ᠃

     ᠡᠷᠡᠭ᠍ᠳᠡᠢ ᠪᠠᠭᠰᠢ ᠨᠡᠷ ᠠᠭᠤᠯᠠᠨ ᠳᠤ ᠭᠠᠷᠴᠤ ᠮᠤᠳᠤ ᠣᠭᠳᠤᠯᠵᠤ ᠲᠦᠯᠠᠰᠢ ᠪᠡᠯᠡᠳᠭᠡᠭᠦ᠂ ᠳᠤᠬᠤᠢ ᠳᠤ ᠮᠤᠳᠤ ᠴᠠᠪᠴᠢᠵᠤ ᠵᠠᠰᠠ ᠭᠢᠵᠤ ᠪᠦᠭᠦ ᠰᠤᠷᠭᠠᠭᠤᠯᠢ ᠶᠢᠨ ᠡᠪᠦᠯ ᠤᠨ ᠲᠦᠯᠠᠰᠢ ᠪᠠᠨ ᠪᠡᠯᠡᠳᠭᠡᠳᠡᠭ᠌ ᠪᠦᠭᠡᠳ ᠬᠠᠳᠤᠯᠠᠩ ᠳᠤ ᠭᠠᠷᠴᠤ ᠪᠣᠷᠳᠤᠭ᠎ᠠ ᠬᠠᠳᠤᠵᠤ ᠮᠠᠯ ᠳᠠᠭᠠᠨ ᠡᠪᠠᠰᠤ ᠪᠣᠷᠳᠤᠭ᠎ᠠ ᠵᠥᠭᠡᠭᠡᠪᠦᠷᠢᠯᠡᠭᠦ ᠠᠵᠢᠯ ᠢ ᠠᠮᠠᠷᠠᠯᠳᠠ ᠶᠢᠨ ᠬᠤᠭᠤᠴᠠᠭ᠎ᠠ ᠳᠤ ᠭᠢᠭᠦ ᠪᠦᠭᠡᠳ ᠴᠢᠬᠤᠯᠠᠳᠠᠢ ᠪᠣᠯ ᠳᠤᠰᠬᠠᠢ ᠴᠠᠭ ᠭᠠᠷᠭᠠᠨ ᠠᠵᠢᠯ ᠶᠢᠡᠨ ᠭᠢᠵᠤ ᠳᠠᠭᠤᠰᠠᠭᠳᠠᠭ᠃ ᠪᠠᠰᠠ ᠰᠤᠷᠭᠠᠭᠤᠯᠢ ᠶᠢᠨ ᠲᠦᠯᠠᠰᠢ ᠪᠠᠨ ᠠᠷᠪᠢᠯᠠᠨ ᠭᠠᠮᠨᠠᠬᠤ ᠶᠢᠨ ᠲᠦᠯᠦᠡᠭᠡ ᠠᠩᠭᠢ ᠶᠢᠨ ᠡᠷᠭᠢᠯᠡᠭ᠍ᠴᠢ ᠪᠠᠭᠰᠢ ᠨᠡᠷ ᠠᠩᠭᠢ ᠶᠢᠨ ᠭᠡᠷ᠂ ᠳᠤᠭᠤᠭᠠᠨ ᠭᠡᠷ ᠲᠤ ᠲᠦᠯᠡᠭᠦ ᠲᠦᠯᠠᠰᠢ ᠶᠢ ᠰᠤᠷᠤᠭᠴᠢᠳ ᠶᠢᠡᠨ ᠳᠠᠭᠠᠭᠤᠯᠤᠨ ᠭᠤᠤᠯ ᠤᠨ ᠳᠤᠬᠤᠢ ᠳᠤ ᠣᠷᠤᠵᠤ ᠪᠣᠷᠭᠠᠰᠤ ᠮᠤᠳᠤ ᠳᠡᠭᠦᠭᠦ ᠪᠦᠭᠡᠳ ᠮᠤᠳᠤᠨ ᠶᠤᠵᠤᠭᠤᠷ ᠢ ᠴᠤᠭᠢᠵᠤ ᠠᠪᠴᠢᠷᠠᠳᠠᠭ᠃

     ᠰᠤᠷᠭᠠᠭᠤᠯᠢ ᠶᠢᠨ 20 ᠭᠠᠷᠤᠢ ᠮᠤ ᠳᠠᠷᠢᠶᠠᠨ ᠳᠠᠯᠠᠪᠠᠢ ᠳᠠᠭᠠᠨ ᠪᠠᠭᠰᠢ ᠰᠤᠷᠤᠭᠴᠢᠳ ᠶᠢᠡᠨ ᠳᠠᠭᠠᠭᠤᠯᠤᠨ᠂ ᠴᠠᠭᠠᠨ ᠨᠤᠭᠤᠭ᠎ᠠ᠂ ᠲᠦᠮᠦᠰᠦ᠂ ᠬᠤᠯᠤᠤᠪᠠᠩ᠂ ᠰᠤᠩᠭᠢᠨ᠎ᠠ ᠵᠡᠷᠭᠡ ᠶᠢᠨ ᠢᠳᠠᠰᠢ ᠶᠢᠨ ᠨᠤᠭᠤᠭ᠎ᠠ᠂ ᠬᠠᠪᠣᠷ ᠳᠠᠷᠢᠵᠤ ᠨᠠᠮᠤᠷ ᠬᠤᠷᠢᠶᠠᠵᠤ ᠪᠠᠢ᠌ᠷᠢ ᠶᠢᠨ ᠰᠤᠷᠤᠭᠴᠢᠳ ᠤᠨ ᠢᠳᠡᠭᠦ ᠨᠤᠭᠤᠭ᠎ᠠ ᠶᠢ ᠬᠠᠩᠭ᠋ᠠᠵᠤ ᠢᠯᠡᠭᠦᠤ ᠶᠢ ᠨᠢ ᠪᠠᠭᠰᠢ ᠨᠡᠷ ᠲᠠᠭᠠᠨ ᠭᠢᠮᠳᠠ ᠦᠨ᠎ᠡ ᠪᠠᠷ ᠬᠤᠳᠠᠯᠳᠤᠵᠤ᠂ ᠣᠷᠤᠯᠭ᠎ᠠ ᠣᠷᠤᠭᠤᠯᠵᠤ ᠪᠠᠢ᠌ᠪᠠ᠃ ᠪᠠᠰᠠ ᠭᠠᠬᠠᠢ ᠳᠡᠵᠢᠭᠡᠵᠤ ᠰᠤᠷᠤᠭᠴᠢᠳ ᠤᠨ ᠢᠳᠠᠰᠢ ᠶᠢᠨ ᠮᠢᠬ᠎ᠠ ᠶᠢ ᠰᠢ᠌ᠤᠠᠪᠣᠷᠢᠯᠠᠵᠤ ᠪᠠᠢ᠌ᠪᠠ᠃

     1974 ᠣᠨ ᠳᠤ ᠰᠤᠷᠭᠠᠭᠤᠯᠢ ᠶᠢᠨ ᠳᠠᠯ᠎ᠠ ᠡᠴᠠ ᠢᠮᠢᠨ ᠰᠤᠮᠤ ᠶᠢᠨ ᠨᠠᠮ ᠤᠨ ᠬᠤᠷᠢᠶ᠎ᠠ ᠳᠤ ᠮᠠᠯᠵᠢᠯ ᠤᠨ ᠳᠠᠯᠠᠪᠠᠢ ᠪᠠᠢ᠌ᠭᠤᠯᠬᠤ ᠳᠤᠬᠠᠢ ᠭᠤᠶᠤᠴᠢᠯᠠᠯ ᠭᠠᠷᠭᠠᠭᠰᠠᠨ ᠳᠤ ᠢᠮᠢᠨ ᠰᠤᠮᠤ ᠶᠢᠨ ᠨᠠᠮ ᠤᠨ ᠬᠤᠷᠢᠶ᠎ᠠ ᠡᠴᠠ ᠵᠦᠪᠰᠢᠶᠠᠷᠠᠨ᠂ ᠡᠯ᠎ᠡ ᠣᠢ᠌ᠯᠠᠳᠪᠣᠷᠢᠯᠠᠯ ᠤᠨ ᠪᠠᠷᠢᠭᠠᠳᠠ ᠶᠢᠨ ᠨᠠᠮ ᠤᠨ ᠡᠭᠦᠷ ᠤᠨ ᠱᠦᠵᠢ ᠪᠣᠯᠤᠨ ᠪᠠᠷᠢᠭᠠᠳᠠ ᠶᠢᠨ ᠳᠠᠷᠤᠭ᠎ᠠ ᠶᠢ ᠰᠤᠷᠭᠠᠭᠤᠯᠢ ᠳᠤ ᠣᠷᠢᠨ ᠠᠪᠴᠢᠷᠠᠵᠤ᠂ ᠰᠤᠷᠭᠠᠭᠤᠯᠢ ᠶᠢᠨ ᠮᠠᠯᠵᠢᠯ ᠤᠨ ᠳᠠᠯᠠᠪᠠᠢ ᠲᠡᠶ ᠪᠣᠯᠬᠤ ᠠᠰᠠᠭᠤᠳᠠᠯ ᠢ ᠰᠤᠳᠤᠯᠤᠨ ᠶᠠᠷᠢᠯᠴᠠᠵᠤ᠂ ᠪᠠᠳᠤᠯᠠᠨ ᠳᠤᠭᠳᠠᠭᠠᠭᠰᠠᠨ ᠶᠤᠮ᠃ ᠢᠩᠭᠢᠭᠡᠳ ᠪᠠᠷᠢᠭᠠᠳᠠ ᠡᠴᠠ 3 ᠊᠊᠊᠊᠊᠊᠊᠊᠊᠊᠊᠊᠊᠊᠊ 5 ᠵᠢᠯ ᠤᠨ ᠬᠤᠭᠤᠴᠠᠭᠠᠨ ᠳᠤ ᠡᠭᠡ ᠬᠤᠨᠢ ᠶᠢ ᠨᠢ ᠪᠣᠴᠠᠭᠠᠬᠤ ᠪᠠᠷ ᠳᠦᠷᠦᠭᠦ ᠨᠠᠰᠤᠨ ᠤ ᠡᠮ᠎ᠡ ᠬᠤᠨᠢ ᠬᠤᠶᠠᠷ ᠵᠠᠭᠤ ᠳᠠᠪᠢᠨ ᠳᠤᠯᠤᠭᠠᠢ᠂ ᠡᠭᠦᠨ ᠳᠤ ᠪᠢᠯᠡᠭᠦᠳᠤ 40 ᠬᠤᠨᠢ᠂ ᠢᠮᠢᠨ 50 ᠬᠤᠨᠢ ᠬᠤᠩᠭ᠋ᠤᠯᠵᠢ 35 ᠬᠤᠨᠢ ᠦᠳᠭᠡᠨ 30 ᠬᠤᠨᠢ ᠠᠭᠣᠢ᠌ᠳᠤ 30 ᠬᠤᠨᠢ 5 ᠢᠮᠠᠭ᠎ᠠ᠂ ᠪᠠᠶᠠᠠᠳᠠᠯ᠎ᠠ 30 ᠬᠤᠨᠢ ᠶᠦᠩ ᠹᠧᠩ 30 ᠬᠤᠨᠢ ᠭᠠᠷᠭᠠᠨ ᠦᠭ‍ᠭᠦᠭ᠍ᠰᠡᠨ ᠪᠦᠭᠡᠳ ᠢᠮᠢᠨ ᠰᠤᠮᠤ ᠶᠢᠨ ᠠᠷᠠᠤᠨ ᠤᠨ ᠵᠠᠰᠠᠭ ᠤᠨ ᠣᠷᠳᠤᠨ ᠤ ᠮᠠᠯᠵᠢᠯ ᠤᠨ ᠳᠠᠯᠠᠪᠠᠢ ᠡᠴᠠ ᠪᠠᠨ ᠬᠤᠶᠠᠷ ᠭᠡᠭᠦᠤ ᠬᠤᠶᠠᠷ ᠮᠤᠷᠢ ᠳᠤᠰᠠᠯᠠᠨ ᠥᠭ᠍ᠪᠡ᠃

     ᠪᠢ 1974 ᠣᠨ ᠤ ᠬᠠᠪᠣᠷ ᠲᠦᠯ ᠳᠤᠰᠬᠤ ᠠᠵᠢᠯ ᠢ ᠬᠠᠷᠢᠭᠤᠴᠠᠨ ᠠᠪᠴᠤ ᠬᠤᠩᠭ᠋ᠤᠷᠵᠠᠪ ᠪᠠᠭᠰᠢ ᠳᠡᠭᠡᠷ᠎ᠡ ᠣᠨ ᠤ ᠰᠤᠷᠤᠭᠴᠢᠳ ᠢ ᠳᠠᠭᠠᠭᠤᠯᠤᠨ ᠪᠠᠶᠠᠠᠳᠠᠯ᠎ᠠ ᠪᠠᠷᠢᠭᠠᠳᠠ ᠶᠢᠨ ᠵᠤᠰᠠᠯᠠᠩ ᠳᠤ ᠲᠦᠯ ᠳᠤᠰᠴᠤ᠂ ᠲᠦᠯ ᠤᠨ ᠪᠣᠢ᠌ᠵᠢᠯᠳᠠ 98% ᠳ᠋ᠤ ᠭᠦᠷᠴᠤ 485 ᠳᠤᠯᠤᠭᠠᠢ ᠬᠤᠨᠢ ᠲᠡᠶ ᠪᠣᠯᠵᠤ᠂ ᠣᠳᠤᠷ ᠲᠤ ᠭᠠᠷᠪᠠ᠃

     1975 ᠣᠨ ᠤ ᠬᠠᠪᠣᠷ ᠨᠢ ᠠᠭᠣᠢ᠌ᠳᠤ ᠪᠠᠷᠢᠭᠠᠳᠠ ᠶᠢᠨ ᠵᠤᠰᠠᠯᠠᠩ ᠳᠤ ᠲᠦᠯ ᠳᠤᠰᠠᠬᠤ ᠳᠠᠭᠠᠨ ᠠᠯᠳᠠ ᠨᠠᠰᠤᠳᠠᠨ ᠳᠡᠭᠡᠷ᠎ᠡ ᠣᠨ ᠤ ᠰᠤᠷᠤᠭᠴᠢᠳ ᠢ ᠳᠠᠭᠠᠭᠤᠯᠤᠨ ᠲᠦᠯ ᠳᠤᠰᠴᠤ᠂ ᠲᠦᠯ ᠤᠨ ᠪᠣᠢ᠌ᠵᠢᠯᠳᠠ 97.5% ᠳᠤ ᠭᠦᠷᠴᠤ᠂ 708 ᠳᠤᠯᠤᠭᠠᠢ ᠬᠤᠨᠢ (ᠣᠳᠤᠷ ᠲᠤ ᠭᠠᠷᠬᠤ ᠦᠶ᠎ᠡ ᠶᠢᠨ ᠳᠤᠭ᠎ᠠ) ᠲᠡᠶ ᠪᠣᠯᠵᠤ ᠣᠳᠤᠷ ᠲᠤ ᠶᠠᠪᠣᠭᠤᠯᠪᠠ᠃ ᠨᠢᠭᠡ ᠮᠤᠩᠭ᠋ᠤᠯ ᠭᠡᠷ ᠲᠡᠶ ᠬᠣᠢ᠌ᠨ ᠬᠠᠰᠢᠶ᠎ᠠ ᠪᠦᠷᠢᠨ ᠪᠣᠯᠪᠠ᠃ ᠣᠳᠤᠷᠯᠠᠨ ᠨᠡᠭᠦᠭᠦ ᠳᠤ ᠰᠤᠷᠭᠠᠭᠤᠯᠢ ᠶᠢᠨ ᠮᠤᠷᠢᠨ ᠳᠡᠷᠭᠡ ᠪᠠᠷ ᠨᠡᠭᠦᠵᠤ ᠶᠠᠪᠣᠳᠠᠭ ᠪᠠᠢ᠌ᠪᠠ᠃

     1966 ᠣᠨ ᠡᠴᠠ 《ᠰᠤᠶᠤᠯ ᠤᠨ ᠶᠡᠭᠡ ᠬᠤᠪᠢᠰᠬᠠᠯ》  ᠊ᠤᠨ ᠰᠢᠭᠤᠷᠭᠠᠨ ᠳᠤ ᠳᠠᠭᠠᠷᠢᠭᠳᠠᠵᠤ᠂ ᠰᠤᠷᠭᠠᠭᠤᠯᠢ ᠶᠢᠨ ᠭᠢᠴᠢᠶᠠᠯ ᠵᠤᠭᠰᠤᠨ᠂ ᠭᠡᠷ ᠪᠠᠢ᠌ᠰᠢᠩ ᠰᠢᠷᠡᠭᠡ ᠰᠠᠠᠳᠠᠯᠢ ᠡᠪᠳᠡᠭ᠍ᠳᠡᠨ ᠰᠤᠷᠭᠠᠭᠤᠯᠢ ᠶᠢᠨ ᠳᠠᠩᠰᠠ ᠡᠪᠭᠡᠮᠡᠯ ᠬᠠᠶᠠᠭᠳᠠᠵᠤ᠂ ᠠᠵᠢᠯ ᠤᠨ ᠠᠮᠵᠢᠯᠳᠠ ᠪᠦᠳᠦᠭᠡᠯ ᠤᠨ ᠭᠡᠷᠡᠴᠢ ᠳᠡᠮᠳᠡᠭ᠌᠂ ᠱᠠᠩᠨᠠᠯ ᠭᠦᠭᠢᠭᠦᠯᠦᠯ ᠤᠨ ᠳᠤᠭ᠂ ᠦᠨᠡᠮᠯᠠᠯ᠂ ᠭᠡᠷᠡᠴᠢ ᠳᠡᠮᠳᠡᠭ᠌ ᠣᠷᠤ ᠮᠦᠷ ᠦᠭᠡᠶ ᠠᠷᠢᠯᠤᠨ᠂ ᠵᠢᠭᠠᠬᠤ ᠪᠠᠭᠠᠵᠢ᠂ ᠡᠯ᠎ᠡ ᠵᠣᠢ᠌ᠯ ᠤᠨ ᠭᠦᠭ᠍ᠵᠢᠮ᠂ ᠳᠠᠮᠢᠷ ᠤᠨ ᠭᠡᠷᠡᠭ᠍ᠰᠡᠯ᠂ ᠬᠤᠪᠴᠠᠰᠤ ᠬᠤᠨᠠᠷ ᠵᠡᠷᠭᠡ ᠶᠢᠨ ᠶᠠᠭᠤᠮ᠎ᠠ ᠰᠣᠢ᠌ᠤᠠᠴᠤ ᠲᠤᠢ᠌ᠯ ᠤᠨ ᠬᠠᠷᠠᠮᠰᠠᠯᠳᠠᠢ ᠪᠠᠢ᠌ᠳᠠᠯ ᠳᠤ ᠣᠷᠤᠭᠰᠠᠨ ᠪᠠᠢ᠌ᠪᠠ᠃ ᠨᠠᠳᠠ 《ᠨᠢᠭᠡᠳᠦᠮᠡᠯ ᠨᠠᠮ》 ᠊ᠤᠨ ᠭᠡᠰᠢᠭᠦᠨ᠂ 《ᠭᠦᠷᠦᠩᠭᠡᠳᠡᠨ ᠤ ᠵᠠᠮ ᠶᠢᠡᠷ ᠵᠠᠮᠨᠠᠭᠰᠠᠨ ᠡᠷᠭᠡ ᠪᠠᠷᠢᠭᠴᠢ》 ᠪᠦᠭᠡᠳ ᠡᠷᠭᠡ ᠪᠠᠷᠢᠭᠴᠢ ᠶᠢᠨ ᠡᠭᠡᠨᠡᠷ ᠭᠡᠰᠡᠨ ᠭᠡᠳᠤᠨ ᠵᠣᠢ᠌ᠯ ᠤᠨ ᠮᠠᠯᠠᠭᠠᠢ ᠡᠮᠦᠰᠭᠡᠨ ᠬᠤᠶᠠᠷ ᠰᠠᠷ᠎ᠠ ᠲᠡᠶ ᠨᠢᠯᠬ᠎ᠠ ᠭᠦᠤ ᠲᠡᠶ ᠮᠢᠨᠢ ᠬᠠᠮᠳᠤ ᠳᠤᠰᠠᠭᠠᠷᠯᠠᠨ ᠳᠠᠷᠤᠩᠭ᠋ᠣᠢ᠌ᠯᠬᠤ ᠭᠠᠵᠠᠷ ᠲᠤ ᠠᠪᠴᠢᠷᠠᠵᠤ ᠬᠤᠷᠢᠭᠠᠤᠨ ᠰᠦᠨᠢ ᠡᠳᠦᠷ ᠦᠭᠡᠶ ᠠᠰᠠᠭᠤᠨ ᠳᠡᠮᠡᠴᠡᠭᠦ ᠪᠦᠭᠡᠳ ᠣᠠᠳᠠᠬᠤ ᠨᠣᠢ᠌ᠷ ᠳᠤᠳᠠᠭᠤ᠂ ᠢᠳᠡᠭᠦ ᠬᠤᠭᠤᠯᠠ ᠦᠭᠡᠶ ᠦᠯᠦᠰᠴᠤ ᠣᠮᠳᠠᠭᠠᠰᠬᠤ ᠳᠤ ᠰᠥ᠋ ᠬᠠᠰᠤᠭᠳᠠᠵᠤ ᠪᠢᠴᠢᠬᠠᠨ ᠭᠦᠤ ᠮᠢᠨᠢ ᠭᠦᠭᠦ ᠶᠢᠨ ᠰᠦ᠋ ᠳᠡᠭᠡᠨ ᠴᠠᠳᠬᠤ ᠦᠭᠡᠶ ᠪᠠᠢ᠌ᠭᠰᠠᠭᠠᠷ ᠳᠠᠪᠤᠨ ᠰᠠᠷ᠎ᠠ ᠲᠡᠶ ᠬᠤᠷᠢᠭᠳᠠᠯ ᠤᠨ ᠭᠠᠵᠠᠷ ᠲᠤ ᠦᠯᠪᠠᠷᠠᠨ ᠭᠡᠭᠡᠭ᠍ᠳᠡᠪᠡ᠃

     1970 ᠣᠨ ᠤ ᠬᠠᠪᠣᠷ᠂ ᠦᠵᠡᠯ ᠰᠠᠨᠠᠭᠠᠨ ᠳᠠᠭᠠᠨ ᠭᠦᠡᠳᠤ ᠳᠠᠷᠤᠭᠠᠰᠤ ᠲᠡᠶ ᠪᠠᠶ᠎ᠠ ᠮᠠᠬᠠᠪᠣᠤᠨ ᠨᠢ ᠡᠪᠡᠳᠴᠢᠨ ᠵᠡᠮᠳᠡᠭ᠌ ᠪᠣᠯᠤᠭᠰᠠᠨ ᠮᠠᠨ ᠤ ᠰᠤᠷᠭᠠᠭᠤᠯᠢ ᠶᠢᠨ ᠪᠠᠭᠰᠢ ᠨᠡᠷ ᠪᠦᠯᠭᠦᠮᠳᠡᠨ ᠨᠢᠭᠳᠠᠷᠠᠵᠤ ᠪᠣᠯᠪᠠᠰᠤᠷᠠᠯ ᠶᠢᠡᠷ ᠳᠠᠮᠵᠢᠨ ᠦᠵᠡᠯ ᠰᠠᠨᠠᠭ᠎ᠠ ᠪᠠᠨ ᠴᠢᠯᠦᠭᠡᠯᠡᠨ᠂ ᠠᠯᠢᠪᠠ ᠭᠦᠴᠢᠷ ᠪᠠᠷᠭᠡᠰᠢᠶᠡᠯ ᠢ ᠳᠠᠰᠪᠣᠷᠢᠯᠠᠨ᠂ ᠶᠠᠩᠵᠤ ᠪᠦᠷᠢ ᠶᠢᠨ ᠪᠦᠳᠦᠮᠵᠢ ᠲᠡᠶ ᠠᠷᠭ᠎ᠠ ᠭᠡᠮᠵᠢᠶ᠎ᠡ ᠶᠢ ᠭᠡᠷᠡᠭᠯᠡᠨ ᠨᠢᠭᠡ ᠳᠠᠯ᠎ᠠ ᠪᠠᠷ ᠭᠦᠳᠡᠯᠮᠦᠷᠢᠯᠡᠵᠤ᠂ ᠣᠠᠳᠠᠷᠠᠬᠤ ᠰᠢᠬᠠᠭᠰᠠᠨ ᠢᠮᠢᠨ ᠰᠤᠷᠭᠠᠭᠤᠯᠢ ᠪᠠᠨ ᠰᠡᠷᠭᠦᠭᠡᠨ ᠪᠠᠢ᠌ᠭᠤᠯᠬᠤ ᠪᠠᠷ ᠳᠡᠮᠡᠴᠡᠵᠡᠭᠡᠪᠡ᠃ ᠡᠨᠡ ᠭᠦ ᠭᠦᠴᠢᠷ ᠪᠠᠷᠭᠡᠰᠢᠶᠡᠯ ᠲᠡᠶ ᠪᠠᠢ᠌ᠳᠠᠯ ᠤᠨ ᠳᠤᠤᠷ᠎ᠠ᠂ ᠪᠢ ᠰᠠᠢ᠌ᠨ ᠳᠤᠷ᠎ᠠ ᠡᠴᠠ ᠪᠠᠨ ᠢᠮᠢᠨ ᠪᠠᠷᠢᠭᠠᠳᠠ ᠶᠢᠨ ᠰᠠᠯᠪᠣᠷᠢ ᠰᠤᠷᠭᠠᠭᠤᠯᠢ ᠶᠢ ᠰᠡᠷᠭᠦᠭᠡᠨ ᠪᠠᠢ᠌ᠭᠤᠯᠬᠤ ᠶᠢᠨ ᠲᠦᠯᠦᠭᠡ ᠣᠷᠳᠤᠨᠠᠰᠤᠨ ᠪᠠᠭᠰᠢ ᠲᠡᠶ ᠬᠤᠶᠠᠭᠤᠯᠠ ᠪᠠᠨ 1970 ᠣᠨ ᠤ 3 ᠰᠠᠷ᠎ᠠ ᠵᠢᠨ 20 ᠊ᠤ ᠡᠳᠦᠷ ᠬᠤᠶᠠᠷ ᠥᠭᠡᠷ ᠳᠡᠷᠭᠡ ᠭᠦᠯᠵᠤ ᠣᠷᠤ ᠳᠡᠪᠢᠰᠭᠡᠷ᠂ ᠠᠶᠠᠭ᠎ᠠ ᠰᠢᠨᠠᠭ᠎ᠠ᠂ ᠳᠤᠭᠤᠭ᠎ᠠ ᠰᠠᠭᠤᠯᠠᠭ᠎ᠠ ᠪᠠᠨ ᠳᠡᠭᠡᠭᠡᠳ ᠶᠡᠭᠡ ᠭᠦᠤ ᠭᠡᠷᠡᠯᠳᠤ᠂ ᠭᠤᠷᠪᠠᠳᠤᠭᠠᠷ ᠭᠦᠤ ᠳᠠᠮᠤᠷ᠎ᠠ ᠪᠠᠨ ᠳᠠᠭᠠᠭᠤᠯᠤᠨ ᠢᠮᠢᠨ ᠭᠤᠤᠯ ᠢ ᠭᠠᠳᠤᠯᠵᠤ᠂ ᠢᠮᠢᠨ ᠰᠠᠯᠪᠣᠷᠢ ᠰᠤᠷᠭᠠᠭᠤᠯᠢ ᠶᠢ ᠬᠠᠷᠢᠭᠤᠴᠠᠨ ᠰᠡᠷᠭᠦᠭᠡᠨ ᠪᠠᠢ᠌ᠭᠤᠯᠵᠤ᠂ 3 ᠠᠩᠭᠢ ᠲᠡᠶ᠂ 53 ᠨᠠᠷᠠᠰ ᠰᠤᠷᠤᠭᠴᠢ ᠲᠡᠶ᠂ 4 ᠪᠠᠭᠰᠢ ᠲᠡᠶ᠂ ᠡᠭᠢᠯᠡᠭᠡᠳ ᠶᠡᠭᠡ ᠮᠤᠩᠭ᠋ᠤᠯ ᠭᠡᠷ ᠲᠤ ᠭᠢᠴᠢᠶᠠᠯᠯᠠᠵᠤ ᠪᠠᠢ᠌ᠪᠠ᠃ 1971 ᠣᠨ ᠤ ᠡᠭᠢ ᠪᠠᠷ ᠭᠤᠮᠪᠣ᠂ ᠴᠢᠮᠡᠭ᠌ ᠬᠤᠶᠠᠷ ᠪᠠᠭᠰᠢ ᠶᠢ ᠠᠪᠴᠢᠷᠠᠵᠤ ᠪᠠᠭᠰᠢᠯᠠᠭᠤᠯᠪᠠ᠃ ᠪᠢ 1973 ᠣᠨ ᠤ ᠵᠤᠨ ᠢᠮᠢᠨ ᠲᠦᠪ ᠰᠤᠷᠭᠠᠭᠤᠯᠢ ᠳᠠᠭᠠᠨ ᠬᠠᠷᠢᠵᠤ ᠢᠷᠡᠭᠡᠳ ᠢᠮᠢᠨ ᠲᠦᠪ ᠰᠤᠷᠭᠠᠭᠤᠯᠢ ᠶᠢᠨ ᠵᠠᠭᠢᠷᠤᠯ ᠶᠢᠡᠷ ᠠᠵᠢᠯᠯᠠᠪᠠ᠃ 1976 ᠣᠨ ᠤ 8 ᠰᠠᠷ᠎ᠠ ᠳᠤ ᠬᠤᠢ ᠰᠤᠮᠤᠨ ᠳᠤ ᠠᠵᠢᠯ ᠰᠢᠯᠵᠢᠨ ᠭᠦᠮᠤᠨ ᠡᠮᠨᠡᠯᠭᠡ ᠶᠢᠨ ᠨᠠᠮ ᠤᠨ ᠡᠭᠦᠷ ᠤᠨ ᠱᠦᠵᠢ ᠪᠠᠷ 1980 ᠣᠨ ᠤ ᠵᠤᠨ ᠪᠣᠯᠳᠠᠯ᠎ᠠ ᠠᠵᠢᠯᠯᠠᠪᠠ᠃ ᠡᠨᠡ ᠭᠦ ᠬᠤᠭᠤᠴᠠᠭᠠᠨ ᠳᠤ ᠬᠤᠢ ᠰᠤᠮᠤᠨ ᠤ ᠡᠮᠨᠡᠯᠭᠡ ᠠᠢ᠌ᠮᠠᠭ ᠤᠨ ᠳᠠᠰ ᠤᠨ ᠳᠡᠷᠢᠭᠦᠨ ᠤ ᠨᠢᠭᠡᠴᠢ ᠪᠠᠷ ᠱᠠᠩᠨᠠᠭᠳᠠᠪᠠ᠃

     1959 ᠣᠨ ᠤ ᠬᠤᠰᠢᠭᠤᠨ ᠤ ᠰᠤᠷᠭᠠᠨ ᠭᠦᠮᠦᠵᠢᠯ ᠤᠨ ᠰᠠᠯᠠᠭ᠎ᠠ ᠡᠴᠠ ᠨᠠᠮᠢ᠋ᠢ ᠵᠢᠱᠢᠶᠠᠴᠢ ᠪᠠᠭᠰᠢ ᠪᠠᠷ ᠱᠠᠩᠨᠠᠪᠠ᠃ 1964 ᠣᠨ ᠳᠤ ᠵᠢᠱᠢᠶᠠᠴᠢ ᠨᠠᠮ ᠤᠨ ᠭᠡᠰᠢᠭᠦᠨ ᠶᠢᠡᠷ ᠢᠮᠢᠨ ᠰᠤᠮᠤ ᠡᠴᠠ ᠱᠠᠩᠨᠠᠭᠳᠠᠠᠵᠤ᠂ ᠮᠦᠨ ᠡᠨᠡ ᠵᠢᠯ ᠳᠡᠭᠡᠨ ᠰᠢᠯᠢᠳᠡᠭ᠌ ᠨᠠᠮ ᠤᠨ ᠭᠡᠰᠢᠭᠦᠨ ᠶᠢᠡᠷ ᠬᠤᠰᠢᠭᠤᠨ ᠳᠤ ᠱᠠᠩᠨᠠᠭᠳᠠᠪᠠ᠃ 1974 ᠣᠨ ᠤ ᠵᠤᠨ ᠠᠵᠢᠯᠴᠢ ᠠᠷᠪᠢᠴᠢ ᠪᠠᠷ ᠰᠤᠷᠭᠠᠭᠤᠯᠢ ᠪᠠᠢ᠌ᠭᠤᠯᠤᠭᠰᠠᠨ ᠵᠢᠱᠢᠶᠠᠴᠢ ᠪᠠᠷ ᠬᠤᠰᠢᠭᠤ ᠡᠴᠠ ᠱᠠᠩᠨᠠᠪᠠ᠃ 1980 ᠣᠨ ᠤ ᠵᠤᠨ ᠧᠡᠩᠭᠢ ᠬᠤᠰᠢᠭᠤᠨ ᠤ ᠨᠠᠠᠲ᠋ᠦ᠋ᠨ ᠳᠤ ᠰᠢᠯᠵᠢᠵᠤ ᠭᠡᠷ᠎ ᠶᠢᠡᠨ ᠨᠡᠭᠦᠯᠭᠡᠨ ᠠᠪᠴᠢᠷᠠᠪᠠ᠃

      1980 ᠣᠨ ᠤ ᠨᠠᠮᠤᠷ ᠨᠠᠠᠲ᠋ᠦ᠋ᠨ ᠳᠤ ᠳᠠᠪᠣᠳᠤᠭᠠᠷ ᠮᠤᠩᠭ᠋ᠤᠯ ᠪᠠᠭ᠎ᠠ ᠰᠤᠷᠭᠠᠭᠤᠯᠢ ᠶᠢ ᠪᠠᠢ᠌ᠭᠤᠯᠵᠤ ᠵᠠᠭᠢᠷᠤᠯ ᠤᠨ ᠳᠤᠰᠢᠶᠠᠯ ᠢ ᠬᠠᠷᠢᠭᠤᠴᠠᠵᠤ ᠪᠠᠢ᠌ᠪᠠ᠃ ᠡᠨᠡ ᠭᠦ ᠰᠤᠷᠭᠠᠭᠤᠯᠢ 4 ᠠᠩᠭᠢ ᠲᠡᠶ ᠬᠤᠶᠠᠷ ᠵᠠᠭᠤ ᠭᠠᠷᠤᠢ ᠰᠤᠷᠤᠭᠴᠢ ᠲᠡᠶ᠂ ᠠᠷᠪᠠ ᠭᠠᠷᠤᠢ ᠪᠠᠭᠰᠢ ᠠᠵᠢᠯᠳᠠᠨ ᠲᠡᠶ ᠪᠠᠢ᠌ᠭᠰᠠᠨ ᠶᠤᠮ᠃ 1983 ᠣᠨ ᠤ ᠨᠠᠮᠤᠷ ᠬᠤᠰᠢᠭᠤᠨ ᠤ ᠵᠠᠰᠠᠭ ᠤᠨ ᠣᠷᠳᠤᠨ ᠤ ᠵᠢᠭᠠᠪᠣᠷᠢ ᠪᠠᠷ ᠨᠠᠠᠲ᠋ᠦ᠋ᠨ ᠤ ᠨᠢᠭᠡᠳᠦᠭᠡᠷ ᠪᠠᠭ᠎ᠠ ᠰᠤᠷᠭᠤᠭᠤᠯᠢ ᠲᠡᠶ ᠨᠠᠢ᠌ᠯᠠᠵᠤ᠂ ᠪᠢ ᠱᠦᠵᠢ ᠶᠢᠨ ᠳᠤᠰᠢᠶᠠᠯ ᠢ ᠬᠠᠷᠢᠭᠤᠴᠠᠵᠤ ᠪᠠᠢ᠌ᠪᠠ᠃

     1985 ᠣᠨ ᠳ᠋ᠤ 25 ᠵᠢᠯ ᠡᠴᠠ ᠳᠡᠭᠡᠭ᠍ᠰᠢ ᠠᠵᠢᠯᠯᠠᠭᠰᠠᠨ ᠢᠷᠠᠭᠤ ᠠᠯᠳᠠᠷ ᠤᠨ ᠴᠤᠯᠠ ᠶᠢ ᠣᠯᠪᠠ᠃

     1985 ᠣᠨ ᠳᠤ ᠧᠡᠩᠭᠢ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠭᠠᠵᠠᠷ ᠲᠤ ᠠᠵᠢᠯ ᠰᠢᠯᠵᠢᠨ ᠵᠢᠭᠠᠨ ᠰᠤᠷᠭᠠᠬᠤ ᠰᠤᠳᠤᠯᠤᠭᠴᠢ ᠪᠠᠷ ᠠᠵᠢᠯᠯᠠᠪᠠ᠃

     1990 ᠣᠨ ᠤ 8 ᠰᠠᠷ᠎ᠠ ᠵᠢᠨ 29 ᠊ᠤ ᠡᠳᠦᠷ᠂ 35 ᠵᠢᠯ ᠪᠠᠭᠰᠢᠯᠠᠭᠠᠤᠨ ᠠᠵᠢᠯ ᠡᠴᠠ ᠪᠠᠨ ᠪᠠᠭᠤᠵᠤ ᠨᠠᠰᠤᠨ ᠤ ᠠᠮᠠᠷᠠᠯᠳᠠ ᠪᠠᠨ ᠠᠪᠣᠪᠠ᠃ ᠪᠢ ᠡᠢ᠌ᠨ ᠭᠦ ᠭᠤᠴᠢᠨ ᠳᠠᠪᠤᠨ ᠵᠢᠯ ᠪᠠᠭᠰᠢᠯᠠᠭᠠᠤᠨ 21 ᠠᠩᠭᠢ᠂ 567 ᠨᠠᠷᠠᠰ ᠰᠤᠷᠤᠭᠴᠢᠳ ᠢ ᠳᠡᠭᠦᠰᠭᠡᠪᠡ᠃ 《ᠤᠷᠢᠳ ᠭᠠᠷᠤᠭᠰᠠᠨ ᠴᠢᠭᠢ ᠡᠴᠠ ᠰᠡᠭᠦᠯ ᠳᠤ ᠣᠷᠭᠤᠭᠰᠠᠨ ᠡᠪᠠᠷ ᠬᠠᠳᠠᠭᠤ》 ᠭᠡᠳᠡᠭ᠍ᠴᠢᠯᠡᠨ ᠮᠢᠨᠤ ᠰᠤᠷᠤᠭᠴᠢᠳ ᠤᠨ ᠳᠤᠮᠳᠠ ᠡᠴᠠ ᠭᠠᠳᠠᠭᠠᠳᠤ ᠣᠯᠤᠰ ᠪᠠ ᠣᠯᠤᠰ ᠳᠤᠳᠤᠷ᠎ᠠ ᠪᠠᠨ ᠰᠤᠷᠤᠯᠴᠠᠵᠤ ᠣᠯᠤᠰ ᠣᠷᠤᠨ᠂ ᠠᠢ᠌ᠮᠠᠭ ᠬᠤᠰᠢᠭᠤ ᠱᠠᠳᠤ ᠪᠠᠷ ᠠᠵᠢᠯᠯᠠᠵᠤ ᠪᠠᠢ᠌ᠬᠤ ᠪᠦᠭᠡᠳ ᠨᠠᠮ ᠵᠠᠰᠠᠭ᠂ ᠣᠯᠤᠰ ᠣᠷᠤᠨ ᠳᠠᠭᠠᠨ ᠠᠯᠳᠠᠷ ᠨᠠᠷ᠎ᠠ ᠪᠠᠨ ᠮᠠᠠᠳᠤᠭᠤᠯᠵᠤ ᠨᠠᠷ᠎ᠠ ᠳᠦᠷᠤ ᠲᠡᠶ ᠭᠦᠮᠦᠰ ᠪᠣᠯᠤᠭᠰᠠᠨ ᠶᠤᠮ᠃ ᠡᠨᠡ ᠪᠣᠯ ᠪᠠᠭᠰᠢ ᠮᠢᠨᠤ ᠣᠮᠤᠭᠰᠢᠯ ᠶᠤᠮ᠃


                 (2008᠂ 6᠂ 14 ᠊ᠨ᠎ᠠ)

ᠵᠤᠬᠢᠶᠠᠭᠴᠢ᠄ ᠭᠠᠯᠵᠤᠳ·ᠨᠠᠩᠰᠠᠯᠮ᠎ᠠ
ᠢᠷᠡᠯᠲᠡ᠄ ᠥᠭᠡᠯᠡᠳ·ᠵᠠᠮᠰᠠ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 1747
ᠴᠠᠭ᠄ 2011 ᠤᠨ ᠤ 02 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁